| | ᠤᠶᠢᠷ᠎ᠡ ᠳᠤ ᠂ ᠵᠡᠬᠦᠡᠭᠠᠷ ᠵᠤᠤ ᠪᠠᠯᠭᠠᠰᠤᠨ ᠳᠤ《 ᠠᠴᠢ ᠶᠢ ᠮᠠᠳᠠᠷᠠᠵᠦ ᠬᠠᠷᠢᠭᠤᠯᠠᠨ ᠨᠠᠮ ᠪᠠ ᠤᠯᠤᠰ ᠢᠶᠠᠨ ᠬᠠᠶᠢᠷᠠᠯᠠᠵᠤ ᠨᠤᠳᠤᠭ ᠤᠰᠤ ᠪᠠᠨ ᠬᠠᠶᠢᠷᠠᠯᠠᠬᠤ | 》ᠭᠤᠤᠯ ᠰᠡᠳᠦᠪᠳᠤ ᠬᠦᠮᠦᠵᠢᠯ ᠦᠢᠯᠡᠳᠦᠯᠬᠡ ᠶᠢᠨ ᠠᠵᠢᠯᠯᠠᠭ᠎ᠠ ᠶᠠᠪᠤᠬᠳᠠᠪᠠ ᠃ ᠳᠤᠰ ᠪᠠᠯᠭᠠᠰᠤ ᠶᠢᠨ ᠳᠡᠳ᠋ ᠰᠠᠯᠠᠭᠠᠨ ᠳᠡᠰ ᠠᠴᠠ ᠲᠡᠭᠡᠭᠰᠢᠬᠢ ᠤᠳᠤᠷᠢᠳᠤᠯᠭ᠎ᠠ ᠂ | ᠡᠯ᠎ᠡ ᠲᠤᠰᠬᠤᠨ ᠨᠡᠶᠢᠬᠡᠮ ᠳᠤᠭᠤᠷᠢᠭ ᠤᠨ ᠨᠠᠮ ᠤᠨ ᠡᠬᠦᠷ ᠤᠨ ᠱᠦᠵᠢ ᠂ ᠵᠠᠯᠠᠭᠤ ᠺᠠᠳ᠋ᠷ ᠂ ᠨᠤᠳᠤᠭ ᠲᠠᠭᠠᠨ ᠪᠤᠴᠠᠬᠰᠠᠨ ᠤᠶᠤᠳᠠᠨ ᠪᠠ ᠦᠨᠳᠦᠷ ᠳᠤᠮᠳᠠᠳᠤ ᠶᠢᠨ | ᠵᠠᠷᠢᠮ ᠰᠤᠷᠤᠬᠴᠢᠳ ᠠᠵᠢᠯᠯᠠᠭ᠎ᠠ ᠳᠤ ᠤᠷᠤᠯᠴᠠᠪᠠ ᠃ | ᠬᠤᠷᠡᠯ ᠳᠡᠬᠡᠷ᠎ᠡ ᠂ ᠠᠵᠤ ᠠᠬᠤᠶᠢᠯᠡᠯ ᠤᠨ ᠬᠠᠮᠢᠶᠠᠷᠤᠯᠳᠡ ᠶᠢ ᠦᠢᠯᠡᠳᠦᠯᠬᠡᠵᠢᠬᠦᠯᠬᠦ ᠳᠤᠰᠬᠠᠢ ᠮᠡᠷᠬᠡᠵᠢᠯᠳᠡᠨ ᠂ ᠤᠤᠷ ᠰᠤᠶᠤᠯ ᠤᠨ ᠰᠤᠳᠤᠯᠤᠯ ᠤᠨ | ᠤᠯᠠᠮᠵᠢᠯᠠᠬᠴᠢ ᠵᠠᠩ ᠶᠦᠡᠭ ᠯᠢᠨ ᠢ ᠤᠷᠢᠵᠤ《 ᠤᠤᠷ ᠰᠤᠶᠤᠯ ᠤᠨ ᠰᠤᠳᠤᠯᠤᠯ ᠤᠨ ᠶᠠᠷᠢᠶᠡᠨ ᠤ ᠳᠠᠪᠴᠠᠩ》 ᠤᠨ ᠳᠤᠰᠬᠠᠢ ᠰᠡᠳᠦᠪᠳᠤ ᠲᠠᠶᠢᠯᠤᠮᠵᠢ ᠬᠢᠯᠬᠡᠪᠡ ᠃ | ᠲᠠᠶᠢᠯᠤᠮᠵᠢ ᠳᠤ ᠵᠠᠩ ᠶᠦᠡᠭ ᠯᠢᠨ PPT ᠂ ᠸᠢᠳᠢᠤ᠋ ᠦᠵᠡᠬᠦᠯᠬᠦ ᠬᠡᠯᠪᠡᠷᠢ ᠪᠠᠷ《 ᠰᠢᠨ᠎ᠡ ᠴᠠᠭ ᠦᠶ᠎ᠡ ᠂ ᠰᠢᠨ᠎ᠡ ᠵᠢᠳᠬᠦᠯ ᠴᠢᠷᠮᠠᠶᠢᠯᠭ᠎ᠠ— ᠡᠷᠴᠢ ᠵᠤᠷᠢᠭ ᠬᠡᠪ | ᠪᠤᠯᠪᠠᠰᠤᠷᠠᠯ ᠦᠷᠬᠡᠨ ᠮᠡᠳᠡᠯᠬᠡ ᠤᠯᠤᠰ ᠲᠠᠭᠠᠨ ᠠᠴᠢ ᠬᠠᠷᠢᠭᠤᠯᠠᠬᠤ》 ᠪᠠᠷ ᠭᠤᠤᠯ ᠰᠡᠳᠦᠪ ᠪᠤᠯᠭᠠᠵᠤ ᠂ ᠠᠴᠢᠯᠠᠯ ᠵᠢᠷᠤᠮ ᠂ ᠠᠭᠤᠳᠠᠮᠴᠢ ᠦᠷᠦᠰᠢᠶᠡᠯ ᠂ ᠶᠤᠰᠤ | ᠰᠤᠷᠳᠠᠬᠤᠨ ᠂ ᠤᠶᠤᠨ ᠤᠬᠠᠭᠠᠨ ᠂ ᠢᠳᠡᠬᠡᠯ ᠨᠠᠶᠢᠳᠠᠪᠤᠷᠢ ᠵᠡᠷᠭᠡ ᠪᠦᠬᠦ ᠳᠠᠯ᠎ᠠ ᠶᠢ ᠬᠠᠮᠤᠷᠴᠤ ᠳᠡᠶᠢᠯᠦᠮᠵᠢ ᠬᠢᠪᠡ ᠃ ᠵᠠᠯᠠᠭᠤ ᠤᠶᠤᠳᠠᠳ ᠢ ᠪᠤᠳᠠᠳᠠᠢ ᠠᠴᠠ ᠪᠠᠨ | ᠡᠬᠦᠰᠦᠨ ᠂ ᠤᠳᠤᠬᠠᠨ ᠠᠴᠠ ᠡᠬᠢᠯᠡᠨ ᠬᠢᠵᠤ ᠂ ᠨᠡᠶᠢᠬᠡᠮ ᠵᠢᠷᠤᠮ ᠤᠨ ᠭᠤᠤᠯᠯᠠᠬᠴᠢ ᠦᠷᠳᠡᠭ ᠤᠨ ᠦᠵᠡᠯᠳᠡ ᠶᠢ ᠦᠢᠯᠡᠳᠦᠯᠬᠡᠵᠢᠬᠦᠯᠵᠤ ᠂ ᠤᠯᠤᠰ ᠢᠶᠠᠨ | ᠬᠠᠶᠢᠷᠠᠯᠠᠬᠤ ᠂ ᠦᠢᠯᠡᠰ ᠢᠶᠠᠨ ᠳᠡᠬᠡᠳᠦᠯᠡᠬᠦ ᠂ ᠢᠳᠡᠬᠡᠯ ᠨᠠᠶᠢᠳᠠᠪᠤᠷᠢᠳᠡᠢ ᠂ ᠨᠦᠬᠦᠷᠰᠡᠭ ᠳᠤᠳᠤᠨᠤ ᠰᠠᠶᠢᠨ ᠵᠠᠯᠠᠭᠤᠴᠤᠳ ᠪᠤᠯᠵᠦ ᠂ ᠲᠡᠳᠡᠨᠡᠷ ᠤᠨ ᠬᠦᠳᠡᠭᠡ ᠳᠤᠰᠬᠤᠨ | ᠤ ᠪᠦᠳᠦᠬᠡᠨ ᠪᠠᠶᠢᠭᠤᠯᠤᠯᠳᠠ ᠳᠤ ᠢᠳᠡᠪᠬᠢᠯᠡᠨ ᠤᠷᠤᠯᠴᠠᠵᠤ ᠦᠨᠳᠦᠰᠦᠳᠡᠨ ᠤ ᠮᠠᠨᠳᠤᠯᠳᠠ ᠶᠢᠨ ᠡᠬᠦᠷᠬᠡ ᠶᠢ ᠡᠬᠦᠷᠭᠡᠯᠡᠭᠰᠡᠨ ᠴᠠᠭ ᠦᠶ᠎ᠡ ᠶᠢᠨ ᠰᠢᠨ᠎ᠡ ᠬᠦᠮᠦᠨ | ᠪᠤᠯᠬᠤ ᠶᠢ ᠵᠤᠷᠢᠬᠵᠢᠭᠤᠯᠪᠠ ᠃ ᠬᠤᠷᠡᠯ ᠳᠤ ᠤᠷᠤᠯᠴᠠᠬᠰᠠᠳ ᠬᠢᠴᠢᠶᠡᠯ ᠬᠦᠮᠦᠵᠢᠯ ᠤᠨ ᠠᠭᠤᠯᠭ᠎ᠠ ᠨᠢ ᠡᠯᠪᠡᠭ ᠪᠠᠶᠠᠯᠢᠭ ᠂ ᠳᠠᠶᠢᠯᠪᠤᠷᠢᠯᠡᠯᠳᠡ ᠨᠢ ᠵᠦᠪ | ᠤᠨᠤᠪᠴᠢᠳᠡᠢ ᠂ ᠰᠤᠩᠭᠤᠳᠠᠭ ᠨᠤᠮ ᠠᠴᠠ ᠡᠰᠢᠯᠡᠨ ᠨᠡᠶᠢᠳᠡᠯᠢᠭ ᠵᠢᠱᠢᠶ᠎ᠡ ᠪᠠᠷ ᠦᠯᠢᠳᠬᠡᠵᠤ ᠂ ᠨᠤᠳᠠᠯᠠᠯᠳᠠ ᠨᠢ ᠬᠦᠨ ᠬᠦᠨᠵᠡᠬᠡᠢ ᠪᠤᠯᠵᠤ ᠂ ᠤᠨᠤᠯᠴᠢ ᠴᠢᠨᠡᠷ ᠂ | ᠦᠵᠡᠯ ᠰᠠᠨᠠᠭᠠᠴᠢ ᠴᠢᠨᠡᠷ ᠂ ᠦᠢᠯᠡᠳᠦᠯᠬᠡᠴᠢ ᠴᠢᠨᠡᠷ ᠢᠶᠠᠷ ᠴᠢᠩᠭ᠎ᠠ ᠪᠠᠶᠢᠵᠦ ᠂ ᠨᠢᠬᠡᠨ ᠤᠳᠠᠭᠠᠨ ᠤ ᠰᠤᠨᠢᠷᠬᠠᠯᠳᠡᠢ ᠂ ᠨᠦᠯᠦᠬᠡᠯᠡᠬᠦ ᠬᠦᠴᠤᠨ ᠲᠠᠢ ᠬᠢᠴᠢᠶᠡᠯ | ᠪᠤᠯᠤᠬᠰᠠᠨ ᠪᠠᠶᠢᠨ᠎ᠠ ᠬᠡᠵᠤ ᠨᠢᠬᠡᠳᠦᠯᠳᠡᠢ ᠦᠵᠡᠵᠡᠬᠡᠪᠡ ᠃ | ᠲᠡᠳᠡᠨᠡᠷ《 ᠨᠢᠳᠤ ᠪᠠᠷ ᠢᠶᠠᠨ ᠦᠵᠡᠵᠤ ᠴᠢᠬᠢ ᠪᠠᠷ ᠢᠶᠠᠨ ᠰᠤᠨᠤᠰᠬᠤ》ᠳᠤᠭᠤᠷᠢᠨ ᠦᠵᠡᠬᠦ ᠰᠤᠷᠤᠯᠴᠠᠯᠭ᠎ᠠ ᠶᠢᠨ ᠬᠡᠯᠪᠡᠷᠢ ᠪᠠᠷ ᠳᠠᠮᠵᠢᠵᠤ ᠂ ᠵᠡᠬᠦᠡᠭᠠᠷ ᠵᠤᠤ | ᠳᠤᠰᠬᠤᠨ ᠂ ᠰᠧ ᠳ᠋ᠤᠤ ᠯᠢᠦ ᠳᠤᠰᠬᠤᠨ ᠂ ᠬᠤᠸᠠ ᠲᠡᠮᠡᠬᠡᠳᠤ ᠳᠤᠰᠬᠤᠨ ᠳᠤ ᠬᠦᠷᠴᠦ ᠮᠠᠨ ᠱᠢ ᠪᠦᠯᠦᠭᠯᠡᠯ ᠤᠨ ᠳᠠᠷᠢᠶᠠᠯᠠᠩ ᠮᠠᠯᠵᠢᠯ ᠤᠨ ᠳᠠᠯᠠᠪᠠᠢ ᠂ ᠳᠦᠮᠡᠨ | ᠦᠬᠡᠷ ᠳᠡᠵᠢᠬᠡᠨ ᠠᠷᠠᠴᠢᠯᠠᠬᠤ ᠳᠦᠷᠦᠯ ᠵᠦᠢᠯ ᠂ ᠯᠢᠤᠢ ᠵᠢᠤᠢ ᠷᠧᠨ ᠳᠡᠷᠬᠡᠨ ᠵᠤᠬᠰᠤᠭᠠᠯ ᠤᠨᠲ᠋ᠦ᠋ᠷᠦᠯ ᠵᠦᠢᠯ ᠵᠡᠷᠬᠡ ᠳᠤᠰᠬᠤᠨ ᠤ ᠬᠠᠮᠳᠤ ᠶᠢᠨ ᠠᠵᠤ ᠠᠬᠤᠢ ᠶᠢᠨ | ᠠᠵᠤ ᠦᠢᠯᠡᠰ ᠢ ᠪᠤᠳᠠᠳᠤ ᠭᠠᠵᠠᠷ ᠲᠤᠨᠢ ᠳᠤᠭᠤᠷᠢᠨ ᠦᠵᠡᠵᠤ ᠂ ᠨᠤᠳᠤᠭ ᠤᠰᠤᠨ ᠤ ᠪᠠᠨ ᠠᠵᠤ ᠦᠢᠯᠡᠰ ᠤᠨ ᠬᠦᠭᠵᠢᠯᠳᠡ ᠶᠢ ᠬᠠᠮᠳᠤᠪᠡᠷ ᠦᠵᠡᠵᠦ ᠬᠡᠷᠡᠴᠢᠯᠡᠪᠡ ᠃ | 《 ᠳᠤᠰ ᠤᠳᠠᠭᠠᠨ ᠤ ᠠᠵᠢᠯᠯᠠᠭ᠎ᠠ ᠪᠠᠷ ᠳᠠᠮᠵᠢᠵᠤ ᠨᠤᠳᠤᠭ ᠤᠰᠤᠨ ᠤ ᠪᠠᠨ ᠠᠵᠤ ᠦᠢᠯᠡᠰ ᠤᠨ ᠬᠦᠭᠵᠢᠯᠳᠡ ᠶᠢ ᠤᠶᠢᠯᠠᠭᠠᠵᠤ ᠂ ᠨᠤᠳᠤᠭ ᠤᠰᠤᠨ ᠤ ᠪᠠᠨ | ᠳᠤᠬᠬᠢ ᠤᠯᠠᠮ ᠬᠦᠨᠵᠡᠬᠡᠢ ᠤᠶᠢᠯᠠᠭᠠᠯᠳᠠ ᠲᠠᠢ ᠪᠤᠯᠤᠯ᠎ᠠ ᠃ ᠵᠡᠬᠦᠡᠭᠠᠷ ᠵᠤᠤ ᠪᠠᠯᠭᠠᠰᠤ ᠶᠢᠨ ᠤᠶᠤᠳᠠᠳ ᠤᠨ ᠬᠦᠮᠦᠵᠢᠯ ᠤᠨ ᠠᠵᠢᠯᠯᠠᠭᠠᠨ ᠤ ᠰᠠᠭᠤᠷᠢ ᠮᠦᠡᠭᠬᠦ ᠨᠢ | ᠮᠠᠨ ᠤ ᠤᠶᠤᠳᠠᠳ ᠤᠨ ᠪᠢᠴᠢᠭ ᠨᠤᠮ ᠰᠤᠷᠴᠤ ᠦᠬᠡᠳᠡᠯᠡᠨ ᠳᠠᠪᠰᠢᠬᠤ ᠳᠤ ᠲᠤᠰᠠᠯᠠᠪᠠ ᠃ ᠪᠢᠳᠠ ᠳᠡᠬᠦᠰᠦᠭᠰᠡᠨ ᠤ ᠳᠠᠷᠠᠭ᠎ᠠ ᠨᠤᠳᠤᠭ ᠲᠠᠭᠠᠨ ᠪᠤᠴᠠᠨ ᠢᠷᠡᠵᠦ ᠂ | ᠨᠤᠳᠤᠭ ᠤᠰᠤᠨ ᠤ ᠪᠠᠨ ᠬᠦᠭᠵᠢᠯᠳᠡ ᠶᠢ ᠳᠠᠶᠢᠴᠢᠯᠠᠵᠤ ᠂ ᠨᠤᠳᠤᠭ ᠤᠰᠤᠨ ᠳᠠᠭᠠᠨ ᠨᠡᠩ ᠰᠠᠶᠢᠳᠤᠷ ᠦᠢᠯᠡᠴᠢᠯᠡᠵᠤ ᠂ ᠨᠡᠶᠢᠬᠡᠮ ᠨᠡᠶᠢᠳᠡ ᠳᠤ | ᠦᠢᠯᠡᠴᠢᠯᠡᠨ᠎ᠠ》ᠬᠡᠵᠤ ᠦᠪᠤᠷ ᠮᠤᠩᠭᠤᠯ ᠤᠨ ᠰᠢᠨᠵᠢᠯᠡᠬᠦ ᠤᠬᠠᠭᠠᠨ ᠮᠡᠷᠬᠡᠵᠢᠯ ᠤᠨ ᠶᠡᠭᠡ ᠰᠤᠷᠭᠠᠭᠤᠯᠢ ᠶᠢᠨ ᠬᠤᠶᠠᠳᠤᠭᠠᠷ ᠤᠨ ᠤ ᠤᠶᠤᠳᠠᠨ ᠯᠢ ᠰᠢᠨ ᠶᠠᠷᠢᠵᠤ | ᠪᠠᠶᠢᠯ᠎ᠠ ᠃ | ᠠᠵᠢᠯᠯᠠᠭ᠎ᠠ ᠳᠤᠮᠳᠠ ᠂ ᠪᠠᠰᠠ《 ᠨᠤᠳᠤᠭ ᠤᠰᠤ ᠪᠠᠨ ᠰᠤᠨᠢᠷᠬᠠᠨ ᠬᠤᠪᠢᠷᠡᠯᠳᠡ ᠶᠢ ᠶᠠᠷᠢᠯᠴᠠᠵᠦ ᠂ ᠨᠠᠮ ᠤᠨ ᠠᠴᠢ ᠶᠢ ᠮᠠᠳᠠᠷᠠᠵᠦ ᠢᠷᠡᠬᠡᠳᠦᠢ ᠪᠠᠨ | ᠪᠠᠷᠠᠯᠠᠬᠤ》ᠨᠤᠳᠤᠭ ᠲᠠᠭᠠᠨ ᠪᠤᠴᠠᠬᠰᠠᠨ ᠤᠶᠤᠳᠠᠳ ᠤᠨ ᠶᠠᠷᠢᠯᠴᠠᠬᠤ ᠬᠤᠷᠡᠯ ᠬᠢᠵᠤ ᠂ ᠳᠠᠶᠠᠭᠠᠷ ᠴᠢᠯᠦᠬᠡᠳᠡᠢ ᠶᠠᠷᠢᠯᠴᠠᠵᠤ ᠂ ᠨᠤᠳᠤᠭ ᠤᠰᠤᠨ ᠤ ᠪᠠᠨ ᠳᠦᠯᠦᠭᠡ | ᠠᠷᠭ᠎ᠠ ᠤᠬᠠᠭᠠᠨ ᠰᠡᠳᠦᠵᠦ ᠬᠦᠭᠵᠢᠯᠳᠡ ᠶᠢ ᠰᠦᠪᠡᠭᠴᠢᠯᠡᠵᠤ ᠂ ᠨᠤᠳᠤᠭ ᠤᠷᠤᠨ ᠤ ᠬᠦᠭᠵᠢᠯᠳᠡ ᠶᠢ ᠬᠦᠰᠡᠨ ᠪᠠᠷᠠᠯᠠᠪᠠ ᠃ | ᠤᠶᠢᠯᠠᠭᠠᠬᠰᠠᠨ ᠢᠶᠠᠷ ᠂ ᠳᠤᠰ ᠠᠵᠢᠯᠯᠠᠭ᠎ᠠ ᠨᠢ ᠨᠤᠳᠤᠭ ᠲᠠᠭᠠᠨ ᠪᠤᠴᠠᠬᠰᠠᠨ ᠤᠶᠤᠳᠠᠳ ᠤᠨ ᠨᠤᠳᠤᠭ ᠤᠰᠤᠨ ᠤ ᠪᠠᠨ ᠳᠤᠬᠠᠢ ᠦᠵᠡᠯᠳᠡ ᠳᠠᠨᠢᠯᠳᠡ ᠪᠠ | ᠦᠢᠯᠠᠭᠠᠯᠳᠠ ᠶᠢ ᠤᠯᠠᠮ ᠨᠢᠬᠡ ᠠᠯᠬᠤᠮ ᠨᠡᠮᠡᠭᠳᠡᠬᠦᠯᠵᠦ ᠂ ᠨᠤᠳᠤᠭ ᠲᠠᠭᠠᠨ ᠪᠤᠴᠠᠬᠰᠠᠨ ᠤᠶᠤᠳᠠᠳ ᠢ ᠬᠦᠳᠦᠯᠦᠨ ᠵᠢᠯᠤᠭᠤᠳᠴᠤ ᠤᠯᠤᠰ ᠢᠶᠠᠨ ᠬᠠᠶᠢᠷᠠᠯᠠᠨ ᠨᠠᠮ | ᠢᠶᠠᠨ ᠬᠠᠶᠢᠷᠠᠯᠠᠨ ᠨᠤᠳᠤᠭ ᠤᠰᠤ ᠪᠠᠨ ᠬᠠᠶᠢᠷᠠᠯᠠᠵᠦ ᠂ ᠨᠤᠳᠤᠭ ᠤᠰᠤᠨ ᠤ ᠲᠤᠬᠠᠢ ᠤᠬᠠᠭᠤᠯᠭ᠎ᠠ ᠶᠢ ᠰᠠᠶᠢᠳᠤᠷ ᠬᠢᠵᠤ ᠂ ᠨᠤᠳᠤᠭ ᠤᠷᠤᠨ ᠤ ᠬᠦᠭᠵᠢᠯᠳᠡ ᠶᠢᠨ | ᠲᠠᠯᠳᠠ ᠬᠦᠴᠦᠨ ᠪᠤᠯᠵᠤ ᠂ ᠠᠵᠤ ᠠᠬᠤᠢ ᠶᠢᠨ ᠪᠤᠳᠠᠳᠤ ᠬᠦᠴᠦᠨ ᠢᠶᠠᠷ ᠨᠡᠩ ᠴᠢᠩᠭ᠎ᠠ ᠂ ᠠᠮᠢ ᠠᠬᠤᠢ ᠤᠷᠴᠢᠨ ᠳᠤᠭᠤᠷᠢᠨ ᠨᠡᠩ ᠰᠠᠶᠢᠬᠠᠨ ᠂ ᠮᠠᠯᠴᠢᠨ | ᠳᠠᠷᠢᠶᠠᠴᠢᠨ ᠤ ᠠᠮᠢᠳᠤᠷᠡᠯ ᠨᠡᠩ ᠴᠢᠨᠡᠭᠡᠯᠢᠭ ᠂ ᠠᠷᠡᠳ ᠳᠦᠮᠡᠨ ᠤ ᠪᠤᠶᠡᠨ ᠬᠡᠰᠢᠭ ᠨᠡᠩ ᠵᠤᠵᠠᠭᠠᠨ ᠵᠡᠬᠦᠡᠭᠠᠷ ᠵᠤᠤ ᠶᠢᠨ ᠪᠦᠳᠦᠬᠡᠨ ᠪᠠᠶᠢᠭᠤᠯᠤᠯᠳᠠ ᠳᠤ | ᠢᠳᠡᠪᠬᠢᠳᠡᠢ ᠬᠤᠪᠢ ᠨᠡᠮᠡᠷᠢ ᠪᠠᠨ ᠦᠵᠡᠬᠦᠯᠬᠦ ᠶᠢ ᠵᠤᠷᠢᠵᠠᠢ ᠃ | | | |