| | ᠬᠤᠨᠢᠨ ᠤ ᠴᠡᠴᠡᠭ ᠡᠪᠡᠳᠴᠢᠨ ᠪᠤᠯ ᠡᠯ᠎ᠡ ᠵᠦᠢᠯ ᠤᠨ ᠭᠡᠷ ᠤᠨ ᠲᠡᠵᠢᠭᠡᠪᠥᠷᠢ ᠶᠢᠨ ᠴᠡᠴᠡᠭ ᠡᠪᠡᠳᠴᠢᠨ ᠤ ᠲᠤᠳᠤᠷ᠎ᠠ ᠬᠠᠮᠤᠭ ᠠᠴᠠ ᠬᠤᠤᠷ | ᠬᠥᠨᠥᠭᠡᠯ ᠲᠠᠢ ᠂ ᠬᠠᠯᠠᠭᠤᠷᠠᠳᠠᠭ ᠬᠥᠷᠥᠯᠴᠡᠬᠦ ᠴᠢᠨᠠᠷᠲᠠᠢ ᠬᠠᠯᠳᠠᠪᠤᠷᠢᠳᠤ ᠡᠪᠡᠳᠴᠢᠨ ᠮᠥᠨ ᠃ ᠢᠮᠠᠭᠠᠨ ᠤ ᠴᠡᠴᠡᠭ ᠤᠨ ᠸᠢᠷᠥ᠋ᠰ ᠤᠨ ᠠᠶᠢᠮᠠᠭ ᠤᠨ ᠬᠤᠨᠢᠨ ᠤ | ᠴᠡᠴᠡᠭ ᠤᠨ ᠸᠢᠷᠥ᠋ᠰ ᠠᠴᠠ ᠡᠭᠦᠰᠥᠭᠰᠡᠨ ᠬᠠᠯᠳᠠᠪᠤᠷᠢᠳᠤ ᠡᠪᠡᠳᠴᠢᠨ ᠪᠤᠯᠤᠨ᠎ᠠ ᠃ ᠲᠤᠰ ᠡᠪᠡᠳᠴᠢᠨ ᠤ ᠤᠨᠴᠠᠯᠢᠭ ᠨᠢ ᠠᠷᠠᠰᠤ ᠪᠤᠯᠤᠨ ᠰᠠᠯᠢᠰᠤᠳᠤ ᠪᠥᠷᠬᠦᠭᠦᠯ | ᠳᠡᠭᠡᠷ᠎ᠡ ᠨᠢ ᠥᠪᠡᠷᠮᠢᠴᠡ ᠴᠡᠴᠡᠭ ᠤᠨ ᠪᠢᠵᠢᠷᠠᠤ ᠡᠭᠦᠰᠳᠡᠭ ᠃ ᠡᠭᠦᠨ ᠤ ᠬᠠᠮᠳᠤ ᠪᠠᠰᠠ ᠨᠡᠶᠢᠳᠡᠯᠢᠭ ᠴᠢᠨᠠᠷᠳᠠᠢ ᠲᠤᠯᠪᠤᠳᠤ ᠪᠢᠵᠢᠷᠠᠤ ᠂ ᠲᠤᠪᠤᠭᠤᠷ ᠪᠢᠵᠢᠷᠠᠤ ᠂ | ᠤᠰᠤᠨ ᠴᠥᠪᠥᠷᠢᠭᠦᠦ ᠂ ᠢᠳᠡᠭᠡᠳᠤ ᠴᠥᠪᠥᠷᠢᠭᠦᠦ ᠪᠤᠯᠤᠨ ᠲᠠᠪᠠᠭᠠᠰᠤ ᠪᠥᠷᠢᠯᠳᠥᠬᠦ ᠵᠡᠷᠭᠡ ᠡᠪᠡᠳᠴᠢᠨ ᠤ ᠥᠩᠭᠡᠷᠡᠯᠳᠡ ᠲᠠᠢ ᠪᠠᠶᠢᠳᠠᠭ ᠃ ᠲᠤᠰ ᠡᠪᠡᠳᠴᠢᠨ | ᠭᠤᠤᠯᠳᠠᠭᠤ ᠠᠮᠢᠰᠬᠤᠯ ᠤᠨ ᠵᠠᠮ ᠢᠶᠠᠷ ᠬᠠᠯᠳᠠᠪᠤᠷᠢᠯᠠᠵᠤ ᠪᠠᠰᠠ ᠰᠢᠷᠬᠠᠳᠤᠭᠰᠠᠨ ᠠᠷᠠᠰᠤ ᠪᠤᠶᠤ ᠰᠠᠯᠢᠰᠤᠳᠤ ᠪᠥᠷᠬᠦᠭᠦᠯ ᠢᠶᠠᠷ ᠳᠠᠮᠵᠢᠵᠤ ᠬᠠᠯᠳᠠᠪᠤᠷᠢᠯᠠᠳᠠᠭ ᠃ | ᠠᠷᠠᠴᠢᠯᠠᠵᠤ ᠬᠠᠮᠢᠶᠠᠷᠤᠭᠴᠢ ᠂ ᠪᠠᠭᠠᠵᠢ ᠬᠡᠷᠡᠭᠰᠡᠯ ᠂ ᠪᠤᠷᠳᠤᠭ᠎ᠠ ᠂ ᠳᠡᠪᠢᠰᠬᠡᠷ ᠡᠪᠡᠰᠤ ᠪᠤᠯᠤᠨ ᠮᠥᠯᠵᠢᠭᠦᠷ ᠬᠤᠷᠤᠬᠠᠢ ᠵᠡᠷᠭᠡ ᠪᠠᠷ ᠬᠠᠯᠳᠠᠪᠤᠷᠢ ᠶᠢᠨ ᠵᠠᠭᠤᠴᠢ | ᠪᠤᠯᠭᠠᠳᠠᠭ ᠃ ᠠᠳᠠᠯᠢ ᠪᠤᠰᠤ ᠡᠭᠦᠯᠳᠡᠷ ᠂ ᠬᠦᠢᠰᠦ ᠢᠯᠭᠠᠯ ᠂ ᠠᠳᠠᠯᠢ ᠪᠤᠰᠤ ᠨᠠᠰᠤᠨ ᠤ ᠬᠤᠨᠢ ᠪᠥᠷ ᠬᠠᠯᠳᠠᠪᠤᠷᠢᠯᠠᠮᠠᠳᠠᠭᠠᠢ ᠪᠠᠶᠢᠵᠤ ᠂ ᠨᠠᠷᠢᠨ ᠨᠤᠤᠰᠤᠳᠤ ᠬᠤᠨᠢ | ᠬᠠᠮᠤᠭ ᠤᠨ ᠬᠠᠯᠳᠠᠪᠤᠷᠢᠯᠠᠮᠠᠳᠠᠭᠠᠢ ᠂ ᠬᠤᠷᠠᠭ᠎ᠠ ᠨᠠᠰᠤ ᠭᠦᠢᠴᠡᠭᠰᠡᠨ ᠬᠤᠨᠢ ᠠᠴᠠ ᠠᠮᠠᠷᠬᠠᠨ ᠬᠠᠯᠳᠠᠪᠤᠷᠢᠯᠠᠳᠠᠭ ᠮᠥᠷᠳᠡᠭᠡᠨ ᠡᠪᠡᠳᠴᠢᠯᠡᠭᠡᠳ ᠥᠬᠦᠬᠦ ᠨᠤᠷᠮ᠎ᠠ ᠨᠢ | ᠥᠨᠳᠥᠷ ᠃ ᠬᠡᠭᠡᠯ ᠲᠠᠢ ᠡᠬᠡ ᠬᠤᠨᠢ ᠠᠮᠠᠷᠬᠠᠨ ᠬᠡᠭᠡᠯ ᠬᠠᠶᠠᠳᠠᠭ ᠪᠤᠯᠬᠤᠷ ᠬᠤᠷᠠᠭᠠᠯᠠᠬᠤ ᠠᠴᠠ ᠡᠮᠥᠨ᠎ᠡ ᠴᠡᠴᠡᠭ ᠡᠪᠡᠳᠴᠢᠨ ᠳᠡᠯᠭᠡᠷᠡᠪᠡᠯ ᠲᠦᠢᠯ ᠤᠨ ᠶᠡᠭᠡ ᠬᠤᠬᠢᠷᠠᠯ | ᠭᠠᠷᠳᠠᠭ ᠃ ᠲᠤᠰ ᠡᠪᠡᠳᠴᠢᠨ ᠤᠯᠠᠩᠬᠢ ᠳᠠᠭᠠᠨ ᠡᠪᠥᠯ ᠤᠨ ᠰᠡᠭᠦᠯᠴᠢ ᠬᠠᠪᠤᠷ ᠤᠨ ᠡᠬᠢᠨ ᠳᠤ ᠡᠭᠦᠰᠴᠤ ᠂ ᠠᠭᠤᠷ ᠠᠮᠢᠰᠬᠤᠯ ᠤᠨ ᠬᠠᠬᠢᠷ ᠬᠦᠢᠳᠡᠨ ᠂ ᠡᠪᠡᠰᠦ | ᠪᠤᠷᠳᠤᠭ᠎ᠠ ᠲᠤᠳᠠᠭᠳᠠᠬᠤ ᠪᠤᠯᠤᠨ ᠠᠷᠠᠴᠢᠯᠠᠵᠤ ᠬᠠᠮᠢᠶᠠᠷᠬᠤ ᠨᠢ ᠬᠥᠷᠥᠯᠴᠡᠬᠦ ᠦᠭᠡᠢ ᠵᠡᠷᠭᠡ ᠨᠢ ᠪᠥᠷ ᠡᠪᠡᠳᠴᠢᠨ ᠡᠭᠦᠰᠬᠦ ᠪᠠ ᠬᠥᠨᠳᠥᠷᠡᠬᠦ ᠶᠢ ᠲᠥᠷᠭᠡᠳᠬᠡᠳᠡᠭ ᠃ | |