ᠬᠦᠳᠡᠭᠡ ᠲᠤᠰᠬᠤᠨ ᠤ ᠤᠷᠤᠨ ᠰᠠᠭᠤᠴᠠ ᠶᠢᠨ ᠭᠠᠵᠠᠷ  ᠢ ᠬᠡᠷᠡᠭᠯᠡᠬᠦ ᠡᠷᠬᠡ ᠭᠡᠵᠤ ᠶᠠᠭᠤ ᠪᠤᠢ︖
ᠨᠡᠶᠢᠲᠡᠯᠡᠭᠰᠡᠨ ᠴᠠᠭ᠄
2022/9/23

    

   

   

    ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ ᠭᠡᠳᠡᠭ

ᠪᠤᠯ ᠠᠷᠠᠳ ᠢᠷᠭᠡᠨ ᠬᠤᠪᠢ ᠬᠦᠮᠤᠨ ᠬᠠᠤᠯᠢ ᠶᠤᠰᠤᠭᠠᠷ ᠤᠯᠤᠠᠠᠰᠠᠨ

ᠤᠯᠤᠰ ᠤᠨ ᠦᠮᠴᠢᠯᠡᠯ ᠦᠨ ᠪᠤᠶᠤ ᠬᠦᠳᠡᠭᠡ ᠲᠤᠰᠬᠤᠨ ᠤ

ᠬᠠᠮᠳᠤ ᠶᠢᠨ ᠵᠤᠬᠢᠶᠠᠨ ᠪᠠᠶᠢᠭᠤᠯᠤᠯᠳᠠ ᠶᠢᠨ ᠦᠮᠴᠢᠯᠡᠯ ᠦᠨ

ᠤᠷᠤᠨ ᠰᠠᠭᠤᠴᠠ ᠶᠢᠨ ᠭᠠᠵᠠᠷ ᠲᠡᠭᠡᠷ᠎ᠡ ᠭᠡᠷ ᠪᠠᠶᠢᠰᠢᠩ 

ᠪᠠᠷᠢᠬᠤ ᠪᠦᠭᠡᠳ ᠤᠷᠤᠰᠢᠨ ᠰᠠᠭᠤᠵᠦ ᠬᠡᠷᠡᠭᠯᠡᠬᠦ ᠡᠷᠬᠡ

ᠡᠳ᠋ᠯᠡᠬᠦ ᠶᠢ ᠬᠡᠯᠡᠵᠤ ᠪᠠᠶᠢᠨ᠎ᠠ᠃ ᠤᠷᠤᠨ ᠰᠠᠭᠤᠴᠠ ᠶᠢᠨ

ᠭᠠᠵᠠᠷ ᠢ ᠬᠡᠷᠡᠭᠯᠡᠬᠦ ᠡᠷᠬᠡ ᠨᠢ ᠲᠤᠤᠷᠠᠬᠢ ᠮᠡᠳᠤ ᠤᠨᠴᠠᠯᠢᠭ

ᠲᠠᠢ᠄

   ᠨᠢᠭᠡ᠂  ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ

ᠡᠷᠬᠡ ᠶᠢ ᠡᠷᠬᠡᠪᠰᠢ ᠬᠠᠤᠯᠢ ᠶᠤᠰᠤᠭᠠᠷ ᠤᠯᠤᠠᠠᠰᠠᠨ ᠪᠠᠶᠢᠬᠤ 

ᠬᠡᠷᠡᠭᠳᠠᠢ᠃ ᠬᠦᠳᠡᠭᠡ ᠲᠤᠰᠬᠤᠨ ᠤ ᠭᠠᠴᠠᠭᠠᠨ ᠤ ᠠᠷᠠᠳ ᠤᠷᠤᠨ

ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ ᠶᠢ ᠤᠯᠬᠤ ᠳᠤ

ᠡᠷᠬᠡᠪᠰᠢ ᠪᠦᠷᠢᠨ ᠭᠦᠢᠴᠡᠳ ᠭᠤᠶᠤᠴᠢᠯᠠᠬᠤ ᠭᠠᠷ  ᠬᠦᠢᠴᠡᠳᠭᠡᠯ 

ᠬᠢᠵᠤ᠂ ᠬᠤᠯᠪᠤᠠᠠᠳᠠᠯ ᠪᠦᠬᠦᠢ ᠰᠠᠯᠠᠭ᠎ᠠ ᠮᠦᠴᠢᠷ ᠡᠴᠡ ᠬᠢᠨᠠᠨ

ᠵᠦᠪᠰᠢᠶᠡᠷᠡᠭᠰᠡᠨ ᠦ ᠲᠠᠷᠠᠭ᠎ᠠ ᠰᠠᠶ᠋ᠢ ᠤᠯᠤᠨ᠎ᠠ᠃ ᠬᠦᠳᠡᠭᠡ

ᠲᠤᠰᠬᠤᠨ ᠤ ᠭᠠᠴᠠᠭᠠᠨ ᠤ ᠠᠷᠠᠳ ᠪᠤᠰᠤ ᠬᠦᠮᠤᠨ ᠬᠦᠳᠡᠭᠡ

ᠲᠤᠰᠬᠤᠨ ᠤ ᠤᠷᠤᠨ ᠰᠠᠭᠤᠴᠠ ᠶᠢᠨ ᠭᠠᠵᠠᠷ  ᠢ ᠤᠯᠬᠤ ᠳᠤ ᠨᠡᠩ

ᠴᠢᠩᠭ᠎ᠠ ᠬᠢᠨᠠᠨ ᠵᠦᠪᠰᠢᠶᠡᠷᠡᠬᠦ ᠵᠢᠷᠤᠮ ᠢᠶᠠᠷ

ᠶᠠᠪᠤᠭᠤᠯᠬᠤ ᠶᠢ ᠱᠠᠭᠠᠷᠳᠠᠨ᠎ᠠ᠃

   ᠬᠤᠶᠠᠷ᠂  ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ

ᠲᠠᠢ ᠬᠦᠮᠤᠨ ᠤ ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ

ᠬᠤᠭᠤᠴᠠᠭ᠎ᠠ ᠶᠢ ᠬᠢᠵᠠᠭᠠᠷᠯᠠᠬᠤ ᠦᠭᠡᠢ᠃ ᠤᠷᠤᠨ ᠰᠠᠭᠤᠴᠠ ᠶᠢᠨ

ᠭᠠᠵᠠᠷ ᠢ ᠬᠡᠷᠡᠭᠯᠡᠬᠦ ᠡᠷᠬᠡ ᠲᠠᠢ ᠠᠷᠠᠳ ᠢᠷᠭᠡᠨ᠂ ᠬᠠᠤᠯᠢ

ᠴᠠᠭᠠᠵᠠ ᠳᠤ ᠲᠤᠠᠠᠳᠠᠭᠠᠠᠠᠰᠠᠨ ᠤᠨᠴᠠᠭᠠᠢ ᠪᠠᠶᠢᠳᠠᠯ

ᠭᠠᠷᠤᠠᠠᠰᠠᠨ ᠪᠢᠰᠢ ᠯᠠ ᠪᠠᠶᠢᠪᠠᠯ᠂ ᠠᠷᠠᠳ ᠢᠷᠭᠡᠨ ᠦ ᠠᠮᠢᠳᠤ

ᠪᠠᠶᠢᠭ᠎ᠠ ᠬᠤᠭᠤᠴᠠᠭᠠᠨ ᠳᠤ ᠲᠡᠭᠦᠨ ᠦ ᠬᠡᠷᠡᠭᠯᠡᠬᠦ ᠶᠢ

ᠬᠢᠵᠢᠭᠠᠷᠯᠠᠬᠤ ᠦᠭᠡᠢ᠃

   ᠭᠤᠷᠪᠠ᠂ ᠤᠷᠤᠨ ᠰᠠᠭᠤᠴᠠ ᠶᠢᠨ ᠭᠠᠵᠠᠷ ᠢ ᠡᠷᠬᠡᠪᠰᠢ ᠵᠤᠬᠢᠬᠤ

ᠨᠦᠭᠦᠴᠡᠯ ᠦᠨ ᠲᠤᠤᠷ᠎ᠠ ᠬᠡᠷᠡᠭᠯᠡᠬᠦ  ᠬᠡᠷᠡᠭᠳᠠᠢ᠃ ᠤᠷᠤᠨ

ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ ᠲᠠᠢ ᠬᠦᠮᠤᠨ ᠤᠷᠤᠨ

ᠰᠠᠭᠤᠴᠠ ᠶᠢᠨ ᠭᠠᠵᠠᠷ ᠲᠡᠭᠡᠷ᠎ᠡ ᠭᠡᠷ ᠪᠠᠶᠢᠰᠢᠩ᠂   ᠵᠤᠷᠯᠤᠩ

ᠪᠠᠷᠢᠵᠤ ᠪᠤᠯᠬᠤ ᠪᠦᠭᠡᠳ ᠦᠮᠴᠢᠯᠡᠬᠦ ᠡᠷᠬᠡ ᠲᠠᠢ᠃ ᠭᠡᠷ ᠦᠨ ᠠᠷᠤ

ᠦᠪᠦᠷ ᠢᠶᠡᠷ ᠴᠡᠴᠡᠭ ᠡᠪᠡᠰᠤ᠂ ᠤᠢ ᠮᠤᠳᠤ ᠲᠠᠷᠢᠵᠤ᠂ ᠭᠡᠷ

ᠬᠦᠷᠢᠶᠡᠯᠡᠩ ᠦᠨ ᠠᠵᠤ ᠠᠬᠤᠢ ᠶᠢ ᠬᠦᠭᠵᠢᠭᠦᠯᠬᠦ ᠪᠦᠭᠡᠳ ᠠᠰᠢᠭ

ᠤᠯᠵᠠ ᠶᠢ ᠨᠢ ᠦᠮᠴᠢᠯᠡᠬᠦ ᠡᠷᠬᠡ ᠲᠠᠢ᠃

    ᠲᠦᠷᠪᠡ᠂ ᠭᠡᠷ  ᠪᠠᠶᠢᠰᠢᠩ ᠢ ᠲᠠᠭᠠᠯᠳᠤᠨ ᠰᠢᠯᠵᠢᠬᠦ 

ᠪᠤᠯᠤᠨ᠎ᠠ᠃ ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ

ᠨᠢ ᠭᠡᠷ ᠪᠠᠶᠢᠰᠢᠩ ᠤᠨ ᠬᠠᠤᠯᠢ ᠶᠤᠰᠤᠭᠠᠷ ᠤᠷᠤᠰᠢᠬᠤ ᠶᠢ

ᠲᠠᠭᠠᠯᠳᠤᠨ ᠤᠷᠤᠰᠢᠬᠤ ᠪᠦᠭᠡᠳ ᠭᠡᠷ ᠪᠠᠶᠢᠰᠢᠩ ᠤᠨ ᠦᠮᠴᠢᠯᠡᠬᠦ

ᠡᠷᠬᠡ ᠰᠢᠯᠵᠢᠬᠦ ᠶᠢ ᠲᠠᠭᠠᠯᠳᠤᠨ ᠰᠢᠯᠵᠢᠨ᠎ᠡ᠃ ᠭᠡᠷ

ᠪᠠᠶᠢᠰᠢᠩ ᠢ ᠬᠠᠤᠯᠢ ᠶᠤᠰᠤᠭᠠᠷ ᠵᠠᠯᠭᠠᠮᠵᠢᠯᠠᠬᠤ᠂ ᠬᠦᠷᠭᠡᠵᠤ

ᠦᠭᠬᠦ᠂ ᠮᠠᠶᠢᠮᠠᠶᠢᠯᠠᠬᠤ ᠵᠡᠷᠭᠡ ᠬᠡᠯᠪᠡᠷᠢ ᠪᠡᠷ

ᠰᠢᠯᠵᠢᠬᠦᠯᠵᠤ ᠦᠭᠪᠡᠯ᠂ ᠲᠡᠬᠦᠨ ᠢ ᠬᠡᠷᠡᠭᠯᠡᠬᠦ ᠬᠡᠪᠴᠢᠶᠡᠨ

ᠲᠤᠳᠤᠷᠠᠬᠢ ᠤᠷᠤᠨ ᠰᠠᠭᠤᠴᠠ ᠶᠢᠨ ᠭᠠᠵᠠᠷ ᠢ ᠬᠡᠷᠡᠭᠯᠡᠬᠦ ᠡᠷᠬᠡ

ᠨᠢ ᠲᠠᠭᠠᠯᠳᠤᠨ ᠰᠢᠯᠵᠢᠨ᠎ᠡ᠃ ᠭᠡᠷ ᠪᠠᠶᠢᠰᠢᠩ ᠢ

ᠮᠠᠶᠢᠮᠠᠶᠢᠯᠠᠬᠤ ᠦᠶ᠎ᠡ ᠳᠦ ᠤᠷᠤᠨ ᠰᠠᠭᠤᠴᠠ ᠶᠢᠨ ᠭᠠᠵᠠᠷ ᠢ

ᠬᠡᠷᠡᠭᠯᠡᠬᠦ ᠡᠷᠬᠡ ᠨᠢ ᠭᠤᠶᠤᠴᠢᠯᠠᠵᠤ

ᠵᠦᠪᠰᠢᠶᠡᠷᠡᠭᠦᠯᠦᠭᠰᠡᠨ ᠦ ᠬᠤᠶᠢᠨ᠎ᠠ ᠭᠡᠷ ᠪᠠᠶᠢᠰᠢᠩ ᠢ

ᠲᠠᠭᠠᠯᠳᠤᠨ ᠰᠢᠯᠵᠢᠵᠤ ᠪᠤᠯᠤᠨ᠎ᠠ᠃

    ᠲᠠᠪᠤ᠂  ᠬᠠᠤᠯᠢ ᠶᠢᠨ ᠬᠠᠮᠭᠠᠯᠠᠯᠠᠳᠠ ᠶᠢ ᠤᠯᠤᠨ᠎ᠠ᠃ ᠬᠠᠤᠯᠢ

ᠶᠤᠰᠤᠭᠠᠷ ᠤᠯᠤᠠᠠᠰᠠᠨ ᠤᠷᠤᠨ ᠰᠠᠭᠤᠴᠠ ᠶᠢᠨ ᠭᠠᠵᠠᠷ ᠢ

ᠬᠡᠷᠡᠭᠯᠡᠬᠦ ᠡᠷᠬᠡ ᠨᠢ ᠤᠯᠤᠰ ᠤᠨ ᠬᠠᠤᠯᠢ ᠴᠠᠭᠠᠵᠠ ᠶᠢᠨ

ᠬᠠᠮᠭᠠᠯᠠᠯᠳᠠ ᠶᠢ ᠤᠯᠤᠨ᠎ᠠ᠂ ᠶᠠᠮᠠᠷᠪᠠ ᠨᠢᠭᠡᠴᠢ ᠪᠠ ᠬᠤᠪᠢ

ᠬᠦᠮᠤᠨ ᠬᠠᠯᠳᠠᠵᠤ ᠪᠤᠯᠠᠬᠤ ᠦᠭᠡᠢ᠃

【ᠡᠰᠢ ᠪᠠᠷᠢᠮᠳᠠ】 ︽ ᠪᠦᠬᠦᠳᠡ ᠨᠠᠶᠢᠷᠠᠮᠳᠠᠬᠤ ᠲᠤᠮᠳᠠᠳᠤ ᠠᠷᠠᠳ

ᠤᠯᠤᠰ ᠤᠨ ᠪᠤᠳᠠᠰ ᠤᠨ ᠡᠷᠬᠡ ᠶᠢᠨ ᠬᠠᠤᠯᠢ︾ ᠶᠢᠨ ᠠᠷᠪᠠᠨ

ᠭᠤᠷᠪᠠᠳᠤᠭᠠᠷ ᠪᠦᠯᠦᠭ᠃

 

ᠢᠷᠡᠯᠳᠡ᠄ ᠤᠷᠤᠨ ᠰᠠᠭᠤᠴᠠ ᠶᠢᠨ ᠭᠠᠵᠠᠷ ᠤᠨ ᠬᠠᠤᠯᠢ

ᠴᠠᠭᠠᠵᠠ ᠶᠢᠨ ᠠᠰᠠᠭᠤᠳᠠᠯ ᠠᠴᠠ ᠪᠠᠭᠤᠯᠭᠠᠪᠠ

ᠢᠷᠡᠯᠲᠡ᠄ ᠤᠷᠤᠨ ᠰᠠᠭᠤᠴᠠ ᠶᠢᠨ ᠭᠠᠵᠠᠷ ᠤᠨ ᠬᠠᠤᠯᠢ ᠴᠠᠭᠠᠵᠠ ᠶᠢᠨ ᠠᠰᠠᠭᠤᠳᠠᠯ ᠠᠴᠠ ᠪᠠᠭᠤᠯᠭᠠᠪᠠ