| | ᠪᠦᠬᠦ ᠪᠠᠯᠭᠠᠰᠤᠨ ᠤ ᠮᠠᠯᠴᠢᠨ ᠲᠠᠷᠢᠶᠠᠴᠢᠳ ᠤᠨ ᠡᠪᠦᠯ ᠤᠨ ᠤᠯᠠᠷᠢᠯ ᠤᠨ ᠲᠤᠯᠠᠭᠠᠯᠠᠬᠤ ᠳᠤ ᠬᠡᠷᠡᠭᠰᠡᠬᠦ ᠨᠡᠬᠦᠷᠡᠰᠤᠨ ᠤ ᠪᠠᠳᠤᠯᠠᠭ᠎ᠠ ᠶᠢᠨ ᠠᠵᠢᠯ ᠢ ᠰᠠᠶᠢᠳᠤᠷ | ᠬᠢᠵᠤ ᠂ ᠦᠷᠬᠡᠨ ᠤᠯᠠᠨ ᠮᠠᠯᠴᠢᠨ ᠲᠠᠷᠢᠶᠠᠴᠢᠨ ᠤ ᠳᠤᠯᠠᠭᠠᠨ ᠡᠪᠤᠯᠵᠢᠬᠦ ᠶᠢ ᠪᠠᠳᠤᠯᠠᠬᠤ ᠶᠢᠨ ᠳᠤᠰᠠᠳᠠ ᠂ 9 ᠰᠠᠷ᠎ᠠ ᠶᠢᠨ 23 ᠤ ᠡᠳᠦᠷ ᠂ ᠳ᠋ᠠ ᠯᠦ ᠪᠠᠯᠭᠠᠰᠤ | ᠰᠡᠳᠭᠢᠯ ᠢ ᠳᠤᠯᠠᠭᠠᠴᠠᠭᠤᠯᠬᠤ ᠠᠩᠬᠠᠨ ᠤ ᠪᠦᠯᠦᠭ ᠨᠡᠬᠦᠷᠡᠰᠦ ᠶᠢ ᠪᠠᠭᠤᠯᠭᠠᠵᠦ ᠡᠮᠬᠢ ᠲᠢᠭᠯᠢᠮ ᠲᠠᠢ ᠵᠤᠬᠢᠶᠠᠨ ᠪᠠᠶᠢᠭᠤᠯᠤᠨ ᠲᠦᠬᠡᠬᠡᠵᠦ ᠂ ᠨᠠᠶᠢᠳᠠ 3800 | ᠭᠠᠷᠤᠢ ᠡᠷᠦᠬᠡ ᠮᠠᠯᠴᠢᠨ ᠲᠠᠷᠢᠶᠠᠴᠢᠨ ᠤᠯᠠᠨ ᠲᠦᠮᠡᠨ ᠳᠤ《ᠳᠤᠯᠠᠭᠠᠨ ᠬᠦᠷᠳᠡᠬᠡᠮᠵᠢ》 ᠶᠢ ᠬᠦᠷᠳᠡᠬᠡᠬᠦ ᠪᠤᠯᠵᠠᠢ ᠃ | | | ᠪᠠᠯᠭᠠᠰᠤ ᠶᠢᠨ ᠤᠳᠤᠷᠢᠳᠤᠯᠭ᠎ᠠ ᠭᠤᠤ ᠰᠢᠶᠠᠩ ᠳ᠋ᠦᠡᠭ ᠂ ᠫᠸᠢ ᠶᠦᠡᠭ《ᠰᠡᠳᠭᠢᠯ ᠢ ᠳᠤᠯᠠᠭᠠᠴᠠᠭᠤᠯᠬᠤ ᠨᠡᠬᠦᠷᠡᠰᠦ》ᠲᠦᠬᠡᠬᠡᠬᠦ ᠠᠬᠤᠢ ᠳᠠᠯᠠᠪᠠᠢ ᠳᠤ ᠂ | ᠦᠨᠳᠦᠷ ᠦᠷ᠎ᠡ ᠪᠦᠳᠦᠮᠵᠢᠳᠡᠢ ᠪᠦᠬᠡᠳ ᠡᠮᠬᠢ ᠲᠢᠭᠯᠢᠮ ᠲᠠᠢ ᠪᠠᠷ《ᠰᠡᠳᠭᠢᠯ ᠢ ᠳᠤᠯᠠᠭᠠᠴᠠᠭᠤᠯᠬᠤ ᠨᠡᠬᠦᠷᠡᠰᠦ》 ᠶᠢ ᠲᠦᠬᠡᠬᠡᠬᠦ ᠠᠵᠢᠯ ᠤᠨ ᠲᠤᠬᠠᠢ | ᠪᠠᠶᠢᠷᠢᠯᠠᠭᠤᠯᠤᠯᠳᠠ ᠳᠤᠬᠢᠷᠠᠭᠤᠯᠤᠯᠳᠠ ᠬᠢᠵᠦ ᠪᠠᠶᠢᠯ᠎ᠠ ᠃ | | | 《ᠰᠡᠳᠭᠢᠯ ᠢ ᠳᠤᠯᠠᠭᠠᠴᠠᠭᠤᠯᠬᠤ ᠨᠡᠬᠦᠷᠡᠰᠦ》 ᠶᠢ ᠲᠦᠬᠡᠬᠡᠬᠦ ᠠᠬᠤᠢ ᠳᠠᠯᠠᠪᠠᠢ ᠳᠤ ᠮᠠᠰᠢ ᠶᠠᠭᠠᠷᠡᠯᠳᠡᠢ ᠪᠠᠶᠢᠳᠠᠯ ᠢᠯᠡᠷᠡᠵᠦ ᠂ ᠬᠦᠨᠳᠤ ᠶᠢ ᠬᠡᠮᠵᠢᠬᠦ ᠂ ᠨᠡᠬᠦᠷᠡᠰᠦ | ᠪᠠᠭᠤᠯᠭᠠᠬᠤ ᠂ ᠳᠡᠷᠬᠡᠨ ᠳᠤ ᠰᠠᠪᠠᠯᠠᠬᠤ ᠪᠦᠬᠦ ᠶᠠᠪᠤᠴᠠ ᠪᠠᠴᠢᠮ ᠶᠠᠭᠠᠷᠠᠤᠬᠠᠨ ᠂ ᠡᠮᠬᠢ ᠲᠢᠭᠯᠢᠮ ᠲᠠᠢ ᠶᠠᠪᠤᠬᠳᠠᠨ᠎ᠠ ᠃ ᠰᠠᠪᠠᠯᠠᠵᠤ ᠠᠴᠢᠶᠠᠯᠠᠬᠤ ᠮᠠᠰᠢᠨ ᠨᠡᠬᠦᠷᠡᠰᠦ | ᠲᠡᠭᠡᠭᠡᠪᠦᠷᠢᠯᠡᠭᠰᠡᠨ ᠳᠡᠷᠬᠡᠨ ᠠᠴᠠ ᠴᠢᠨᠠᠷ ᠰᠠᠶᠢᠳᠡᠢ ᠨᠡᠷᠢᠯᠢᠬᠵᠢᠭᠤᠯᠤᠬᠰᠠᠨ ᠨᠡᠬᠦᠷᠡᠰᠤ ᠶᠢ ᠲᠤᠰᠬᠤᠨ ᠤ ᠠᠷᠠᠳ ᠤᠨ ᠳᠦᠷᠪᠡᠨ ᠬᠦᠷᠳᠦᠳᠦ ᠳᠡᠷᠬᠡᠨ ᠳᠤ | ᠪᠠᠭᠤᠯᠭᠠᠨ᠎ᠠ ᠃ ᠰᠡᠳᠭᠢᠯ ᠢ ᠳᠤᠯᠠᠭᠠᠴᠠᠭᠤᠯᠬᠤ ᠦᠬᠡᠳᠡᠩ ᠬᠠᠷ᠎ᠡ ᠨᠡᠬᠦᠷᠡᠰᠤ ᠶᠢ ᠬᠠᠷᠠᠭᠠᠳ ᠲᠤᠰᠬᠤᠨ ᠤ ᠠᠷᠡᠳ ᠪᠠᠶᠠᠰᠴᠤ ᠂《ᠡᠨᠡ ᠪᠤᠯ ᠵᠠᠰᠠᠭ ᠤᠨ ᠤᠷᠳᠤᠨ | ᠠᠴᠠ ᠮᠠᠨ ᠳᠤ ᠬᠦᠷᠳᠡᠬᠡᠭᠰᠡᠨ ᠰᠡᠳᠭᠢᠯ ᠢ ᠳᠤᠯᠠᠭᠠᠴᠠᠭᠤᠯᠤᠬᠰᠠᠨ ᠨᠡᠬᠦᠷᠡᠰᠦ ᠪᠤᠯᠬᠤ ᠮᠦᠷᠳᠡᠬᠡᠨ ᠰᠠᠶᠢᠨ ᠨᠡᠬᠦᠷᠡᠰᠦ ᠪᠤᠯᠤᠨ᠎ᠠ 》ᠬᠡᠵᠤ ᠰᠡᠳᠬᠢᠯ ᠳᠤᠬᠳᠤᠯᠤᠨ | ᠶᠠᠷᠢᠨ᠎ᠡ ᠃ | | | ᠡᠪᠤᠯ ᠤᠨ ᠤᠯᠠᠷᠢᠯ ᠤᠨ ᠰᠠᠭᠤᠭᠠᠯᠢ ᠠᠷᠠᠳ ᠤᠨ ᠲᠤᠯᠠᠭᠠᠯᠠᠬᠤ ᠳᠤ ᠬᠡᠷᠡᠭᠰᠡᠬᠦ ᠨᠡᠬᠦᠷᠡᠰᠦ ᠪᠤᠯ ᠦᠢ ᠳᠦᠮᠡᠨ ᠠᠶᠢᠯ ᠡᠷᠦᠬᠡ ᠲᠠᠢ ᠬᠤᠯᠪᠤᠬᠳᠠᠵᠦ ᠂ ᠠᠷᠠᠳ | ᠢᠷᠬᠡᠳ ᠤᠨ ᠪᠤᠶᠡᠨ ᠬᠡᠰᠢᠭ ᠲᠠᠢ ᠬᠤᠯᠪᠤᠬᠳᠠᠬᠰᠠᠨ ᠠᠷᠠᠳ ᠤᠨ ᠠᠮᠢᠳᠤᠷᠡᠯ ᠤᠨ ᠲᠤᠮᠤ ᠴᠢᠬᠤᠯᠠ ᠠᠰᠠᠭᠤᠳᠠᠯ ᠪᠤᠯᠤᠨ᠎ᠠ ᠃ ᠮᠠᠯᠴᠢᠨ ᠲᠠᠷᠢᠶᠠᠴᠢᠳ ᠤᠨ ᠡᠪᠤᠯ ᠤᠨ | ᠤᠯᠠᠷᠢᠯ ᠤᠨ ᠳᠤᠯᠠᠭᠠᠯᠠᠬᠤ ᠳᠤ ᠬᠡᠷᠡᠭᠰᠡᠬᠦ ᠨᠡᠬᠦᠷᠡᠰᠤ ᠶᠢ ᠪᠠᠳᠤᠯᠠᠬᠤ ᠠᠵᠢᠯ ᠤᠨ ᠳᠤᠬᠠᠢ ᠳᠡᠬᠡᠷ᠎ᠡ ᠱᠠᠳᠤᠨ ᠤ ᠬᠤᠯᠪᠤᠬᠳᠠᠯ ᠪᠦᠬᠦᠢ ᠪᠠᠶᠢᠷᠢᠯᠠᠭᠤᠯᠤᠯᠳᠠ ᠶᠢᠨ | ᠱᠠᠭᠠᠷᠳᠠᠯᠭ᠎ᠠ ᠶᠢ ᠢᠳᠡᠪᠬᠢᠳᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠪᠠᠷ ᠂ ᠳ᠋ᠠ ᠯᠦ ᠪᠠᠯᠭᠠᠰᠤ ᠶᠢᠨ ᠨᠠᠮ ᠤᠨ ᠬᠤᠷᠢᠶ᠎ᠡ ᠂ ᠵᠠᠰᠠᠬ ᠤᠨ ᠤᠷᠳᠤᠨ ᠤᠷᠢᠳᠴᠢᠯᠡᠨ | ᠳᠦᠯᠦᠪᠵᠢᠬᠦᠯᠦᠨ ᠡᠷᠳᠡ ᠠᠴᠠ ᠠᠳᠬᠤᠵᠦ ᠂ 8 ᠰᠡᠷ᠎ᠡ ᠶᠢᠨ ᠰᠡᠬᠦᠯᠴᠢ ᠪᠠᠷ《ᠰᠡᠳᠭᠢᠯ ᠢ ᠳᠤᠯᠠᠭᠠᠴᠠᠭᠤᠯᠬᠤ ᠨᠡᠬᠦᠷᠡᠰᠦ》 ᠶᠢᠨ ᠲᠦᠷᠦ ᠶᠢᠨ ᠪᠤᠳᠤᠯᠭ᠎ᠠ ᠶᠢ | ᠤᠬᠠᠭᠤᠯᠤᠨ ᠲᠤᠭᠤᠰᠢᠯᠠᠭᠤᠯᠬᠤ ᠠᠵᠢᠯ ᠢ ᠦᠷᠨᠢᠬᠦᠯᠵᠤ ᠂ ᠡᠯ᠎ᠡ ᠲᠤᠰᠬᠤᠨ ᠨᠡᠶᠢᠬᠡᠮ ᠲᠤᠭᠤᠷᠢᠭ ᠲᠤ《 ᠨᠢᠬᠡ ᠡᠷᠦᠬᠡ ᠶᠢ ᠴᠤ ᠤᠷᠬᠢᠬᠳᠠᠭᠤᠯᠬᠤ ᠦᠬᠡᠢ ᠂ ᠨᠢᠬᠡ | ᠬᠦᠮᠦᠨ ᠢ ᠴᠤ ᠬᠤᠴᠤᠷᠭᠠᠬᠤ ᠦᠬᠡᠢ》ᠮᠠᠯᠴᠢᠨ ᠲᠠᠷᠢᠶᠠᠴᠢᠨ ᠤ ᠨᠡᠬᠦᠷᠡᠰᠤ ᠬᠡᠷᠡᠭᠰᠡᠬᠦ ᠬᠡᠷᠡᠭᠴᠡᠭᠡ ᠱᠠᠭᠠᠷᠳᠠᠯᠭ᠎ᠠ ᠶᠢ ᠪᠦᠷᠢᠳᠭᠡᠵᠤ ᠂ ᠠᠷᠠᠳ ᠤᠨ ᠠᠮᠢᠳᠤᠷᠡᠯ ᠳᠤ | ᠬᠡᠷᠡᠭᠰᠡᠬᠦ ᠨᠡᠬᠦᠷᠡᠰᠦᠨ ᠤ ᠨᠠᠷᠢᠨ ᠪᠤᠳᠠᠳᠠᠢ ᠳᠤᠭ᠎ᠠ ᠪᠠᠷᠢᠮᠳᠠ ᠶᠢ ᠳᠠᠷᠤᠢ ᠳᠦᠷᠬᠡᠨ ᠡᠵᠡᠮᠰᠢᠵᠦ ᠂ ᠡᠨᠡ ᠡᠪᠤᠯ ᠢᠷᠡᠬᠦ ᠬᠠᠪᠤᠷ ᠤᠨ ᠡᠨᠧᠷᠬᠢ ᠶᠢᠨ ᠬᠠᠨᠭ᠍ᠭᠠᠯᠭ᠎ᠠ ᠶᠢ | ᠪᠠᠳᠤᠯᠠᠬᠤ ᠬᠦᠰᠢᠬᠡ ᠶᠢ ᠢᠷᠡᠪᠡ ᠃ | | | | | | | | | | | | ᠤᠢᠢᠯᠠᠭᠠᠬᠰᠠᠨ ᠢᠶᠠᠷ ᠂ ᠳ᠋ᠠ ᠯᠦ ᠪᠠᠯᠭᠠᠰᠤ ᠠᠴᠠ ᠪᠦᠬᠦ ᠪᠠᠯᠭᠠᠰᠤ ᠶᠢᠨ 3800 ᠭᠠᠷᠤᠢ ᠮᠠᠯᠴᠢᠨ ᠳᠠᠷᠢᠶᠠᠴᠢᠨ ᠡᠷᠦᠬᠡ ᠂ 14 ᠲᠤᠰᠬᠤᠨ ᠤ ᠵᠢᠬᠰᠠᠭᠠᠯ ᠤᠨ | ᠭᠠᠵᠠᠷ ᠲᠤ 7692 ᠳᠤᠨ《ᠰᠡᠳᠭᠢᠯ ᠢ ᠳᠤᠯᠠᠭᠠᠴᠠᠭᠤᠯᠬᠤ ᠨᠡᠬᠦᠷᠡᠰᠦ》ᠲᠦᠬᠡᠬᠡᠨᠠ ᠃ ᠡᠬᠡ ᠪᠢᠴᠢᠭ ᠢ ᠨᠡᠶᠢᠳᠡᠯᠡᠬᠦ ᠪᠤᠯᠳᠠᠯ᠎ᠠ ᠂ ᠨᠢᠬᠡᠨᠳᠡ 2133 | ᠳᠤᠨ《ᠰᠡᠳᠭᠢᠯ ᠢ ᠳᠤᠯᠠᠭᠠᠴᠠᠭᠤᠯᠬᠤ ᠨᠡᠬᠦᠷᠡᠰᠦ》 ᠶᠢ ᠲᠦᠬᠡᠬᠡᠪᠡ ᠃ ᠲᠠᠷᠠᠭᠠᠴᠢ ᠶᠢᠨ ᠠᠯᠬᠤᠮ ᠳᠤ ᠳ᠋ᠠ ᠯᠦ ᠪᠠᠯᠭᠠᠰᠤ《ᠰᠡᠳᠭᠢᠯ ᠢ ᠳᠤᠯᠠᠭᠠᠴᠠᠭᠤᠯᠬᠤ | ᠨᠡᠬᠦᠷᠡᠰᠦ》 ᠶᠢ ᠦᠷᠬᠦᠯᠵᠢᠯᠡᠨ ᠲᠦᠬᠡᠬᠡᠬᠦ ᠠᠬᠢᠴᠠ ᠪᠠᠨ ᠲᠦᠷᠬᠡᠳᠬᠡᠵᠦ ᠂ ᠲᠡᠷᠡᠪᠡᠷ ᠳ᠋ᠠ ᠯᠦ ᠪᠠᠯᠭᠠᠰᠤ ᠶᠢᠨ 14 ᠲᠤᠰᠬᠤᠨ ᠨᠡᠶᠢᠬᠡᠮ ᠲᠤᠭᠤᠷᠢᠭ ᠤᠨ 3800 | ᠭᠠᠷᠤᠢ ᠮᠠᠯᠴᠢᠨ ᠳᠠᠷᠢᠶᠠᠴᠢᠨ ᠡᠷᠦᠬᠡ ᠳᠤ《ᠰᠡᠳᠭᠢᠯ ᠢ ᠳᠤᠯᠠᠭᠠᠴᠠᠭᠤᠯᠬᠤ ᠨᠡᠬᠦᠷᠡᠰᠦ》 ᠶᠢ ᠲᠦᠬᠡᠬᠡᠵᠦ ᠲᠤᠯᠠᠭᠠᠨ ᠡᠪᠤᠯᠵᠢᠬᠦᠯᠬᠦ ᠪᠤᠯᠤᠨ᠎ᠠ ᠃ᠳ᠋ᠠ ᠯᠦ | ᠪᠠᠯᠭᠠᠰᠤ᠄ ᠡᠪᠤᠯ ᠪᠤᠯᠬᠤ ᠠᠴᠠ ᠡᠮᠦᠨ᠎ᠠ ᠨᠡᠬᠦᠷᠡᠰᠤ | ᠪᠡᠯᠡᠳᠬᠡᠵᠦ 《 ᠰᠡᠳᠭᠢᠯ ᠢ ᠳᠤᠯᠠᠭᠠᠴᠠᠭᠤᠯᠬᠤ ᠨᠡᠬᠦᠷᠡᠰᠦ | 》 ᠶᠢ ᠲᠦᠬᠡᠬᠡᠵᠦ ᠪᠠᠶᠢᠨ᠎ᠠ | | |