| | | | | | | | | ᠰᠤᠷᠭᠠᠯ ᠦᠬᠡ᠄ ᠴᠢᠷᠮᠠᠶᠢᠵᠦ ᠯᠠ ᠪᠠᠶᠢᠪᠠᠯ ᠠᠮᠵᠢᠯᠳᠠ ᠤᠷᠤᠭᠤ ᠦᠢᠷᠠᠳᠤᠵᠦ᠂ ᠤᠷᠬᠢᠬᠤ ᠳᠤ ᠬᠦᠷᠪᠡᠯ ᠠᠮᠠᠷᠬᠠᠨ ᠠᠯᠳᠠᠬᠳᠠᠨᠠ᠃ | ᠯᠢᠤ ᠶᠦᠡᠭ ᠵᠢᠶᠦ᠋ᠨ᠂ ᠡᠷᠡᠭᠳᠡᠢ᠂ ᠮᠤᠩᠭᠤᠯ ᠦᠨᠳᠦᠰᠦᠳᠡᠨ᠂1976 ᠤᠨ ᠤ 4 ᠰᠠᠷ᠎ᠠ ᠳᠤ ᠲᠦᠷᠦᠪᠠ᠂ ᠵᠠᠬᠦᠠᠭᠠᠷ ᠬᠤᠰᠢᠭᠤᠨ ᠤ ᠬᠦᠮᠦᠨ᠂ | ᠲᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠬᠦᠨ᠂ 1999 ᠤᠨ ᠤ 9 ᠰᠠᠷ᠎ᠠ ᠳᠤ ᠠᠵᠢᠯ ᠳᠤ ᠤᠷᠤᠪᠠ᠂ ᠤᠳᠤ ᠵᠠᠬᠦᠠᠭᠠᠷ ᠬᠤᠰᠢᠭᠤᠨ ᠤ ᠰᠤᠶᠤᠯ | ᠵᠢᠭᠤᠯᠴᠢᠯᠠᠯ ᠤᠨ ᠶᠡᠷᠦᠩᠬᠡᠶᠢᠯᠡᠭᠰᠡᠨ ᠬᠠᠤᠯᠢ ᠬᠡᠷᠡᠭᠵᠢᠬᠦᠯᠬᠦ ᠲᠤᠪᠴᠢᠶᠠᠨ ᠤ ᠲᠠᠷᠤᠭ᠎ᠠ ᠶᠢᠨ ᠲᠤᠰᠢᠶᠠᠯ ᠢ ᠬᠠᠷᠢᠭᠤᠴᠠᠵᠦ ᠪᠤᠢ᠃ 2005 ᠤᠨ ᠤ 12 ᠰᠠᠷ᠎ᠠ | ᠳᠤ᠂ ᠯᠢᠤ ᠶᠦᠡᠭ ᠵᠢᠶᠦ᠋ᠨ ᠠᠩᠬ᠎ᠠ ᠤᠳᠠᠭ᠎ᠠ ᠴᠢᠰᠤ ᠪᠠᠨ ᠶᠡᠬᠦᠯᠡᠵᠦ ᠬᠠᠨᠳᠢᠪᠯᠠᠬᠤ ᠠᠵᠢᠯᠯᠠᠭ᠎ᠠ ᠳᠤ ᠤᠷᠤᠯᠴᠠᠭᠠᠳ ᠴᠢᠰᠤ ᠪᠦᠳᠦᠬᠡᠬᠦ ᠭᠤᠤᠯ ᠡᠰ ᠢᠶᠠᠨ | ᠬᠠᠨᠳᠢᠪᠯᠠᠬᠤ ᠭᠤᠶᠤᠴᠢᠯᠠᠭ᠎ᠠ ᠶᠢᠨ ᠪᠢᠴᠢᠭ ᠪᠢᠴᠢᠵᠦ᠂ ᠲᠤᠮᠳᠠᠳᠤ ᠤᠯᠤᠰ ᠤᠨ ᠴᠢᠮᠦᠬᠡ ᠶᠢᠨ ᠬᠦᠮᠦᠷᠬᠡ ᠶᠢᠨ ᠰᠠᠶᠢᠨ ᠲᠤᠷᠠᠴᠤᠤᠯ ᠤᠨ ᠨᠢᠬᠡ ᠨᠢ ᠪᠤᠯᠵᠡᠢ᠃ | 2017 ᠤᠨ ᠤ 11ᠰᠠᠷ᠎ᠠ ᠳᠤ᠂ ᠤᠯᠠᠭᠠᠨ ᠵᠠᠭᠠᠯᠮᠠᠶᠢᠳᠠᠨ ᠤ ᠨᠠᠶᠢᠬᠡᠮᠯᠢᠭ ᠤᠨ ᠬᠢᠨ ᠤ ᠤᠳᠠᠰᠤ ᠶᠢ ᠲᠤᠰᠬᠤ ᠳᠤ᠂ ᠯᠢᠤ ᠶᠦᠡᠭ ᠵᠢᠶᠦ᠋ᠨ ᠤ ᠴᠢᠰᠤ | ᠪᠦᠳᠦᠬᠡᠬᠦ ᠭᠤᠤᠯ ᠡᠰ ᠨᠢ ᠨᠢᠬᠡᠨ ᠴᠢᠰᠦᠨ ᠡᠪᠡᠳᠴᠢᠳᠠᠨ ᠲᠠᠢ ᠲᠤᠬᠢᠷᠠᠯᠴᠠᠬᠰᠠᠨ ᠬᠡᠳᠡᠭ ᠢ ᠮᠡᠳᠡᠭᠳᠡᠪᠡ᠃ 2018 ᠤᠨ ᠤ 3 ᠰᠠᠷ᠎ᠠ ᠶᠢᠨ 20 ᠤ ᠡᠳᠦᠷ᠂ | ᠬᠤᠰᠢᠭᠤᠨ ᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠬᠢᠨ ᠤ ᠠᠵᠢᠯᠳᠠᠨ ᠤ ᠪᠠᠷᠠᠳᠠᠯᠭ᠎ᠠ ᠪᠠᠷ᠂ ᠪᠡᠬᠡᠵᠢᠩ ᠳᠤ ᠬᠦᠷᠴᠤ ᠴᠢᠰᠤ ᠪᠦᠳᠦᠬᠡᠬᠦ ᠭᠤᠤᠯ ᠡᠰ ᠢᠶᠠᠨ | ᠬᠠᠨᠳᠢᠪᠯᠠᠬᠤ ᠪᠠᠷ ᠪᠤᠯᠪᠠ᠃ 3 ᠰᠠᠷ᠎ᠠ ᠶᠢᠨ 21 ᠤ ᠡᠳᠦᠷ᠂ ᠲᠠᠯᠠᠢ ᠶᠢᠨ ᠴᠡᠷᠢᠭ ᠤᠨ ᠶᠡᠷᠦᠩᠬᠡᠢ ᠡᠮᠨᠡᠯᠬᠡ ᠶᠢᠨ ᠬᠤᠷᠢᠶᠠᠨ ᠤ ᠴᠢᠰᠦᠨ ᠤ ᠰᠠᠯᠠᠭ᠎ᠠ ᠶᠢᠨ ᠡᠮᠨᠡᠯᠬᠡ | ᠳᠤ ᠤᠷᠤᠪᠠ᠃ ᠠᠵᠢᠯᠳᠠᠨ ᠠᠴᠠ ᠲᠡᠬᠦᠨ ᠳᠤ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠨᠢ ᠬᠦᠮᠦᠨ ᠤ ᠠᠮᠢ ᠨᠠᠰᠤ ᠶᠢ ᠠᠪᠤᠷᠠᠵᠦ ᠴᠢᠳᠠᠳᠠᠭ᠂ ᠲᠡᠷᠡ | ᠪᠠᠷ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠰᠠᠳ ᠤᠨ ᠲᠤᠬᠢᠷᠠᠯᠴᠠᠬᠤ ᠨᠤᠷᠮ᠎ᠠ ᠨᠢ ᠲᠤᠩ ᠲᠤᠤᠷ᠎ᠠ ᠪᠠᠶᠢᠵᠦ᠂ ᠠᠷᠪᠠᠨ ᠲᠦᠮᠡᠨ ᠤ ᠨᠢᠬᠡ ᠴᠢᠨᠠᠬᠰᠢᠯᠠᠨ | ᠵᠠᠭᠤᠨ ᠲᠦᠮᠡᠨ ᠤ ᠨᠢᠬᠡ ᠲᠡᠳᠦᠢ ᠯᠠ ᠪᠠᠶᠢᠳᠠᠭ ᠬᠡᠵᠦ ᠬᠡᠯᠡᠵᠦ ᠪᠠᠶᠢᠯ᠎ᠠ᠃ ᠲᠡᠷᠡ ᠡᠪᠡᠳᠴᠢᠳᠠᠨ ᠢ ᠡᠮᠨᠡᠨ ᠵᠠᠰᠠᠵᠦ ᠡᠳᠡᠬᠡᠷᠡᠬᠦᠯᠬᠦ ᠤᠷᠬᠢᠯᠤᠮ᠎ᠠ ᠬᠠᠯᠠᠭᠤᠨ | ᠰᠡᠳᠬᠢᠯᠬᠡ ᠶᠢ ᠡᠪᠤᠷᠯᠡᠵᠦ᠂ ᠬᠠᠮᠢᠶ᠎ᠠ ᠪᠦᠬᠦᠢ ᠰᠤᠷᠠᠭ ᠵᠠᠩᠬᠢ ᠪᠠᠨ ᠲᠠᠬᠯᠠᠭᠠᠳ ᠢᠷᠠᠭᠤ ᠠᠯᠳᠠᠷᠳᠡᠢ ᠪᠠᠷ ᠲᠤᠮᠳᠠᠳᠤ ᠶᠢᠨ ᠴᠢᠮᠦᠬᠡ ᠶᠢᠨ ᠬᠦᠮᠦᠷᠬᠡ ᠶᠢᠨ ᠰᠠᠶᠢᠨ | ᠲᠤᠷᠠᠴᠤᠤᠯ ᠤᠨ ᠨᠢᠬᠡ ᠨᠢ ᠪᠤᠯᠵᠡᠢ᠃ | ᠡᠷᠡᠬᠦᠯ ᠪᠡᠶ᠎ᠠ ᠪᠠᠨ ᠪᠠᠳᠤᠯᠠᠬᠤ ᠪᠠᠷ᠂ ᠲᠡᠷᠡ ᠡᠳᠦᠷ ᠪᠦᠷᠢ ᠠᠯᠬᠤᠵᠦ ᠪᠡᠶ᠎ᠠ ᠪᠠᠨ ᠲᠠᠪᠳᠠᠨ ᠪᠤᠯᠪᠠᠰᠤᠷᠠᠭᠤᠯᠳᠠᠭ᠃ ᠲᠠᠭᠠᠤ ᠳᠤ ᠨᠢ ᠲᠡᠷᠡ ᠬᠠᠮᠳᠤ | ᠠᠵᠢᠯᠯᠠᠬᠰᠠᠳ ᠲᠠᠭᠠᠨ ᠴᠢᠰᠤ ᠬᠠᠨᠳᠢᠪᠯᠠᠬᠰᠠᠨ ᠰᠠᠶᠢᠨ ᠲᠠᠯ᠎ᠠ ᠶᠢ ᠵᠤᠷᠢᠬᠳᠡᠢ ᠶᠠᠷᠢᠨ ᠦᠭᠴᠤ᠂ ᠪᠠᠶᠢᠭᠤᠯᠭ᠎ᠠ ᠶᠢᠨ ᠢᠶᠠᠨ ᠬᠠᠮᠳᠤ ᠠᠵᠢᠯᠯᠠᠬᠰᠠᠳ ᠢᠶᠠᠨ ᠵᠢᠯ ᠪᠦᠷᠢ | ᠨᠢᠬᠡ ᠤᠳᠠᠭ᠎ᠠ ᠴᠢᠰᠤ ᠪᠠᠨ ᠬᠠᠨᠳᠢᠪᠯᠠᠬᠤ ᠶᠢ ᠲᠠᠶᠢᠴᠢᠯᠠᠳᠠᠭ ᠪᠠᠶᠢᠯ᠎ᠠ᠃ 2017 ᠤᠨ ᠤ 11 ᠰᠠᠷ᠎ᠠ ᠳᠤ᠂ ᠭᠠᠷ ᠤᠳᠠᠰᠤ ᠲᠤᠰᠤᠬᠰᠠᠨ ᠶᠠᠪᠤᠳᠠᠯ ᠨᠢ ᠲᠡᠬᠦᠨ ᠤ | ᠡᠩ ᠤᠨ ᠠᠮᠢᠳᠤᠷᠠᠯ ᠠᠬᠤᠢ ᠳᠤ ᠨᠢ ᠬᠤᠪᠢᠷᠠᠯᠳᠠ ᠭᠠᠷᠭᠠᠪᠠ᠄《ᠯᠢᠤ ᠶᠦᠡᠭ ᠵᠢᠶᠦ᠋ᠨ ᠤ ᠴᠢᠰᠤ ᠪᠦᠳᠦᠬᠡᠬᠦ ᠭᠤᠤᠯ ᠡᠰ ᠨᠢ ᠨᠢᠬᠡᠨ ᠴᠢᠰᠦᠨ ᠡᠪᠡᠳᠴᠢᠳᠠᠨ ᠲᠠᠢ | ᠲᠤᠬᠢᠷᠠᠯᠴᠠᠬᠰᠠᠨ ᠪᠠᠶᠢᠯ᠎ᠠ︕ 》ᠡᠨᠡ ᠦᠶ᠎ᠠ ᠳᠤ ᠲᠡᠷᠡ ᠶᠡᠬᠡᠳᠠ ᠪᠠᠶᠠᠷᠯᠠᠬᠤ ᠳᠤ ᠴᠠᠭᠠᠳᠤᠬᠢ ᠨᠢ ᠴᠤ ᠨᠠᠩ ᠢᠯᠡᠬᠦᠦ ᠪᠠᠶᠠᠷᠯᠠᠨ ᠲᠠᠯᠠᠷᠬᠠᠪᠠ᠃ ᠯᠢᠤ ᠶᠦᠡᠭ | ᠵᠢᠶᠦ᠋ᠨ ᠲᠤᠤᠷ᠎ᠠ ᠪᠠᠨ ᠬᠦᠯᠢᠶᠠᠨ ᠠᠪᠴᠤ᠄《 ᠪᠤᠯᠤᠨ᠎ᠠ᠂ ᠪᠤᠯᠤᠨ᠎ᠠ᠂ ᠪᠢ ᠴᠢᠰᠤ ᠪᠦᠳᠦᠬᠡᠬᠦ ᠭᠤᠤᠯ ᠡᠰ ᠢᠶᠠᠨ ᠲᠤᠷᠠᠳᠠᠶ᠎ᠠ ᠬᠠᠨᠳᠢᠪᠯᠠᠨ᠎ᠠ᠂ ᠠᠮᠢ ᠨᠠᠰᠤ ᠶᠢ | ᠠᠪᠤᠷᠠᠬᠤ ᠨᠢ ᠴᠢᠬᠤᠯᠠ ᠰᠢᠤ》ᠬᠡᠵᠦ ᠬᠠᠷᠢᠭᠤᠯᠤᠯ᠎ᠠ᠃ ᠭᠠᠷ ᠤᠳᠠᠰᠤ ᠪᠠᠨ ᠲᠠᠷᠤᠭᠠᠳ ᠲᠡᠷᠡ ᠡᠨᠡ ᠬᠦ ᠡᠪᠡᠳᠴᠢᠳᠠᠨ ᠢ ᠠᠪᠤᠷᠠᠨ ᠡᠳᠡᠬᠡᠷᠡᠬᠦᠯᠬᠦ ᠴᠢᠮᠡᠭᠡ ᠪᠠᠨ | ᠬᠡᠷ ᠤᠨ ᠬᠦᠮᠦᠰ ᠲᠡᠭᠡᠨ ᠶᠠᠷᠢᠬᠤ ᠳᠤ᠂ ᠲᠡᠳᠡ ᠰᠡᠳᠬᠢᠯ ᠬᠦᠳᠡᠯᠬᠦ ᠶᠢᠨ ᠲᠠᠭᠠᠤ ᠳᠤ ᠮᠡᠯᠡᠷᠡᠴᠢᠬᠡᠪᠡ᠄《 ᠡᠨᠡ ᠨᠢ ᠬᠡᠳᠦᠶᠢᠪᠡᠷ ᠰᠠᠶᠢᠨ ᠶᠠᠪᠤᠳᠠᠯ ᠪᠤᠯᠪᠠᠴᠤ | ᠰᠠᠨᠠᠭ᠎ᠠ ᠵᠤᠪᠠᠭ᠋ᠤ ᠶᠠᠪᠤᠳᠠᠯ ᠲᠤᠳᠠᠬᠤ ᠪᠢᠰᠢ ᠳ᠋ᠠ᠂ ᠶᠡᠷᠤ ᠨᠢ ᠲᠧᠯᠸᠢᠰ ᠤᠨ ᠰᠤᠨᠢᠨ ᠮᠡᠳᠡᠭᠡ ᠠᠴᠠ ᠬᠠᠷᠠᠵᠦ ᠰᠤᠨᠤᠰᠳᠠᠭ ᠶᠠᠪᠤᠳᠠᠯ ᠬᠡᠷ ᠤᠨ ᠬᠢᠨᠢ ᠬᠦᠮᠦᠰ ᠤᠨ | ᠪᠡᠶ᠎ᠠ ᠲᠡᠬᠡᠷ᠎ᠠ ᠲᠤᠯᠵᠦ ᠢᠷᠡᠬᠦᠯᠠᠷ᠂ ᠲᠡᠳᠡ ᠪᠠᠭ᠋ᠠᠨ ᠲᠤᠯᠭᠠᠮᠳᠠᠵᠦ᠂ ᠤᠯᠠᠨ ᠵᠦᠢᠯ ᠢ ᠪᠤᠳᠤᠵᠦ ᠰᠠᠭᠤᠵᠠᠭᠠᠯ᠎ᠠ᠃ ᠢᠡᠭᠬᠢᠬᠦ ᠳᠤ᠂ ᠯᠢᠤ ᠶᠦᠡᠭ ᠵᠢᠶᠦ᠋ᠨ ᠤ ᠬᠠᠮᠤᠭ | ᠤᠨ ᠴᠢᠬᠤᠯᠠ ᠡᠬᠦᠷᠬᠡ ᠪᠤᠯ ᠬᠡᠷ ᠤᠨ ᠬᠦᠮᠦᠰ ᠲᠡᠭᠡᠨ ᠰᠠᠶᠢᠬᠠᠨ ᠲᠠᠶᠢᠯᠪᠤᠷᠢᠯᠠᠨ ᠶᠠᠷᠢᠵᠦ ᠵᠤᠪᠠᠨᠢᠯ ᠢ ᠨᠢ ᠲᠠᠶᠢᠳᠬᠤᠷᠠᠭᠤᠯᠤᠨ᠂ ᠡᠨᠡ ᠬᠦ ᠶᠠᠪᠤᠳᠠᠯ ᠢ ᠰᠠᠶᠢᠨ | ᠦᠢᠯᠠᠭᠠᠭᠤᠯᠵᠦ ᠲᠠᠮᠵᠢᠬᠦᠯᠦᠮᠠᠨᠵᠢᠨ ᠰᠠᠶ᠋ᠢ ᠬᠦᠮᠦᠨ ᠤ ᠠᠮᠢ ᠨᠠᠰᠤ ᠶᠢ ᠡᠷᠳᠡᠬᠡᠨ ᠠᠪᠤᠷᠠᠵᠦ ᠴᠢᠳᠠᠨ᠎ᠠ ᠬᠡᠳᠡᠭ ᠢ ᠮᠡᠳᠡᠵᠦ ᠪᠠᠶᠢᠯ᠎ᠠ᠃ ᠲᠡᠷᠡ ᠤᠯᠠᠨ ᠵᠦᠢᠯ ᠤᠨ | ᠠᠷᠭ᠎ᠠ ᠪᠠᠷᠢᠯ ᠢᠶᠠᠷ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠬᠤᠯᠪᠤᠬᠳᠠᠯ ᠪᠦᠬᠦᠢ ᠮᠡᠳᠡᠯᠬᠡ ᠶᠢ ᠡᠷᠢᠨ ᠤᠯᠵᠦ᠂ ᠬᠡᠷ ᠤᠨ ᠬᠦᠮᠦᠰ ᠲᠡᠭᠡᠨ ᠶᠠᠷᠢᠵᠦ | ᠲᠠᠶᠢᠯᠪᠤᠷᠢᠯᠠᠪᠠ᠃ | ᠢᠢᠨ ᠬᠦ᠂ ᠸᠢᠴᠠᠲ ᠶᠢᠨ ᠨᠠᠶᠢᠵᠠ ᠶᠢᠨ ᠲᠤᠭᠤᠷᠢᠭ ᠲᠤ ᠯᠢᠤ ᠶᠦᠡᠭ ᠵᠢᠶᠦ᠋ᠨ ᠤ ᠴᠢᠰᠤ ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠳᠤ | ᠲᠤᠬᠢᠷᠠᠯᠴᠠᠬᠰᠠᠨ ᠴᠢᠮᠡᠭᠡ ᠨᠢ ᠵᠡᠬᠦᠠᠭᠠᠷᠴᠤᠳ ᠤᠨ ᠬᠠᠯᠠᠮᠰᠢᠯ ᠶᠠᠷᠢᠶ᠎ᠠ ᠪᠤᠯᠵᠦ ᠲᠡᠯᠬᠡᠷᠡᠪᠡ᠃ ᠨᠠᠶᠢᠵᠠ ᠨᠦᠬᠦᠳ ᠤᠨ ᠬᠢᠨᠢ ᠵᠤᠷᠢᠭᠵᠢᠭᠤᠯᠤᠯ᠂ ᠤᠳᠤᠷᠢᠳᠤᠯᠭ᠎ᠠ᠂ | ᠬᠠᠮᠳᠤ ᠠᠵᠢᠯᠯᠠᠬᠰᠠᠳ ᠤᠨ ᠲᠡᠮᠵᠢᠯᠬᠡ ᠵᠢᠴᠢ ᠦᠯᠦ ᠮᠡᠳᠡᠬᠦ ᠬᠦᠮᠦᠰ ᠤᠨ ᠬᠠᠯᠠᠮᠵᠢᠯᠠᠯ ᠪᠠ ᠵᠤᠷᠢᠬᠵᠢᠭᠤᠯᠤᠯ ᠢ ᠬᠦᠷᠳᠡᠭᠰᠡᠨ ᠢᠶᠠᠷ ᠲᠡᠬᠦᠨ ᠤ ᠬᠡᠷ ᠤᠨ ᠬᠦᠮᠦᠰ ᠨᠢ | ᠰᠠᠶ᠋ᠢ ᠰᠠᠨᠠᠭ᠎ᠠ ᠠᠮᠠᠷᠠᠨ ᠵᠦᠪᠰᠢᠶᠡᠷᠡᠵᠡᠢ᠃ ᠬᠡᠷ ᠤᠨ ᠬᠦᠮᠦᠰ ᠪᠠ ᠨᠡᠶᠢᠬᠡᠮ ᠨᠠᠶᠢᠳᠠ ᠶᠢᠨ ᠦᠢᠯᠠᠭᠠᠯᠴᠠᠭ᠎ᠠ᠂ ᠬᠠᠯᠠᠮᠵᠢᠯᠠᠯ ᠲᠡᠮᠵᠢᠯᠬᠡ ᠶᠢ ᠶᠡᠬᠡᠬᠡᠨ ᠬᠦᠷᠳᠡᠭᠰᠡᠨ ᠢᠶᠠᠷ ᠂ | ᠯᠢᠤ ᠶᠦᠡᠭ ᠵᠢᠶᠦ᠋ᠨ ᠢᠳᠡᠬᠡᠯ ᠲᠦᠬᠦᠷᠠᠩ ᠪᠤᠯᠵᠦ᠂ ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠬᠦ ᠪᠠᠷ ᠪᠤᠯᠪᠠ᠃ ᠲᠡᠷᠡ ᠡᠳᠦᠷ ᠪᠦᠷᠢ ᠪᠡᠶ᠎ᠠ ᠪᠠᠨ | ᠪᠤᠯᠪᠠᠰᠤᠷᠠᠭᠤᠯᠤᠨ ᠴᠢᠬᠢᠷᠠᠭᠵᠢᠭᠤᠯᠵᠦ᠂ ᠴᠢᠰᠤ ᠪᠦᠳᠦᠬᠡᠬᠦ ᠭᠤᠤᠯ ᠡᠰ ᠤᠨ ᠴᠢᠨᠠᠷ ᠴᠢᠨᠰᠠᠭ᠎ᠠ ᠶᠢ ᠰᠠᠶᠢᠳᠤᠷ ᠪᠠᠳᠤᠯᠠᠵᠦ᠂ ᠡᠪᠡᠳᠴᠢᠳᠠᠨ ᠳᠤ ᠨᠠᠩ ᠡᠷᠡᠬᠦᠯ ᠢᠶᠠᠷ | ᠬᠦᠴᠦ ᠪᠠᠨ ᠡᠷᠬᠦᠬᠦ ᠪᠠᠷ ᠴᠢᠷᠮᠠᠶᠢᠵᠦ᠂ ᠲᠡᠷᠡ ᠬᠦ ᠡᠪᠡᠳᠴᠢᠳᠠᠨ ᠳᠤ ᠲᠠᠬᠢᠨ ᠠᠮᠢ ᠨᠠᠰᠤ ᠤᠯᠭᠤᠬᠤ ᠪᠠᠷ ᠴᠢᠷᠮᠠᠶᠢᠪᠠ︕ | 2018 ᠤᠨ ᠤ 3 ᠰᠠᠷ᠎ᠠ ᠶᠢᠨ 26 ᠤ ᠡᠳᠦᠷ ᠤᠨ ᠦᠳᠡ ᠶᠢᠨ ᠡᠮᠦᠨ᠎ᠠ᠂ ᠯᠢᠤ ᠶᠦᠡᠭ ᠵᠢᠶᠦ᠋ᠨ ᠠᠬ᠎ᠠ ᠪᠠ ᠵᠠᠬᠦᠠᠭᠠᠷ ᠬᠤᠰᠢᠭᠤᠨ ᠤ ᠤᠯᠠᠭᠠᠨ | ᠵᠠᠭᠠᠯᠮᠠᠶᠢᠳᠠᠨ ᠤ ᠨᠡᠶᠢᠬᠡᠮᠯᠢᠭ ᠤᠨ ᠲᠡᠳ᠋ ᠲᠠᠷᠤᠭ᠎ᠠ ᠯᠢ ᠯᠢᠤ ᠶᠢᠨ ᠤ ᠪᠠᠷᠠᠳᠠᠯᠭ᠎ᠠ ᠪᠠᠷ ᠲᠤᠮᠳᠠᠳᠤ ᠤᠯᠤᠰ ᠤᠨ ᠠᠷᠠᠳ ᠤᠨ ᠴᠢᠯᠦᠬᠡᠯᠡᠬᠦ ᠴᠡᠷᠢᠭ ᠤᠨ ᠲᠠᠯᠠᠢ ᠶᠢᠨ | ᠴᠡᠷᠢᠭ ᠤᠨ ᠶᠡᠷᠦᠩᠬᠡᠢ ᠡᠮᠨᠡᠯᠬᠡ ᠶᠢᠨ ᠬᠤᠷᠢᠶᠠᠨ ᠳᠤ ᠬᠦᠷᠴᠤ᠂ ᠴᠢᠰᠤ ᠪᠦᠳᠦᠬᠡᠬᠦ ᠭᠤᠤᠯ ᠡᠰ ᠢᠶᠠᠨ ᠦᠭᠴᠤ᠂ ᠡᠷᠡᠬᠦᠯ ᠴᠢᠰᠤ ᠪᠦᠳᠦᠬᠡᠬᠦ ᠭᠤᠤᠯ ᠡᠰ ᠮᠠᠨᠢ | ᠡᠪᠡᠳᠴᠢᠳᠠᠨ ᠳᠤ ᠰᠢᠨ᠎ᠠ ᠠᠮᠢ ᠨᠠᠰᠤ ᠤᠯᠭᠤᠵᠦ ᠴᠢᠳᠠᠨ᠎ᠠ ᠬᠡᠮᠡᠨ ᠲᠡᠷᠡ ᠢᠳᠡᠬᠡᠭᠰᠡᠬᠡᠷ ᠯᠠ ᠢᠷᠡᠯ᠎ᠠ᠃ | | | ᠬᠠᠨᠳᠢᠪᠯᠠᠬᠰᠠᠨ ᠤ ᠲᠠᠷᠠᠭ᠎ᠠ᠂ ᠯᠢᠤ ᠶᠦᠡᠭ ᠵᠢᠶᠦ᠋ᠨ ᠳᠤ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠬᠢᠨ ᠠᠴᠠ ᠰᠤᠷᠭᠤᠭ ᠴᠡᠴᠡᠭ ᠪᠠ ᠢᠷᠠᠭᠤ | ᠠᠯᠳᠠᠷ ᠤᠨ ᠦᠨᠡᠮᠯᠡᠯ ᠤᠯᠭᠤᠵᠦ᠂ ᠮᠦᠨ ᠴᠤ ᠤᠨᠴᠠᠭᠠᠢ ᠨᠢᠬᠡᠨ ᠪᠡᠯᠡᠭ ᠪᠤᠯᠬᠤ ᠡᠪᠡᠳᠴᠢᠳᠠᠨ ᠤ ᠦᠪᠡᠷ ᠢᠶᠠᠨ ᠪᠢᠴᠢᠭᠰᠡᠨ ᠲᠠᠯᠠᠷᠬᠠᠯ ᠤᠨ ᠵᠠᠬᠢᠳᠠᠯ ᠢ ᠭᠠᠷᠳᠠᠵᠦ | ᠠᠪᠤᠪᠠ ᠃ ᠯᠢᠤ ᠶᠦᠡᠭ ᠵᠢᠶᠦ᠋ᠨ ᠵᠠᠬᠢᠳᠠᠯ ᠢ ᠠᠳᠬᠤᠭᠠᠳ᠄《 ᠡᠨᠡ ᠵᠠᠬᠢᠳᠠᠯ ᠢ ᠲᠤᠰᠤᠭᠠᠳ ᠪᠢ ᠶᠡᠬᠡᠳᠡ ᠪᠠᠶᠠᠷᠯᠠᠵᠦ ᠪᠠᠶᠢᠨ᠎ᠠ᠂ ᠮᠠᠨ ᠤ ᠤᠯᠤᠰ ᠤᠨ ᠡᠨᠡ ᠬᠦ | ᠨᠤᠳᠤᠭ ᠲᠡᠪᠢᠰᠬᠡᠷ ᠲᠡᠬᠡᠷ᠎ᠠ ᠦᠯᠦ ᠲᠠᠨᠢᠬᠤ ᠨᠢᠬᠡᠨ ᠬᠦᠮᠦᠨ ᠤ ᠪᠡᠶ᠎ᠠ ᠲᠡᠬᠡᠷ᠎ᠠ ᠮᠢᠨᠤ ᠴᠢᠰᠤ ᠲᠠᠢ ᠠᠳᠠᠯᠢᠬᠠᠨ ᠴᠢᠰᠤ ᠤᠷᠤᠰᠴᠤ ᠪᠠᠶᠢᠬᠤ ᠨᠢ ᠤᠯᠳᠠᠰᠢ ᠦᠬᠡᠢ | ᠬᠤᠪᠢ ᠪᠠᠷᠢᠯᠳᠤᠯᠭ᠎ᠠ ᠪᠤᠯᠤᠨ᠎ᠠ᠃ ᠮᠢᠨᠤ ᠴᠢᠰᠤ ᠪᠦᠳᠦᠬᠡᠬᠦ ᠭᠤᠤᠯ ᠡᠰ ᠲᠡᠬᠦᠨ ᠳᠤ ᠰᠢᠨ᠎ᠠ ᠠᠮᠢ ᠨᠠᠰᠤ ᠤᠯᠭᠤᠬᠰᠠᠨ ᠶᠠᠪᠤᠳᠠᠯ ᠨᠢ ᠨᠠᠩ ᠴᠤ ᠨᠢᠬᠡᠨ ᠠᠵᠠ | ᠵᠠᠪᠰᠢᠶᠠᠨ᠂ ᠪᠠᠶᠠᠷ ᠵᠢᠷᠭᠠᠯ᠂ ᠤᠳᠬ᠎ᠠ ᠠᠭᠤᠯᠭ᠎ᠠ ᠲᠠᠢ ᠶᠠᠪᠤᠳᠠᠯ ᠪᠤᠯᠬᠤ ᠶᠤᠮ᠃ ᠬᠦᠮᠦᠨ ᠪᠦᠬᠦᠳᠠ ᠲᠤᠮᠳᠠᠳᠤ ᠶᠢᠨ ᠴᠢᠮᠦᠬᠡ ᠶᠢᠨ ᠬᠦᠮᠦᠷᠬᠡ ᠳᠤ ᠴᠢᠰᠤ | ᠪᠦᠳᠦᠬᠡᠬᠦ ᠭᠤᠤᠯ ᠡᠰ ᠢᠶᠠᠨ ᠬᠠᠨᠳᠢᠪᠯᠠᠬᠤ ᠰᠠᠶᠢᠨ ᠲᠤᠷᠠᠴᠤᠤᠯ ᠪᠤᠯᠵᠦ ᠤᠷᠤᠯᠴᠠᠰᠤᠭᠠᠢ ᠬᠡᠮᠡᠨ ᠬᠦᠰᠡᠵᠦ ᠪᠠᠶᠢᠨ᠎ᠠ᠃ ᠪᠢᠳᠠᠨ ᠤ ᠡᠨᠡᠬᠦ ᠬᠠᠮᠳᠤ ᠨᠠᠶᠢᠳᠠ | ᠴᠢᠨᠠᠬᠰᠢᠳᠠ ᠪᠤᠵᠠᠭᠠᠶᠢᠷᠠᠬᠤ ᠲᠤᠳᠤᠮ ᠲᠡᠳᠡᠬᠡᠷ ᠰᠢᠯᠵᠢᠬᠦᠯᠦᠨ ᠲᠠᠷᠢᠬᠤ ᠬᠡᠷᠡᠭᠴᠡᠭᠡ ᠲᠠᠢ ᠡᠪᠡᠳᠴᠢᠳᠠᠨ ᠳᠤ ᠤᠯᠭᠤᠬᠤ ᠬᠦᠰᠡᠯ ᠡᠷᠡᠮᠡᠯᠵᠡᠯ ᠨᠢ ᠲᠡᠳᠦᠢ ᠶᠡᠭᠡ | ᠪᠤᠯᠳᠠᠭ》ᠬᠡᠵᠦ ᠶᠠᠷᠢᠪᠠ᠃ | ᠯᠢᠤ ᠶᠦᠡᠭ ᠵᠢᠶᠦ᠋ᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠦᠪᠡᠷ ᠤᠨ ᠰᠠᠶᠢᠨ ᠲᠤᠷᠠᠴᠤᠤᠯ ᠪᠤᠯᠬᠤ ᠬᠦᠰᠠᠯᠠᠩ ᠢᠶᠠᠨ ᠪᠡᠶᠡᠯᠡᠬᠦᠯᠵᠦ᠂ ᠲᠡᠬᠦᠨ ᠤ | ᠶᠠᠷᠢᠬᠰᠠᠨ ᠪᠤᠷᠤᠬᠵᠢᠭᠤᠨ ᠦᠬᠡᠨ ᠠᠴᠠ ᠪᠢᠳᠠ ᠨᠢᠬᠡᠨ ᠨᠡᠶᠢᠬᠡᠮ ᠤᠨ ᠬᠠᠷᠢᠭᠤᠴᠠᠯᠭᠠᠳᠤ ᠰᠡᠳᠬᠢᠯᠬᠡ ᠲᠠᠢ ᠡᠷᠬᠡᠳᠤ ᠠᠷᠠᠳ ᠤᠨ ᠬᠠᠯᠠᠭᠤᠨ ᠰᠡᠳᠬᠢᠯᠬᠡ ᠪᠠ ᠨᠢᠬᠡᠨ | ᠤᠳᠤᠷᠢᠳᠬᠤ ᠺᠠᠳ᠋ᠷ ᠤᠨ ᠡᠬᠦᠷᠬᠡ ᠬᠠᠷᠢᠭᠤᠴᠠᠯᠭ᠎ᠠ ᠪᠠᠨ ᠪᠡᠶᠡᠯᠡᠬᠦᠯᠵᠦ ᠴᠢᠳᠠᠬᠰᠠᠨ ᠡᠷᠬᠢᠮ ᠲᠡᠭᠡᠳᠤ ᠵᠠᠩ ᠰᠤᠷᠳᠠᠬᠤᠨ ᠢ ᠦᠢᠯᠠᠭᠠᠵᠦ ᠪᠤᠯᠤᠨ᠎ᠠ᠃ ᠠᠨᠠᠪᠠᠳ ᠲᠠᠯᠠᠢ | ᠠᠴᠠ ᠬᠦᠨ ᠬᠠᠶᠢᠷ᠎ᠠ ᠪᠠᠷ ᠠᠮᠢ ᠨᠠᠰᠤᠨ ᠤ ᠦᠨ᠎ᠠ ᠴᠠᠨ᠎ᠠ ᠶᠢ ᠬᠠᠮᠳᠤᠪᠡᠷ ᠡᠳ᠋ᠯᠡᠨ᠎ᠡ᠃ ᠯᠢᠤ ᠶᠦᠡᠭ ᠵᠢᠶᠦ᠋ᠨ ᠪᠤᠳᠠᠳᠤ ᠦᠢᠯᠡ ᠠᠵᠢᠯᠯᠠᠭ᠎ᠠ ᠪᠠᠷ ᠢᠶᠠᠨ ᠨᠡᠶᠢᠬᠡᠮ | ᠨᠠᠶᠢᠳᠠ ᠳᠤ ᠵᠦᠪ ᠡᠨᠧᠷᠬᠢ ᠲᠦᠬᠡᠵᠦ᠂ ᠨᠠᠩ ᠤᠯᠠᠨ ᠬᠦᠮᠦᠰ ᠲᠤ ᠰᠠᠶᠢᠨ ᠲᠤᠷ᠎ᠠ ᠶᠢᠨ ᠦᠢᠯᠡᠴᠢᠯᠡᠬᠡᠨ ᠤ ᠤᠮᠤᠬᠰᠢᠯ ᠪᠠ ᠪᠠᠭ᠋ᠠᠳᠤᠯ ᠢ ᠦᠢᠯᠠᠭᠠᠭᠤᠯᠵᠦ᠂ ᠨᠠᠩ | ᠤᠯᠠᠨ ᠬᠦᠮᠦᠰ ᠢ ᠬᠦᠮᠦᠨ ᠮᠦᠰᠤ᠂ ᠲᠦᠬᠡᠮᠡᠯ ᠬᠠᠶᠢᠷ᠎ᠠ᠂ ᠬᠤᠪᠢ ᠨᠡᠮᠡᠷᠢ ᠦᠵᠡᠬᠦᠯᠬᠦ ᠤᠯᠠᠭᠠᠨ ᠵᠠᠭᠠᠯᠮᠠᠶᠢᠳᠠᠨ ᠤ ᠨᠡᠶᠢᠬᠡᠮᠯᠢᠭ ᠤᠨ ᠰᠠᠶᠢᠨ ᠲᠤᠷ᠎ᠠ ᠶᠢᠨ | ᠦᠢᠯᠡᠴᠢᠯᠡᠬᠡᠨ ᠤ ᠦᠢᠯᠡᠰ ᠲᠤ ᠤᠷᠤᠯᠴᠠᠭᠤᠯᠵᠦ᠂ ᠨᠠᠩ ᠤᠯᠠᠨ ᠬᠦᠮᠦᠰ ᠤᠨ ᠡᠷᠡᠬᠦᠯ ᠡᠩᠬᠡ ᠪᠠᠷ ᠪᠡᠶ᠎ᠡ ᠪᠠᠨ ᠪᠤᠯᠪᠠᠰᠤᠷᠠᠭᠤᠯᠵᠦ᠂ ᠡᠷᠡᠬᠦᠯ ᠡᠩᠬᠡ ᠲᠤᠮᠳᠠᠳᠤ | ᠤᠯᠤᠰ ᠤᠨ ᠡᠩᠨᠡᠬᠡᠨ ᠳᠤ ᠤᠷᠤᠯᠴᠠᠬᠤ ᠶᠢ ᠤᠷᠢᠶᠠᠯᠠᠵᠡᠢ᠃ | |