| | ᠨᠢᠬᠡ ᠂ 60 ᠭᠷᠠᠳᠦ᠋ᠰ ᠤᠨ ᠬᠠᠷ᠎ᠠ ᠠᠷᠢᠬᠢ ᠶᠢ ᠲᠠᠬᠢᠶᠠᠨ ᠤ ᠲᠡᠵᠢᠬᠡᠯ ᠳᠤᠨᠢ ᠬᠤᠯᠢᠵᠤ ᠲᠡᠵᠢᠬᠡᠪᠡᠯ ᠲᠠᠬᠢᠶᠠᠨ ᠤ ᠬᠡᠮ ᠬᠢᠵᠢᠭ ᠢ ᠡᠰᠡᠷᠬᠦᠴᠡᠬᠦ ᠴᠢᠳᠠᠪᠤᠷᠢ ᠶᠢ | ᠲᠡᠭᠡᠭᠰᠢᠯᠡᠬᠦᠯᠬᠦ ᠪᠤᠶᠤ ᠬᠡᠮ ᠬᠢᠵᠢᠭ ᠢ ᠰᠡᠷᠬᠡᠶᠢᠯᠡᠬᠦ ᠦᠢᠯᠡᠳᠦᠯ ᠲᠠᠢ ᠶᠤᠮ ᠃ ᠡᠨᠡ ᠬᠦ ᠠᠷᠭ᠎ᠠ ᠨᠢ ᠪᠠᠰᠠ ᠡᠪᠦᠯ ᠤᠨ ᠤᠯᠠᠷᠢᠯ ᠳᠤ ᠦᠨᠳᠡᠬᠡᠨ ᠲᠠᠬᠢᠶ᠎ᠠ ᠶᠢ ᠤᠯᠠᠨ | ᠦᠨᠳᠡᠬᠡᠯᠡᠬᠦᠯᠦᠨᠠ ᠃ ᠴᠤᠷᠪᠠᠭ᠎ᠠ ᠶᠢᠨ 500 ᠭᠷᠠᠮ ᠲᠡᠵᠢᠬᠡᠯ ᠳᠤᠷ 5 ~ 10 ᠮᠢᠯᠢᠯᠢᠳ᠋ᠷ ᠪᠠ ᠪᠦᠳᠦᠬᠦᠨ ᠲᠠᠬᠢᠶ᠎ᠠ ᠶᠢᠨ 500 ᠭᠷᠠᠮ ᠲᠡᠵᠢᠬᠡᠯ ᠳᠤᠨᠢ 15 ~20 | ᠮᠢᠯᠢᠯᠢᠳ᠋ᠷ ᠤᠨ ᠬᠠᠷ᠎ᠠ ᠠᠷᠢᠬᠢ ᠶᠢ ᠬᠤᠪᠢ ᠲᠡᠩᠴᠡᠬᠦᠯᠦᠨ ᠬᠤᠯᠢᠪᠠᠯ ᠪᠤᠯᠴᠢᠬᠠᠨ᠎ᠠ ᠃ | ᠬᠤᠶᠠᠷ ᠂ ᠲᠠᠷᠤᠰᠢᠭᠰᠠᠨ ᠲᠠᠬᠢᠶ᠎ᠠ ᠳᠤ 3 ~ 4 ᠬᠠᠯᠪᠠᠭ᠎ᠠ ᠬᠠᠷ᠎ᠠ ᠠᠷᠢᠬᠢ ᠴᠢᠳᠬᠤᠵᠤ ᠦᠭᠪᠡᠯ ᠲᠠᠬᠢᠶ᠎ᠠ ᠰᠤᠭᠳᠤᠭᠠᠳ ᠰᠠᠶᠢᠬᠠᠨ ᠤᠡᠳᠠᠬᠤ ᠮᠦᠷᠳᠡᠬᠡᠨ | ᠦᠨᠳᠡᠭᠡ ᠲᠠᠷᠤᠬᠤ ᠨᠢ ᠴᠤ ᠰᠡᠶᠢᠨ ᠪᠤᠯᠳᠠᠭ ᠃ | ᠭᠤᠷᠪᠠ ᠂ ᠠᠷᠢᠬᠢᠨ ᠳᠤ ᠲᠦᠷᠦᠭᠰᠡᠨ ᠨᠢᠬᠡ ᠬᠡᠰᠡᠭ ᠬᠦᠪᠤᠡᠭ ᠢᠶᠠᠷ ᠲᠠᠬᠢᠶ᠎ᠠ ᠶᠢᠨ ᠪᠦᠬᠡᠰᠦᠳᠦᠭᠰᠡᠨ ᠬᠡᠰᠡᠭ ᠢ 3 ~ 4 ᠤᠳᠠᠭ᠎ᠠ ᠵᠦᠯᠬᠦᠨ ᠠᠷᠴᠢᠪᠠᠯ | ᠲᠠᠬᠢᠶᠠᠨ ᠤ ᠪᠦᠬᠡᠰᠦ ᠶᠢ ᠴᠡᠪᠡᠷᠯᠡᠨ ᠤᠰᠠᠳᠬᠠᠵᠤ ᠲᠡᠶᠢᠯᠦᠨ᠎ᠠ ᠃ | ᠲᠦᠷᠪᠡ ᠂ ᠬᠠᠷ᠎ᠠ ᠠᠷᠢᠬᠢ ᠪᠠᠷ ᠲᠠᠬᠢᠶᠠᠨ ᠤ ᠴᠠᠭᠠᠨ ᠴᠢᠴᠠᠭ᠎ᠠ ᠶᠢ ᠡᠮᠨᠡᠵᠦ ᠪᠤᠯᠤᠨ᠎ᠠ ᠃ 100 ᠮᠢᠯᠢᠯᠢᠳ᠋ᠷ ᠬᠠᠷ᠎ᠠ ᠠᠷᠢᠬᠢ ᠶᠢ 50 ᠭᠷᠠᠮ ᠬᠠᠷ᠎ᠠ | ᠪᠤᠷᠠᠮ ᠲᠠᠢ ᠬᠤᠯᠢᠵᠤ ᠂ ᠪᠦᠲᠦᠬᠦᠨ ᠲᠠᠬᠢᠶ᠎ᠠ ᠳᠤ ᠤᠳᠠᠭ᠎ᠠ ᠪᠦᠷᠢ 1 ᠬᠠᠯᠪᠠᠭ᠎ᠠ ᠂ 2 ~ 4 ᠴᠤᠷᠪᠠᠭ᠎ᠠ ᠳᠤ 1 ᠬᠠᠯᠪᠠᠭ᠎ᠠ ᠂ ᠡᠳᠦᠷ ᠪᠦᠷᠢ 2 ᠤᠳᠠᠭ᠎ᠠ ᠂ | ᠵᠠᠯᠭᠠᠭ᠎ᠠ ᠪᠠᠷ 2 ~4 ᠡᠳᠦᠷ ᠴᠢᠳᠬᠤᠵᠤ ᠦᠭᠪᠡᠯ ᠲᠠᠬᠢᠶᠠᠨ ᠤ ᠴᠠᠭᠠᠨ ᠴᠢᠴᠠᠭ᠎ᠠ ᠨᠢ ᠠᠶᠠᠨᠳᠠᠭᠠᠨ ᠡᠳᠡᠬᠡᠷᠡᠴᠢᠬᠡᠨᠡ ᠃ | ᠲᠠᠪᠤ ᠂ ᠬᠠᠷ᠎ᠠ ᠠᠷᠢᠬᠢ ᠪᠠᠷ ᠲᠡᠵᠢᠬᠡᠪᠦᠷᠢ ᠲᠠᠤᠯᠠᠢ ᠶᠢᠨ ᠨᠢᠳᠦᠨ ᠤ ᠦᠷᠪᠢᠰᠦᠯ ᠢ ᠡᠮᠨᠡᠨ ᠵᠠᠰᠠᠨ᠎ᠠ ᠃ 9 ᠬᠤᠪᠢ ᠬᠠᠷ᠎ᠠ ᠠᠷᠢᠬᠢ ᠶᠢ 1 ᠬᠤᠪᠢ | ᠭᠠᠭ᠋ᠠᠢ ᠵᠢᠨᠰᠦ᠋ᠰᠦ ᠲᠠᠢ ᠵᠢᠭᠳᠡ ᠬᠤᠯᠢᠵᠤ ᠨᠠᠶᠢᠷᠠᠭᠤᠯᠤᠭᠠᠳ ᠲᠠᠤᠯᠠᠢ ᠳᠤ ᠤᠳᠠᠭ᠎ᠠ ᠪᠦᠷᠢ 3 ~ 4 ᠮᠢᠯᠢᠯᠢᠳ᠋ᠷ ᠦᠭᠪᠡᠯ ᠪᠤᠯᠴᠢᠬᠠᠨ᠎ᠠ ᠃ | ᠵᠢᠷᠭᠤᠭ᠎ᠠ ᠂ ᠬᠠᠷ᠎ᠠ ᠠᠷᠢᠬᠢ ᠪᠠᠷ ᠲᠠᠤᠯᠠᠢ ᠶᠢᠨ ᠪᠠᠭᠠᠰᠤ ᠠᠯᠳᠠᠬᠤ ᠶᠢ ᠡᠮᠨᠡᠨ ᠵᠠᠰᠠᠨ᠎ᠠ ᠃ 100 ᠮᠢᠯᠢᠯᠢᠳ᠋ᠷ ᠬᠠᠷ᠎ᠠ ᠠᠷᠢᠬᠢᠨ ᠳᠤ 250 ᠭᠷᠠᠮ ᠨᠦᠳᠦᠭᠰᠡᠨ | ᠰᠠᠷᠢᠮᠰᠠᠭ ᠬᠢᠵᠦ ᠲᠡᠪᠳᠦᠬᠡᠬᠡᠳ ᠤᠳᠠᠭ᠎ᠠ ᠪᠦᠷᠢ 2 ~ 3 ᠮᠢᠯᠢᠯᠢᠳ᠋ᠷ ᠰᠠᠷᠢᠮᠰᠠᠭ ᠲᠠᠢ ᠠᠷᠢᠬᠢ ᠶᠢ 3 ~ 4 ᠲᠠᠬᠢᠨ ᠤᠰᠤ ᠲᠠᠢ ᠬᠤᠯᠢᠵᠤ | ᠴᠢᠳᠬᠤᠨᠤᠤᠭᠤᠯᠭᠠᠨᠠ ᠂ ᠨᠢᠬᠡ ᠤᠳᠠᠭ᠎ᠠ ᠤᠤᠭᠤᠯᠭᠠᠪᠠᠯ ᠬᠡᠮ ᠨᠢ ᠬᠦᠢᠴᠡᠳ ᠰᠠᠶᠢᠵᠢᠷᠠᠴᠢᠬᠠᠨ᠎ᠠ ᠃ | | ᠲᠤᠯᠤᠭ᠎ᠠ ᠂ ᠬᠠᠷ᠎ᠠ ᠠᠷᠢᠬᠢ ᠪᠠᠷ ᠭᠠᠭ᠋ᠠᠢ ᠶᠢᠨ ᠲᠤᠷᠤᠢ ᠶᠢᠨ ᠴᠠᠭᠠᠨ ︵ ᠰᠢᠷ᠎ᠠ ︶ ᠴᠢᠴᠠᠭ᠎ᠠ ᠶᠢ ᠵᠠᠰᠠᠨ᠎ᠠ ᠃ 5 ᠮᠢᠯᠢᠯᠢᠳ᠋ᠷ ᠬᠠᠷ᠎ᠠ ᠠᠷᠢᠬᠢ ᠲᠡᠭᠡᠷ᠎ᠡ 8 | ~10 ᠮᠢᠯᠢᠯᠢᠳ᠋ᠷ ᠨᠡᠷᠡᠮᠡᠯ ᠤᠰᠤ ᠨᠡᠮᠡᠵᠦ ᠵᠢᠭᠳᠡ ᠰᠠᠵᠢᠯᠠᠨ ᠬᠤᠯᠢᠭᠰᠠᠨ ᠤ ᠰᠡᠬᠦᠯᠡᠷ ᠭᠠᠭ᠋ᠠᠢ ᠶᠢᠨ ᠰᠡᠬᠦᠯ ᠤᠨ ᠤᠭ ᠤᠨ ᠲᠤᠤᠷ᠎ᠠ ᠂ ᠬᠤᠰᠬᠢᠨᠠᠭ ᠤᠨ ᠲᠡᠭᠡᠷᠡᠬᠢ | ᠬᠤᠳᠦ᠋ᠢᠭ᠌ᠰᠠᠨ ᠪᠠᠯᠴᠢᠷ ᠲᠤ ᠲᠠᠷᠢᠯᠭ᠎ᠠ ᠲᠠᠷᠢᠨ᠎ᠠ ᠃ ᠨᠢᠬᠡ ᠭᠠᠷᠠᠭ ᠪᠤᠯᠤᠭᠰᠠᠨ ᠲᠤᠷᠤᠢ ᠳᠤ 1 ᠮᠢᠯᠢᠯᠢᠳ᠋ᠷ ᠂ ᠨᠢᠬᠡ ᠭᠠᠷᠠᠭ ᠠᠴᠠ ᠲᠡᠭᠡᠭᠰᠢᠬᠢ ᠲᠤᠷᠤᠢ ᠳᠤ 2 | ᠮᠢᠯᠢᠯᠢᠳ᠋ᠷ ᠤᠨ ᠬᠡᠮᠵᠢᠶ᠎ᠡ ᠪᠠᠷ ᠡᠳᠦᠷ ᠪᠦᠷᠢ 1 ~ 2 ᠤᠳᠠᠭ᠎ᠠ ᠲᠠᠷᠢᠯᠭ᠎ᠠ ᠲᠠᠷᠢᠪᠠᠯ ᠬᠦᠢᠴᠡᠳ ᠰᠡᠶᠢᠨ ᠡᠳᠡᠬᠡᠷᠡᠴᠢᠬᠡᠬᠦ ᠶᠤᠮ ᠃ | ᠨᠠᠢᠮᠠ ᠂ ᠬᠠᠷ᠎ᠠ ᠠᠷᠢᠬᠢ ᠪᠠᠷ ᠭᠠᠭ᠋ᠠᠢ ᠶᠢᠨ ᠬᠠᠯᠳᠠᠪᠤᠷᠢᠳᠦ ᠬᠤᠳᠤᠭᠤᠳᠤ ᠬᠡᠳᠡᠰᠦᠨ ᠤ ᠦᠷᠪᠢᠰᠦᠯ ᠢ ᠵᠠᠰᠠᠨ᠎ᠠ ᠃ 2 ᠮᠢᠯᠢᠯᠢᠳ᠋ᠷ ᠬᠠᠷ᠎ᠠ ᠠᠷᠢᠬᠢ ᠶᠢ | ᠤᠰᠤ ᠲᠠᠢ ᠬᠤᠯᠢᠵᠤ ᠂ ᠺᠢᠯᠦᠭᠷᠡᠮ ᠪᠦᠷᠢ ᠪᠡᠶ᠎ᠡ ᠶᠢᠨ ᠬᠦᠨᠳᠦ ᠪᠠᠷ ᠲᠤᠬᠢᠷᠠᠭᠤᠯᠤᠨ ᠡᠳᠦᠷ ᠪᠦᠷᠢ 2 ᠤᠳᠠᠭ᠎ᠠ ᠴᠢᠳᠬᠤᠨ ᠤᠤᠭᠤᠯᠭᠠᠬᠤ ᠪᠤᠶᠤ ᠲᠡᠵᠢᠬᠡᠯ ᠳᠤᠨᠢ | ᠬᠤᠯᠢᠵᠤ ᠢᠳᠡᠬᠦᠯᠦᠨᠠ ᠃ ᠡᠰᠡᠬᠦᠯ᠎ᠠ ᠪᠤᠯᠴᠢᠩ ᠳᠤᠨᠢ ᠲᠠᠷᠢᠯᠭ᠎ᠠ ᠲᠠᠷᠢᠭᠰᠠᠨ ᠴᠤ ᠪᠤᠯᠤᠨ᠎ᠠ ᠃ ᠡᠮᠨᠡᠨ ᠵᠠᠰᠠᠵᠤ ᠪᠠᠶᠢᠭ᠎ᠠ ᠬᠤᠭᠤᠴᠠᠭᠠᠨ ᠳᠤ ᠲᠡᠵᠢᠬᠡᠯ ᠦᠭᠬᠦ ᠦᠬᠡᠢ | ᠪᠤᠶᠤ ᠪᠠᠭ᠎ᠠ ᠪᠠᠭ᠎ᠠ ᠪᠠᠷ ᠲᠡᠵᠢᠬᠡᠨ᠎ᠡ ᠃ ᠬᠡᠳᠡᠯ᠎ᠠ ᠦᠳᠬᠡᠴᠡ ᠶᠢᠨ ᠬᠡᠮᠵᠢᠶ᠎ᠡ ᠳᠤ 1% ᠶᠢᠨ ᠲᠠᠪᠤᠰᠤ ᠲᠠᠢ ᠤᠰᠤ ᠶᠢ ᠬᠦᠢᠴᠡᠳ ᠦᠭᠴᠦ ᠤᠰᠤᠯᠠᠨ ᠂ ᠭᠠᠭ᠋ᠠᠢ ᠶᠢᠨ | ᠪᠠᠶ᠎ᠠ ᠶᠢᠨ ᠤᠰᠤ ᠠᠯᠳᠠᠬᠤ ᠠᠴᠠ ᠰᠡᠷᠬᠡᠶᠢᠯᠡᠬᠦ ᠬᠡᠷᠡᠭᠳᠡᠢ ᠃ | ᠶᠢᠰᠦ ᠂ ᠬᠠᠷ᠎ᠠ ᠠᠷᠢᠬᠢ ᠪᠠᠷ ᠮᠡᠬᠡᠵᠢ ᠶᠢᠨ ᠤᠷᠤᠭ᠎ᠠ ᠤᠷᠤᠬᠤ ᠦᠬᠡᠢ ᠬᠡᠮ ᠢ ᠵᠠᠰᠠᠨ᠎ᠠ ᠃ 250 ᠮᠢᠯᠢᠯᠢᠳ᠋ᠷ ᠬᠠᠷ᠎ᠠ ᠠᠷᠢᠬᠢ ︵ ᠵᠢᠯ ᠦᠨᠵᠢᠭᠰᠡᠨ ᠪᠤᠳᠠᠭᠠᠨ | ᠠᠷᠢᠬᠢ ᠪᠤᠯ ᠨᠡᠩ ᠰᠡᠶᠢᠨ ︶ ᠂ 10 ᠭᠷᠠᠮ ᠮᠤᠭᠠᠢ ᠶᠢᠨ ᠵᠤᠯᠪᠤᠳᠠᠰᠤ ᠶᠢ ᠨᠢᠬᠡ ᠬᠤᠪᠢ ᠪᠤᠯᠭᠠᠨ ᠴᠢᠳᠬᠤᠨ ᠤᠤᠭᠤᠯᠭᠠᠵᠤ ᠂ ᠵᠠᠯᠭᠠᠭ᠎ᠠ ᠪᠠᠷ 3 ᠡᠳᠦᠷ | ᠤᠤᠭᠤᠯᠭᠠᠨ᠎ᠠ ᠃ | ᠠᠷᠪᠠ ᠂ ᠬᠠᠷ᠎ᠠ ᠠᠷᠢᠬᠢ ᠪᠠᠷ ᠭᠠᠭ᠋ᠠᠢ ᠂ ᠦᠬᠡᠷ ᠤᠨ ᠲᠠᠭᠠᠷᠠᠵᠤ ᠪᠡᠬᠡᠷᠡᠬᠡᠳ ᠬᠡᠳᠡᠰᠦ ᠬᠦᠬᠡᠬᠡᠬᠦ ᠶᠢ ᠡᠮᠨᠡᠨ ᠵᠠᠰᠠᠨ᠎ᠠ ᠃ ᠦᠬᠡᠷ ᠲᠤ ᠡᠳᠦᠷ ᠪᠦᠷᠢ 1 ~ 2 | ᠤᠳᠠᠭ᠎ᠠ 20 ~ 300 ᠮᠢᠯᠢᠯᠢᠳ᠋ᠷ ᠬᠠᠷ᠎ᠠ ᠠᠷᠢᠬᠢ ᠶᠢ ᠴᠢᠳᠬᠤᠵᠤ ᠂ ᠭᠠᠭ᠋ᠠᠢ ᠳᠤ ᠡᠳᠦᠷ ᠪᠦᠷᠢ 1 ~ 2 ᠤᠳᠠᠭ᠎ᠠ 50 ~ 100 ᠮᠢᠯᠢᠯᠢᠳ᠋ᠷ ᠬᠠᠷ᠎ᠠ ᠠᠷᠢᠬᠢ ᠶᠢ | ᠴᠢᠳᠬᠤᠵᠤ ᠤᠤᠭᠤᠯᠭᠠᠨ᠎ᠠ ᠃ | ᠠᠷᠪᠠᠨ ᠨᠢᠬᠡ ᠂ ᠦᠬᠡᠷ ᠤᠨ ᠬᠡᠪᠢᠬᠦ ᠦᠬᠡᠢ ᠬᠡᠮ ᠢ ᠬᠠᠷ᠎ᠠ ᠠᠷᠢᠬᠢ ᠪᠠᠷ ᠡᠮᠨᠡᠨ ᠵᠠᠰᠠᠨ᠎ᠠ ᠃ 250 ᠮᠢᠯᠢᠯᠢᠳ᠋ᠷ ᠬᠠᠷ᠎ᠠ ᠠᠷᠢᠬᠢ ᠶᠢ 200 ᠭᠷᠠᠮ ᠬᠠᠷ᠎ᠠ | ᠪᠤᠷᠠᠮ ᠲᠠᠢ ᠬᠤᠯᠢᠵᠤ ᠰᠠᠶᠢᠳᠤᠷ ᠬᠤᠳᠬᠤᠭᠠᠳ ᠲᠡᠭᠡᠷ᠎ᠡ ᠨᠢ ᠪᠠᠭ᠎ᠠ ᠰᠠᠭ᠎ᠠ ᠤᠰᠤ ᠨᠡᠮᠡᠵᠦ ᠴᠢᠳᠬᠤᠨ ᠤᠤᠭᠤᠯᠭᠠᠨ᠎ᠠ ᠃ | ᠠᠷᠪᠠᠨ ᠬᠤᠶᠠᠷ ᠂ ᠵᠤᠨ ᠨᠠᠮᠤᠷ ᠤᠨ ᠤᠯᠠᠷᠢᠯ ᠳᠤ ᠦᠬᠡᠷ ᠤᠨ ᠬᠡᠳᠡᠰᠦ ᠰᠡᠷᠢᠬᠦᠳᠡᠵᠦ ᠬᠡᠮᠨᠡᠬᠦ ᠶᠢ ᠬᠠᠷ᠎ᠠ ᠠᠷᠢᠬᠢ ᠪᠠᠷ ᠡᠮᠨᠡᠨ ᠵᠠᠰᠠᠨ᠎ᠠ ᠃ 150 ᠮᠢᠯᠢᠯᠢᠳ᠋ᠷ | ᠬᠠᠷ᠎ᠠ ᠠᠷᠢᠬᠢ ᠶᠢ 200 ᠭᠷᠡᠮ ᠬᠠᠷ᠎ᠠ ᠪᠤᠷᠠᠮ ᠲᠠᠢ ᠬᠤᠯᠢᠵᠤ ᠲᠡᠭᠡᠷ᠎ᠡ ᠨᠢ ᠪᠠᠭ᠎ᠠ ᠰᠠᠭ᠎ᠠ ᠤᠰᠤ ᠬᠢᠵᠤ ᠰᠠᠶᠢᠳᠤᠷ ᠬᠤᠯᠢᠭᠰᠠᠨ ᠤ ᠰᠡᠬᠦᠯᠡᠷ ᠴᠢᠳᠬᠤᠨ | ᠤᠤᠭᠤᠯᠭᠠᠨ᠎ᠠ ᠃ | ᠠᠷᠪᠠᠨ ᠭᠤᠷᠪᠠ ᠂ ᠮᠤᠷᠢᠨ ᠤ ᠬᠡᠳᠡᠰᠦ ᠰᠡᠷᠢᠬᠦᠳᠡᠭᠰᠡᠨ ᠢ ᠬᠠᠷ᠎ᠠ ᠠᠷᠢᠬᠢ ᠪᠠᠷ ᠡᠮᠨᠡᠨ ᠵᠠᠰᠠᠨ᠎ᠠ ᠃ 250 ᠮᠢᠯᠢᠯᠢᠳ᠋ᠷ ᠬᠠᠷ᠎ᠠ ᠠᠷᠢᠬᠢ ᠶᠢ 500 ᠭᠷᠡᠮ | ᠪᠤᠴᠠᠯᠤᠭᠰᠠᠨ ᠤᠰᠤ ᠪᠠᠷ ᠰᠢᠩᠭᠡᠷᠡᠬᠦᠯᠦᠬᠡᠳ ᠴᠢᠳᠬᠤᠵᠤ ᠤᠤᠭᠤᠯᠭᠠᠨ᠎ᠠ ᠃ | ᠠᠷᠪᠠᠨ ᠲᠦᠷᠪᠡ ᠂ ᠬᠡᠬᠦᠦ ᠶᠢᠨ ᠬᠡᠬᠡᠯ ᠬᠦᠳᠡᠯᠦᠬᠡᠳ ᠬᠡᠬᠡᠯ ᠬᠠᠶᠠᠬᠤ ᠶᠢ ᠬᠠᠷ᠎ᠠ ᠠᠷᠢᠬᠢ ᠪᠠᠷ ᠡᠮᠨᠡᠨ ᠵᠠᠰᠠᠨ᠎ᠠ ᠃ 250 ᠭᠷᠡᠮ ᠬᠠᠷ᠎ᠠ ᠠᠷᠢᠬᠢ ᠶᠢ 100 | ᠭᠷᠡᠮ ᠬᠠᠷ᠎ᠠ ᠪᠤᠷᠠᠮ ᠲᠠᠢ ᠬᠤᠯᠢᠵᠤ ᠬᠤᠳᠬᠤᠭᠠᠳ ᠴᠢᠳᠬᠤᠨ ᠤᠤᠭᠤᠭᠤᠯᠭᠠᠨᠠ ᠃ | | | | | | | | |