| | ᠬᠤ᠋ ᠶᠠ ᠯᠢ ᠪᠤᠯ ᠱᠧᠨ ᠬᠤᠸᠠ ᠵᠡᠬᠦᠡᠭᠠᠷ ᠤᠨ ᠡᠨᠧᠷᠬᠢ ᠶᠢᠨ ᠨᠡᠬᠦᠷᠡᠰᠦ ᠰᠢᠯᠢᠬᠦ ᠦᠢᠯᠡᠳᠪᠤᠷᠢ ᠶᠢᠨ ᠪᠦᠳᠦᠬᠦᠯᠢᠭ ᠨᠡᠬᠦᠷᠡᠰᠤᠨ ᠤ ᠳᠠᠰᠤᠬ ᠤᠨ ᠡᠩ ᠤᠨ | ᠨᠢᠬᠡᠨ ᠠᠵᠢᠯᠳᠠᠨ ᠪᠤᠯᠤᠨ᠎ᠠ᠃ | 2007 ᠤᠨ ᠳᠤ᠂ ᠳᠡᠷᠡ ᠨᠢᠬᠡ ᠤᠳᠠᠭ᠎ᠠ ᠪᠠᠶᠢᠭᠤᠯᠭ᠎ᠠ ᠶᠢᠨ ᠢᠶᠠᠨ ᠠᠯᠪᠠᠨ ᠵᠢᠷᠤᠮ ᠤᠨ ᠴᠢᠰᠦ ᠬᠠᠨᠳᠢᠪᠯᠠᠬᠤ ᠠᠵᠢᠯᠯᠠᠭ᠎ᠠ ᠳᠤ ᠤᠷᠤᠯᠴᠠᠵᠦ᠂ ᠴᠢᠰᠦ | ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠨᠢ ᠴᠢᠰᠤ ᠴᠠᠶᠢᠬᠤ ᠡᠪᠡᠳᠴᠢᠳᠠᠨ ᠢ ᠠᠪᠤᠷᠡᠨ ᠳᠤᠰᠠᠯᠠᠵᠤ ᠪᠤᠯᠬᠤ ᠶᠢ ᠮᠡᠳᠡᠬᠡᠳ ᠳᠤᠤᠷ᠎ᠡ ᠨᠢ ᠲᠤᠮᠳᠠᠳᠤ ᠶᠢᠨ ᠴᠢᠮᠦᠬᠡ | ᠶᠢᠨ ᠬᠦᠮᠦᠷᠬᠡ ᠳᠤ ᠤᠷᠤᠬᠤ ᠪᠠᠷ ᠡᠷᠡᠮᠡᠯᠵᠡᠯ ᠳᠠᠬᠯᠠᠵᠤ᠂ ᠴᠢᠰᠦ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠰᠠᠶᠢᠨ ᠲᠤᠷᠠᠴᠤᠤᠯ ᠪᠤᠯᠪᠠ᠃ | 7 ᠵᠢᠯ ᠤᠨ ᠳᠠᠷᠠᠭ᠎ᠠ ᠳᠡᠷᠡ ᠠᠮᠠᠯᠳᠠᠯᠭ᠎ᠠ ᠪᠠᠨ ᠪᠡᠶᠡᠯᠡᠬᠦᠯᠪᠡ᠃ | 2014 ᠤᠨ ᠤ 9 ᠰᠠᠷ᠎ᠡ ᠳᠤ᠂ ᠵᠡᠬᠦᠡᠭᠠᠷ ᠬᠤᠰᠢᠭᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠬᠢᠨ ᠳᠡᠬᠦᠨ ᠲᠠᠢ ᠬᠠᠷᠢᠯᠴᠠᠵᠤ᠂ ᠲᠤᠮᠳᠠᠳᠤ ᠶᠢᠨ | ᠴᠢᠮᠦᠬᠡ ᠶᠢᠨ ᠬᠦᠮᠦᠷᠬᠡ ᠳᠤ ᠨᠢᠬᠡᠨ ᠴᠢᠰᠦ ᠴᠠᠶᠢᠬᠤ ᠡᠪᠡᠳᠴᠢᠳᠠᠨ ᠲᠡᠬᠦᠨ ᠤ ᠴᠢᠰᠦᠨ ᠬᠡᠯᠪᠡᠷᠢ ᠲᠠᠢ ᠲᠤᠬᠢᠷᠠᠯᠴᠠᠬᠰᠠᠨ ᠢ ᠮᠡᠳᠡᠭᠳᠡᠬᠦ ᠶᠢᠨ ᠬᠠᠮᠳᠤ ᠲᠡᠬᠦᠨ ᠠᠴᠠ | ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠳᠤᠷᠡᠳᠡᠢ ᠡᠰᠡᠬᠦ ᠶᠢ ᠠᠰᠠᠭᠤᠪᠠ᠃ ᠤᠳᠠᠰᠤ ᠳᠤᠰᠤᠬᠰᠠᠨ ᠬᠤ᠋ ᠶᠠ ᠯᠢ ᠦᠴᠦᠬᠡᠨ ᠴᠤ ᠳᠠᠳᠠᠭᠠᠯᠵᠠᠬᠰᠠᠨ | ᠦᠬᠡᠢ ᠪᠠᠷ᠂《 ᠨᠡᠯᠦᠬᠡᠷ ᠠᠭᠤᠳᠠᠮ ᠬᠦᠮᠦᠨ ᠤ ᠤᠷᠴᠢᠯᠠᠩ ᠳᠤ ᠡᠶᠢᠮᠤ ᠦᠯᠦ ᠳᠠᠨᠢᠬᠤ ᠨᠢᠬᠡᠨ ᠲᠠᠢ ᠢᠷᠦᠬᠡᠯ ᠲᠠᠢ ᠤᠴᠠᠷᠠᠵᠦ᠂ ᠳᠡᠬᠦᠨ ᠳᠤ ᠳᠠᠬᠢᠨ ᠠᠮᠢᠳᠤᠷᠠᠬᠤ | ᠡᠷᠡᠮᠡᠯᠵᠠᠯ ᠤᠯᠭᠤᠬᠤ ᠳᠠᠭᠠᠨ ᠤᠯᠵᠠᠭᠤᠷᠬᠠᠪᠠ 》ᠬᠡᠵᠤ ᠬᠤ᠋ ᠶᠠ ᠯᠢ ᠡᠷᠡᠰ ᠰᠢᠭᠤᠷᠬᠠᠢ ᠶᠠᠷᠢᠬᠰᠠᠨ ᠪᠠᠶᠢᠨ᠎ᠠ᠃ | 2015 ᠤᠨ ᠤ 3 ᠰᠠᠷ᠎ᠡ ᠶᠢᠨ12 ᠤᠨ ᠡᠳᠦᠷ᠂ ᠬᠤ᠋ ᠶᠠ ᠯᠢ ᠨᠦᠬᠦᠷ ᠤᠨ ᠢᠶᠠᠨ ᠪᠠᠷᠠᠳᠠᠯᠭ᠎ᠠ ᠪᠠᠷ ᠪᠡᠬᠡᠵᠢᠩ ᠤᠨ ᠲᠡᠯᠡᠢ ᠶᠢᠨ ᠴᠡᠷᠢᠭ ᠤᠨ ᠶᠡᠷᠦᠩᠬᠡᠢ | ᠡᠮᠨᠡᠯᠬᠡ ᠶᠢᠨ ᠬᠤᠷᠢᠶᠡᠨ ᠳᠤ 4 ᠡᠳᠦᠷ ᠰᠡᠳᠦᠯᠳᠠ ᠶᠢᠨ ᠡᠮ ᠲᠠᠷᠢᠵᠦ᠂ 3 ᠰᠠᠷ᠎ᠡ ᠶᠢᠨ 17 ᠂ 18 ᠤ ᠡᠳᠦᠷ᠂110 ᠮᠢᠯᠢᠯᠢᠲ᠋ᠧᠷ ᠴᠢᠰᠦ ᠪᠦᠳᠦᠬᠡᠬᠦ ᠭᠤᠤᠯ | ᠡᠰ ᠢᠶᠠᠨ ᠶᠡᠬᠦᠯᠡᠨ ᠦᠭᠴᠤ᠂ ᠳᠡᠷᠡ ᠬᠦ ᠦᠯᠤ ᠳᠠᠨᠢᠬᠤ ᠡᠪᠡᠳᠴᠢᠳᠡᠨ ᠳᠤ ᠳᠠᠬᠢᠨ ᠠᠮᠢᠳᠤᠷᠠᠬᠤ ᠡᠷᠡᠮᠡᠯᠵᠡᠯ ᠤᠯᠭᠤᠬᠰᠠᠨ ᠪᠠᠶᠢᠵᠡᠢ᠃ ᠡᠶᠢᠨ ᠬᠦ ᠳᠡᠷᠡ ᠪᠠᠷ | ᠦᠪᠡᠷᠳᠡᠬᠡᠨ ᠵᠠᠰᠠᠬᠤ ᠤᠷᠤᠨ ᠤ 40 ᠳ᠋ᠤᠭᠠᠷ ᠵᠢᠱᠢᠶ᠎ᠠ᠂ ᠪᠦᠬᠦ ᠤᠯᠤᠰ ᠤᠨ 4725 ᠳ᠋ᠤᠭᠠᠷ ᠵᠢᠱᠢᠶ᠎ᠡ ᠴᠢᠰᠦ ᠪᠦᠳᠦᠬᠡᠬᠦ ᠭᠤᠤᠯ ᠡᠰ ᠢᠶᠠᠨ ᠬᠠᠨᠳᠢᠪᠯᠠᠬᠰᠠᠨ | ᠰᠠᠶᠢᠨ ᠳᠤᠷᠠᠴᠤᠤᠯ ᠪᠤᠯᠵᠠᠢ᠃ | ᠬᠠᠷᠢᠵᠤ ᠢᠷᠡᠭᠰᠡᠨ ᠤ ᠳᠠᠷᠠᠭ᠎ᠠ᠂ ᠬᠤ᠋ ᠶᠠ ᠯᠢ ᠠᠯᠢ ᠤᠯᠠᠨ ᠢᠷᠠᠭᠤ ᠠᠯᠳᠠᠷ ᠪᠠ ᠮᠠᠬᠳᠠᠭᠠᠯ ᠰᠠᠶᠢᠰᠢᠶᠠᠯ ᠢ ᠬᠦᠷᠳᠡᠪᠡ᠃ ᠬᠠᠷᠢᠨ ᠲᠡᠬᠦᠨ ᠤ ᠬᠠᠶᠢᠷ᠎ᠠ ᠶᠢᠨ | ᠰᠡᠳᠬᠢᠯᠳᠤ ᠠᠶᠠᠨ ᠰᠠᠶ᠋ᠢ ᠡᠬᠢᠯᠡᠵᠤ ᠪᠢᠯᠡ᠃ | ᠳᠡᠷᠡ ᠴᠢᠰᠦ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠤᠬᠠᠭᠤᠯᠤᠨ ᠲᠠᠶᠢᠴᠢᠯᠠᠬᠴᠢ ᠪᠤᠯᠵᠤ᠂ ᠨᠡᠩ ᠤᠯᠠᠨ ᠬᠦᠮᠦᠨ ᠠᠷᠡᠳ ᠲᠤ ᠦᠪᠡᠷ ᠤᠨ | ᠦᠡᠭᠬᠡᠷᠡᠯᠳᠡ ᠪᠠᠨ ᠶᠠᠷᠢᠵᠤ᠂ ᠴᠢᠰᠦ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠶᠢᠨ ᠴᠢᠬᠤᠯᠠ ᠴᠢᠨᠡᠷ ᠢ ᠲᠠᠶᠢᠯᠪᠤᠷᠢᠯᠠᠪᠠ᠃《 ᠮᠠᠨ ᠤ ᠤᠯᠤᠰ ᠲᠤ | ᠤᠳᠤᠬᠠᠨ ᠳᠤ 400 ᠲᠦᠮᠡ ᠭᠠᠷᠤᠢ ᠴᠢᠰᠦᠨ ᠤ ᠡᠪᠡᠳᠴᠢᠳᠡᠨ ᠪᠠᠶᠢᠵᠦ᠂ ᠭᠠᠭᠴᠠ ᠴᠢᠰᠦ ᠴᠠᠶᠢᠬᠤ ᠡᠪᠡᠳᠴᠢᠨ ᠳᠤ ᠨᠡᠷᠪᠡᠭᠳᠡᠭᠰᠡᠳ ᠵᠢᠯ ᠳᠤ 4 ᠳᠦᠮᠡ ᠭᠠᠷᠤᠢ | ᠨᠡᠮᠡᠭᠳᠡᠵᠤ ᠪᠤᠢ᠂ ᠴᠢᠰᠦ ᠪᠦᠳᠦᠬᠡᠬᠦ ᠭᠤᠤᠯ ᠡᠰ ᠢ ᠰᠢᠯᠵᠢᠬᠦᠯᠤᠨ ᠳᠠᠷᠢᠬᠤ ᠪᠤᠯ ᠳᠡᠳᠡᠨᠡᠷ ᠤᠨ ᠠᠮᠢ ᠨᠠᠰᠤ ᠶᠢ ᠠᠪᠤᠷᠠᠬᠤ ᠬᠠᠮᠤᠬ ᠤᠨ ᠶᠡᠭᠡ ᠬᠦᠰᠡᠯ ᠡᠷᠡᠮᠡᠯᠵᠡᠯ | ᠮᠦᠨ᠂ ᠳᠤᠮᠳᠠᠳᠤ ᠤᠯᠤᠰ ᠤᠨ ᠴᠢᠰᠦ ᠪᠦᠳᠦᠬᠡᠬᠦ ᠭᠤᠤᠯ ᠡᠰ ᠢ ᠬᠠᠨᠳᠢᠪᠯᠠᠬᠤ ᠮᠠᠲ᠋ᠧᠷᠢᠶᠠᠯ ᠤᠨ ᠬᠦᠮᠦᠷᠬᠡ ᠶᠢ ᠪᠠᠰᠠ〈ᠲᠤᠮᠳᠠᠳᠤ ᠶᠢᠨ ᠴᠢᠮᠦᠬᠡ ᠶᠢᠨ ᠬᠦᠮᠦᠷᠬᠡ 〉 | ᠬᠡᠳᠡᠭ᠃ ᠳᠡᠷᠡ ᠨᠢ ᠪᠠᠶᠢᠬᠤ ᠦᠬᠡᠢ ᠠᠴᠠ ᠪᠠᠶᠢᠬᠤ ᠪᠤᠯᠵᠤ᠂ ᠵᠢᠵᠢᠭ ᠠᠴᠠ ᠲᠤᠮᠤᠷᠠᠵᠦ᠂ ᠤᠳᠤᠬᠠᠨ ᠪᠤᠯᠳᠠᠯ᠎ᠠ ᠨᠢᠬᠡᠨᠳᠡ 200 ᠳᠦᠮᠡ ᠭᠠᠷᠤᠢ ᠬᠦᠮᠦᠨ ᠤ | ᠳ᠋ᠠᠶᠢᠲ᠋ᠠ ᠶᠢᠨ ᠬᠦᠮᠦᠷᠬᠡ ᠶᠢ ᠪᠠᠶᠢᠭᠤᠯᠤᠬᠰᠠᠨ ᠪᠤᠯᠪᠠᠴᠤ ᠮᠦᠨ ᠯᠡ ᠡᠮᠴᠢᠯᠡᠬᠡᠨ ᠤ ᠡᠪᠡᠳᠴᠢᠳᠠᠨ ᠤ ᠬᠡᠷᠡᠭᠴᠡᠭᠡ ᠶᠢ ᠬᠠᠨᠭ᠍ᠭᠠᠵᠤ ᠲᠠᠶᠢᠯᠬᠦ ᠦᠬᠡᠢ ᠪᠠᠶᠢᠨ᠎ᠠ᠂ | ᠬᠠᠨᠳᠢᠪᠯᠬᠠᠤ ᠰᠠᠶᠢᠨ ᠳᠤᠷᠠᠴᠤᠤᠯ ᠤᠯᠠᠮ ᠤᠯᠠᠨ ᠪᠠᠶᠢᠪᠠᠯ ᠳ᠋ᠠᠶᠢᠲ᠋ᠠ ᠶᠢᠨ ᠬᠦᠮᠦᠷᠬᠡ ᠶᠢᠨ ᠪᠠᠭᠳᠠᠭᠠᠮᠵᠢ ᠤᠯᠠᠮ ᠶᠡᠭᠡ ᠪᠤᠯᠵᠤ᠂ ᠡᠪᠡᠳᠴᠢᠳᠡᠨ ᠤ ᠲᠤᠬᠢᠷᠠᠯᠴᠠᠬᠤ | ᠴᠢᠰᠦ ᠪᠦᠳᠦᠬᠡᠬᠦ ᠭᠤᠤᠯ ᠡᠰ ᠢᠶᠠᠨ ᠡᠷᠢᠵᠤ ᠤᠯᠬᠤ ᠨᠤᠷᠮ᠎ᠡ ᠨᠢ ᠤᠯᠠᠮ ᠦᠨᠳᠦᠷ ᠪᠤᠯᠳᠠᠬ 》ᠬᠡᠵᠤ ᠳᠡᠷᠡ ᠶᠠᠷᠢᠨ᠎ᠡ᠃《 ᠮᠠᠨ ᠤ 18 — 45 ᠨᠠᠰᠤᠨ ᠤ | ᠡᠷᠡᠬᠦᠯ ᠬᠦᠮᠦᠰ ᠲᠤ ᠵᠦᠪᠬᠡᠨ ᠰᠦᠰᠦ ᠵᠤᠷᠢᠬ ᠱᠠᠭᠠᠷᠳᠠᠬᠳᠠᠨ᠎ᠠ᠂ ᠢᠡᠭᠬᠢᠪᠠᠯ ᠴᠢᠰᠦ ᠴᠠᠶᠢᠬᠤ ᠡᠪᠡᠳᠴᠢᠳᠠᠨ ᠤ ᠠᠮᠢ ᠨᠠᠰᠤᠨ ᠤ ᠡᠬᠦᠳᠡ ᠶᠢ ᠳᠠᠬᠢᠨ ᠨᠡᠬᠡᠬᠡᠵᠤ᠂ | ᠰᠦᠢᠷᠡᠬᠦ ᠰᠢᠬᠠᠬᠰᠠᠨ ᠬᠡᠷ ᠪᠦᠯᠢ ᠶᠢ ᠠᠪᠤᠷᠠᠵᠤ ᠴᠢᠳᠠᠨ᠎ᠠ》ᠬᠡᠵᠤ ᠬᠤ᠋ ᠶᠠ ᠯᠢ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠤᠬᠠᠭᠤᠯᠭ᠎ᠠ ᠶᠢᠨ | ᠦᠢᠯᠡᠴᠢᠯᠡᠭᠡ ᠳᠤ ᠢᠳᠡᠪᠬᠢᠳᠡᠢ ᠤᠷᠤᠯᠴᠠᠵᠤ᠂ ᠪᠤᠳᠠᠳᠤ ᠠᠵᠢᠯᠯᠠᠭ᠎ᠠ ᠪᠠᠷ ᠢᠶᠠᠨ ᠨᠡᠩ ᠤᠯᠠᠨ ᠬᠦᠮᠦᠨ ᠢ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ | ᠡᠩᠨᠡᠬᠡᠨ ᠳᠤ ᠤᠷᠤᠯᠴᠠᠭᠤᠯᠬᠤ ᠪᠠᠷ ᠤᠷᠢᠶᠠᠯᠠᠨ᠎ᠠ᠃ | ᠳᠡᠷᠡ ᠪᠠᠷ ᠨᠠᠶᠢᠳᠠ ᠶᠢᠨ ᠠᠰᠠᠷᠠᠮᠵᠢ ᠶᠢᠨ ᠵᠠᠮ ᠢᠶᠠᠷ ᠢᠳᠡᠷᠡᠬᠦᠨ ᠠᠯᠬᠤᠵᠤ᠂ ᠵᠡᠬᠦᠡᠭᠠᠷ ᠬᠤᠰᠢᠭᠤᠨ ᠤ ᠰᠠᠶᠢᠨ ᠳᠤᠷ᠎ᠡ ᠶᠢᠨ ᠦᠢᠯᠡᠴᠢᠯᠡᠬᠡᠨ ᠤ ᠡᠩᠨᠡᠭᠡ ᠳᠤ | ᠤᠷᠤᠯᠴᠠᠬᠰᠠᠨ ᠤ ᠳᠠᠷᠠᠭ᠎ᠠ᠂ ᠠᠳᠠᠯᠢ ᠪᠤᠰᠤ ᠰᠠᠶᠢᠨ ᠳᠤᠷ᠎ᠡ ᠶᠢᠨ ᠦᠢᠯᠡᠴᠢᠯᠡᠬᠡᠨ ᠤ ᠠᠵᠢᠯ ᠤᠨ ᠪᠠᠶᠢᠷᠢ ᠳᠤ ᠦᠪᠡᠷ ᠤᠨ ᠬᠤᠪᠢ ᠨᠡᠮᠡᠷᠢ ᠪᠠᠨ ᠦᠵᠡᠬᠦᠯᠵᠦ ᠪᠢᠯᠡ | ᠃ ᠴᠢᠮᠡᠭᠡ ᠵᠠᠩᠬᠢ ᠶᠢᠨ ᠮᠡᠬᠡᠯᠡᠯ ᠢ ᠡᠰᠡᠷᠬᠦᠴᠡᠬᠦ ᠤᠬᠠᠭᠤᠯᠤᠨ ᠳᠠᠢᠯᠪᠤᠷᠢᠯᠠᠬᠤ ᠳᠠᠪᠴᠠᠩ᠂ ᠰᠤᠷᠤᠯᠭ᠎ᠠ ᠪᠠᠨ ᠳᠤᠷᠭᠤᠨ ᠵᠤᠬᠰᠤᠬᠰᠠᠨ ᠬᠡᠤᠬᠡᠳ ᠢ ᠳᠤᠰᠠᠯᠠᠬᠤ | ᠡᠩᠨᠡᠭᠡ᠂ ᠭᠤᠤᠨᠢ ᠵᠡᠮᠳᠡᠭ ᠨᠠᠰᠤᠳᠠᠨ ᠢ ᠳᠤᠰᠠᠯᠠᠬᠤ ᠠᠵᠢᠯᠯᠠᠭ᠎ᠠ ᠳᠤ ᠴᠦᠮ ᠲᠡᠬᠦᠨ ᠤ ᠪᠠᠷ᠎ᠠ ᠰᠡᠬᠦᠳᠡᠷ ᠬᠠᠷᠠᠬᠳᠠᠵᠦ᠂ ᠲᠡᠷᠡ ᠦᠢᠯᠡ ᠠᠵᠢᠯᠯᠠᠭ᠎ᠠ ᠪᠠᠷ ᠢᠶᠠᠨ | ᠨᠡᠶᠢᠬᠡᠮ ᠨᠠᠶᠢᠳᠠ ᠳᠤ ᠬᠠᠶᠢᠷ᠎ᠠ ᠬᠠᠯᠠᠮᠵᠢ ᠪᠠ ᠬᠤᠪᠢ ᠨᠡᠮᠡᠷᠢ ᠪᠠᠨ ᠦᠵᠡᠬᠦᠯᠵᠦ ᠪᠠᠶᠢᠨ᠎ᠠ᠃ | | | |