2022 ᠤᠨ ᠤ  ᠭᠤᠷᠪᠠᠳᠤᠭᠠᠷ ᠰᠠᠷ᠎ᠠ ᠶᠢᠨ ᠵᠠᠰᠠᠭ  ᠤᠨ ᠤᠷᠳᠤᠨ ᠤ ᠲᠤᠮᠤ ᠠᠵᠢᠯ ᠶᠠᠪᠤᠳᠠᠯ ᠤᠨ ᠲᠡᠮᠳᠡᠭᠯᠡᠯ
ᠨᠡᠶᠢᠲᠡᠯᠡᠭᠰᠡᠨ ᠴᠠᠭ᠄
2022/7/21
     3 ᠰᠠᠷ᠎ᠠ  ᠶᠢᠨ 1  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ  ᠳᠡᠳ᠋ ᠱᠦᠵᠢ  ᠂ ᠬᠤᠰᠢᠭᠤᠨ  ᠤ ᠳᠠᠷᠤᠭ᠎ᠠ  ᠰᠤᠷᠭᠠᠯᠳᠤ  ᠬᠤᠰᠢᠭᠤᠨ  ᠤ ᠠᠷᠠᠳ  ᠤᠨ ᠵᠠᠰᠠᠭ  ᠤᠨ ᠣᠷᠳᠣᠨ  ᠤ ᠲᠤᠰᠬᠠᠶ ᠰᠡᠳᠦᠪᠲᠦ ᠬᠤᠷᠠᠯ  ᠢ ᠡᠷᠭᠢᠯᠠᠨ ᠬᠤᠷᠠᠯᠳᠤᠭᠤᠯᠵᠤ  ᠂ ᠠᠮᠢ ᠠᠬᠤᠶ ᠣᠷᠴᠢᠨ ᠲᠣᠭᠤᠷᠢᠨ  ᠤ ᠬᠠᠮᠠᠭᠠᠯᠠᠯᠲᠠ ᠵᠠᠰᠠᠯᠲᠠ  ᠂ ᠭᠠᠵᠠᠷ ᠰᠢᠷᠣᠶ  ᠶᠢᠨ ᠬᠠᠤᠯᠢ ᠲᠦᠷᠢᠮ  ᠠᠴᠠ ᠵᠥᠷᠢᠴᠡᠭᠰᠡᠨ ᠠᠰᠠᠭᠤᠳᠠᠯ  ᠢ ᠴᠡᠭᠴᠡᠯᠡᠨ ᠰᠠᠶᠢᠵᠢᠷᠠᠭᠤᠯᠬᠤ ᠪᠠ ᠨᠤᠲᠤᠭ ᠪᠡᠯᠴᠢᠭᠡᠷ  ᠤᠨ ᠣᠢᠢᠲᠤ ᠭᠠᠵᠠᠷ  ᠢ ᠡᠪᠳᠡᠬᠦ  ᠂ ᠠᠮᠤ ᠪᠤᠳᠠᠭ᠎ᠠ ᠬᠤᠳᠠᠯᠳᠤᠨ ᠠᠪᠬᠤ ᠪᠠ ᠪᠣᠷᠣᠯᠠᠭᠤᠯᠬᠤ ᠬᠦᠷᠢᠶ᠎ᠡ ᠭᠡᠪᠴᠢᠶ᠎ᠠ  ᠂ ᠨᠡᠭᠦᠷᠡᠰᠦᠨ  ᠤ ᠡᠬᠢ ᠪᠠᠶᠠᠯᠢᠭ  ᠤᠨ ᠬᠦᠷᠢᠶ᠎ᠡ ᠴᠠᠷᠠᠭ᠎ᠠ  ᠶᠢ ᠲᠤᠰᠬᠠᠶ ᠴᠡᠭᠴᠡᠯᠡᠨ ᠵᠠᠰᠠᠬᠤ ᠵᠡᠷᠭᠡ ᠠᠵᠢᠯ  ᠢ ᠰᠤᠳᠤᠯᠤᠨ ᠪᠠᠶᠢᠷᠢᠯᠠᠭᠤᠯᠪᠠ  ᠃ ᠬᠤᠰᠢᠭᠤᠨ  ᠤ ᠤᠳᠤᠷᠢᠳᠤᠯᠭ᠎ᠠ ᠴᠢᠦᠶ ᠱᠤ᠋ ᠴᠢᠩ  ᠂ ᠤᠶᠤᠨᠪᠢᠯᠢᠭ᠌  ᠂ ᠡᠦ ᠰᠢᠤᠢ ᠳ᠋ᠦᠩ  ᠂ ᠵᠠᠩ ᠶᠠ ᠨᠠᠨ ᠬᠤᠷᠠᠯ  ᠳᠤ ᠣᠷᠣᠯᠴᠠᠵᠤ  ᠂ ᠴᠢᠶᠣᠤ ᡁᠢ ᠫᠢᠩ ᠤᠷᠢᠯᠭ᠎ᠠ  ᠪᠠᠷ ᠬᠤᠷᠠᠯ  ᠳᠤ ᠣᠷᠣᠯᠴᠠᠵᠤ  ᠂ ᠵᠡᠭᠦᠨᠭᠠᠷ ᠠᠵᠤ ᠠᠬᠤᠶ  ᠶᠢᠨ ᠨᠡᠭᠡᠭᠡᠯᠲᠡ  ᠶᠢᠨ  ᠤᠷᠤᠨ  ᠂ ᠡᠯ᠎ᠡ ᠰᠤᠮᠤ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠵᠢᠴᠢ ᠬᠤᠯᠪᠤᠬᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠨ ᠬᠤᠷᠠᠯ  ᠳᠤ ᠣᠷᠣᠯᠴᠠᠵᠠᠶ  ᠃      3 ᠰᠠᠷ᠎ᠠ  ᠶᠢᠨ 2  ᠤᠨ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ ᠳᠡᠳ᠋ ᠱᠦᠵᠢ  ᠂ ᠬᠤᠰᠢᠭᠤᠨ ᠤ ᠳᠠᠷᠤᠭ᠎ᠠ ᠰᠤᠷᠭᠠᠯᠳᠤ ᠠᠮᠢ ᠠᠬᠤᠶ ᠣᠷᠴᠢᠨ ᠲᠣᠭᠤᠷᠢᠨ  ᠤ ᠲᠣᠪᠤᠶᠢᠮ᠎ᠠ ᠠᠰᠠᠭᠤᠳᠠᠯ  ᠢ ᠴᠡᠭᠴᠡᠯᠡᠨ ᠰᠠᠶᠢᠵᠢᠷᠠᠭᠤᠯᠬᠤ ᠠᠵᠢᠯ  ᠢ ᠪᠠᠶᠢᠴᠠᠭᠠᠨ ᠰᠤᠳᠤᠯᠬᠤ  ᠳᠠᠭᠠᠨ ᠴᠢᠬᠤᠯᠠᠴᠢᠯᠠᠭᠰᠠᠨ  ᠨᠢ  ᠂ ᠪᠥᠬᠦ ᠬᠤᠰᠢᠭᠤᠨ  ᠤ ᠡᠯ᠎ᠡ ᠱᠠᠲᠤᠨ  ᠤ  ᠡᠯ᠎ᠠ ᠬᠤᠯᠪᠤᠬᠳᠠᠯ ᠪᠥᠬᠦᠶ ᠰᠠᠯᠠᠭ᠎ᠠ ᠮᠥᠴᠢᠷ  ᠨᠢ  ᠰᠢ ᠶᠢᠨ ᠫᠢᠩ ᠤᠨ ᠠᠮᠢ ᠠᠬᠤᠶ  ᠶᠢᠨ ᠪᠣᠯᠪᠠᠰᠤᠨ  ᠤ ᠦᠵᠡᠯ ᠰᠠᠨᠠᠭ᠎ᠠ  ᠶᠢ ᠡᠷᠡᠰ  ᠳᠤᠭᠤᠰᠢᠯᠠᠭᠤᠯᠤᠨ ᠨᠠᠶᠢᠳᠠᠪᠤᠷᠢᠵᠢᠭᠤᠯᠵᠤ  ᠂ ᠬᠠᠮᠤᠭ  ᠤᠨ ᠴᠢᠩᠭ᠎ᠠ ᠠᠮᠢ ᠠᠬᠤᠶ ᠣᠷᠴᠢᠨ ᠲᠣᠭᠤᠷᠢᠨ  ᠤ ᠬᠠᠮᠠᠭᠠᠯᠠᠯᠲᠠ  ᠶᠢᠨ ᠲᠦᠷᠢᠮ  ᠢᠶᠠᠷ ᠲᠣᠪᠤᠶᠢᠮ᠎ᠠ ᠠᠰᠠᠭᠤᠳᠠᠯ  ᠢ ᠵᠢᠭᠰᠠᠭᠠᠨ ᠪᠠᠶᠢᠴᠠᠭᠠᠵᠤ ᠴᠡᠭᠴᠡᠯᠡᠨ ᠵᠠᠰᠠᠬᠤ  ᠶᠢ ᠯᠠᠪᠳᠠᠭᠤᠨ ᠪᠠᠲᠤᠲᠠᠶ ᠠᠬᠢᠭᠤᠯᠵᠤ  ᠂ ᠪᠥᠬᠦ ᠬᠦᠴᠦᠨ  ᠢᠶᠠᠷ  ᠢᠶᠠᠨ ᠠᠮᠢ ᠠᠬᠤᠶ ᠣᠷᠴᠢᠨ ᠲᠣᠭᠤᠷᠢᠨ  ᠤ ᠬᠠᠮᠠᠭᠠᠯᠠᠯᠲᠠ  ᠶᠢᠨ ᠡᠯ᠎ᠡ  ᠳᠦᠷᠤᠯ  ᠤᠨ ᠠᠵᠢᠯ  ᠢ ᠰᠠᠶᠢᠲᠤᠷ ᠬᠢᠵᠦ  ᠂ ᠪᠥᠬᠦ ᠬᠤᠰᠢᠭᠤᠨ  ᠤ ᠠᠵᠤ ᠠᠬᠤᠶ ᠨᠡᠶᠢᠭᠡᠮ  ᠤᠨ ᠴᠢᠨᠠᠷ ᠰᠠᠶᠢᠲᠠᠶ ᠬᠥᠭᠵᠢᠯᠲᠡ  ᠶᠢ ᠠᠬᠢᠭᠤᠯᠬᠤ  ᠳᠤ ᠪᠠᠲᠤ ᠪᠠᠬᠢ ᠰᠠᠭᠤᠷᠢ ᠲᠠᠯᠪᠢᠬᠤ ᠬᠡᠷᠡᠭᠲᠡᠶ  ᠃     3 ᠰᠠᠷ᠎ᠠ  ᠶᠢᠨ 3  — 4  ᠤ ᠡᠳᠦᠷ ᠪᠤᠯᠳᠠᠯ᠎ᠠ  ᠂ ᠬᠤᠰᠢᠭᠤᠨ  ᠤ ᠨᠠᠮ  ᠤᠨ ᠬᠤᠷᠢᠶᠠᠨ  ᠤ ᠳᠡᠳ᠋ ᠱᠦᠵᠢ  ᠂ ᠬᠤᠰᠢᠭᠤᠨ  ᠤ ᠳᠠᠷᠤᠭ᠎ᠠ  ᠰᠤᠷᠭᠠᠯᠳᠤ ᠤᠷᠢᠳ ᠬᠤᠵᠢᠳ ᠸᠧᠶ ᠵᠢᠶᠠ ᠮᠤᠤ ᠪᠠᠯᠭᠠᠰᠤᠨ  ᠤ ᠬᠠᠲᠤᠨ ᠭᠤᠣᠯ ᠳᠠᠭᠠᠤ  ᠵᠠᠷᠢᠮ ᠴᠢᠯᠠᠭᠤᠨ ᠲᠠᠯᠠᠪᠠᠶ  ᠂ ᠬᠦᠬᠦᠷ  ᠤᠨ ᠦᠢᠯᠡᠳᠪᠦᠷᠢ  ᠶᠢᠨ  ᠦᠯᠡᠳᠡᠭᠳᠡᠯ  ᠂ ᠵᠦᠵᠢᠶᠠᠩ ᠴᠢᠩ ᠴᠦᠨ ᠲᠠ ᠨᠡᠭᠦᠷᠡᠰᠦᠨ ᠠᠭᠤᠷᠬᠠᠶ  ᠳᠤ ᠭᠦᠨᠵᠡᠭᠡᠶᠢᠷᠡᠨ  ᠂ ᠪᠤᠷᠤᠳᠤᠬᠤᠢ ᠰᠤᠮᠤ  ᠶᠢᠨ  ᠬᠦᠨ ᠡᠷᠬᠢ ᠲᠣᠰᠬᠤᠨ  ᠂  ᠬᠤᠤᠵᠤᠯᠠᠢ ᠲᠣᠰᠬᠤᠨ  ᠂ ᠯᠢ ᠵᠢᠶᠠ ᠲᠠ ᠲᠣᠰᠬᠤᠨ  ᠂ ᠳ᠋ᠠ ᠯᠦ ᠪᠠᠯᠭᠠᠰᠤ  ᠶᠢᠨ  ᠵᠡᠬᠦᠨ ᠬᠦᠨᠳᠡᠢ ᠶᠢᠨ ᠰᠠᠪᠠ ᠭᠠᠵᠠᠷ  ᠤᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ  ᠢ ᠶᠡᠷᠦᠩᠬᠡᠶᠢᠯᠡᠨ ᠠᠰᠢᠭᠯᠠᠬᠤ ᠲᠦᠷᠦᠯ ᠵᠦᠢᠯ  ᠂  ᠪᠦᠯᠢᠶᠡᠨ ᠭᠤᠤᠯ ᠨᠡᠭᠦᠷᠡᠰᠦᠨ ᠠᠭᠤᠷᠬᠠᠢ  ᠶᠢᠨ ᠠᠭᠤᠷᠬᠠᠢ  ᠶᠢᠨ ᠴᠢᠯᠠᠭᠤ  ᠶᠢ ᠶᠡᠷᠦᠩᠬᠡᠶᠢᠯᠡᠨ ᠠᠰᠢᠭᠯᠠᠬᠤ ᠲᠦᠷᠦᠯ ᠵᠦᠢᠯ  ᠂ ᠾᠧ ᠵᠢᠶᠠ ᠲᠠ ᠲᠣᠰᠬᠤᠨ  ᠂ ᠰᠢᠶᠤᠤ ᠲᠠᠨ ᠽᠢ ᠲᠣᠰᠬᠤᠨ ᠪᠣᠯᠤᠨ  ᠱᠠᠬᠳᠠᠷ ᠪᠠᠯᠭᠠᠰᠤ  ᠶᠢᠨ ᠱᠧᠩ ᠶᠤᠸᠠᠨ ᠲᠠᠷᠢᠮᠠᠯ  ᠤᠨ ᠦᠢᠯᠡᠰ ᠲᠡᠵᠢᠭᠡᠨ ᠦᠷᠡᠵᠢᠭᠦᠯᠬᠦ ᠲᠠᠯᠠᠪᠠᠢ ᠵᠡᠷᠭᠡ ᠭᠠᠵᠠᠷ  ᠤᠨ ᠣᠷᠴᠢᠨ ᠲᠣᠭᠤᠷᠢᠨ  ᠤ   ᠬᠠᠮᠠᠭᠠᠯᠠᠯᠲᠠ  ᠂ ᠠᠶᠤᠯᠭᠦᠢ ᠦᠢᠯᠡᠳᠪᠦᠷᠢᠯᠡᠯ  ᠂ ᠬᠥᠳᠡᠭᠡ ᠲᠣᠰᠬᠤᠨ  ᠢ ᠬᠥᠭᠵᠢᠭᠦᠯᠦᠨ ᠮᠠᠨᠳᠤᠭᠤᠯᠬᠤ ᠠᠵᠤ ᠦᠢᠯᠡᠰ  ᠤᠨ ᠬᠥᠭᠵᠢᠯᠲᠡ ᠪᠣᠯᠤᠨ ᠬᠠᠳᠤᠨ ᠭᠤᠣᠯ  ᠤᠨ ᠰᠦᠩ ᠬᠠᠯᠢᠶ᠎ᠠ  ᠶᠢ ᠰᠡᠷᠭᠡᠶᠢᠯᠡᠬᠦ ᠵᠡᠷᠭᠡ ᠠᠵᠢᠯ  ᠢ  ᠪᠤᠳᠠᠳᠤ ᠭᠠᠵᠠᠷ  ᠲᠤᠨᠢ ᠪᠠᠶᠢᠴᠠᠭᠠᠨ ᠰᠤᠳᠤᠯᠵᠠᠢ  ᠃      3 ᠰᠠᠷ᠎ᠠ  ᠶᠢᠨ 4  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ ᠱᠦᠵᠢ  ᠰᠤ᠋ ᠰᠢᠨ ᠶᠠ ᠳᠤᠮᠳᠠᠳᠤ ᠤᠯᠤᠰ  ᠤᠨ ᠡᠪ ᠬᠠᠮᠲᠤ ᠨᠠᠮ  ᠤᠨ ᠵᠡᠭᠦᠨᠭᠠᠷ ᠬᠤᠰᠢᠭᠤᠨ  ᠤ ᠠᠷᠪᠠᠨ ᠵᠢᠷᠭᠤᠳᠤᠭᠠᠷ ᠬᠤᠭᠤᠴᠠᠭᠠᠨ  ᠤ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ  ᠤ ᠬᠤᠶᠠᠳᠤᠭᠠᠷ ᠪᠥᠬᠦᠳᠡ ᠬᠤᠷᠠᠯ  ᠳᠤ ᠣᠷᠣᠯᠴᠠᠪᠠ᠃ ᠲᠡᠷᠡ ᠴᠢᠬᠤᠯᠠᠴᠢᠯᠠᠬᠤ     ᠳᠠᠭᠠᠨ  ᠂ ᠬᠢᠲᠤᠭ᠎ᠠ  ᠶᠢᠨ ᠢᠷ  ᠢ ᠳᠣᠲᠣᠭᠰᠢ  ᠪᠠᠨ ᠬᠠᠨᠳᠤᠭᠤᠯᠬᠤ ᠰᠥᠰᠥ ᠵᠣᠷᠢᠭ  ᠢᠶᠠᠷ ᠥᠪᠡᠷ  ᠤᠨ ᠪᠡᠶ᠎ᠡ  ᠳᠡᠭᠡᠨ ᠬᠤᠪᠢᠰᠬᠠᠯ ᠬᠢᠬᠦ  ᠶᠢ ᠠᠬᠢᠭᠤᠯᠵᠤ  ᠂ ᠡᠭᠦᠷᠢᠳᠡ ᠵᠤᠭᠰᠤᠰᠢ ᠦᠭᠡᠢ ᠪᠠᠷᠢᠮᠲᠠᠯᠠᠯ  ᠢᠶᠠᠷ ᠪᠦᠭᠦ ᠲᠠᠯ᠎ᠠ  ᠪᠠᠷ ᠨᠠᠮ  ᠢ ᠴᠢᠩᠭ᠎ᠠ ᠵᠠᠰᠠᠬᠤ  ᠶᠢ ᠠᠬᠢᠭᠤᠯᠤᠨ  ᠂ ᠪᠦᠭᠦ ᠬᠤᠰᠢᠭᠤᠨ  ᠤ ᠡᠯ᠎ᠡ  ᠳᠦᠷᠤᠯ  ᠤᠨ  ᠠᠵᠢᠯ ᠦᠢᠯᠡᠰ  ᠯᠠᠪᠳᠠᠭᠤᠨ  ᠢᠶᠠᠷ ᠠᠯᠤᠰ  ᠢ ᠵᠣᠷᠢᠨ ᠤᠷᠤᠭᠰᠢᠯᠠᠨ ᠳᠠᠪᠰᠢᠬᠤ  ᠶᠢ ᠪᠠᠲᠤᠯᠠᠵᠤ  ᠂ ᠪᠣᠳᠠᠲᠤ ᠠᠵᠢᠯᠯᠠᠭ᠎ᠠ  ᠪᠠᠷ  ᠢᠶᠠᠨ ᠨᠠᠮ  ᠤᠨ ᠬᠤᠷᠢᠳᠤᠭᠠᠷ ᠶᠡᠭᠡ ᠬᠤᠷᠠᠯ  ᠤᠨ ᠠᠮᠵᠢᠯᠲᠠ  ᠲᠠᠢ ᠬᠤᠷᠠᠯᠳᠤᠬᠤ  ᠶᠢ ᠤᠭᠲᠤᠬᠤ ᠬᠡᠷᠡᠭᠲᠡᠶ  ᠭᠡᠪᠡ  ᠃ ᠯᠦ ᠵᠠᠨ ᠴᠢᠩ  ᠂  ᠰᠤᠷᠭᠠᠯᠳᠤ  ᠂ ᠵᠢᠶᠠ ᠭᠤᠸᠠᠩ ᠬᠤᠸᠠ ᠵᠡᠷᠭᠡ ᠬᠤᠰᠢᠭᠤᠨ  ᠤ ᠳᠥᠷᠪᠡᠨ ᠶᠡᠭᠡ ᠪᠠᠭ  ᠤᠨ ᠤᠳᠤᠷᠢᠳᠤᠯᠭ᠎ᠠ  ᠂ ᠬᠤᠰᠢᠭᠤᠨ ᠤ  ᠰᠢᠬᠦᠬᠦ ᠪᠠᠶᠢᠴᠠᠭᠠᠬᠤ ᠬᠤᠷᠢᠶᠠᠨ ᠤ ︽  ᠬᠤᠶᠠᠷ ᠳᠠᠷᠤᠭ᠎ᠠ  ︾   ᠂ ᠵᠡᠭᠦᠨᠭᠠᠷ ᠠᠵᠤ ᠠᠬᠤᠶ  ᠶᠢᠨ ᠨᠡᠭᠡᠭᠡᠯᠲᠡ  ᠶᠢᠨ  ᠤᠷᠤᠨ ᠤ ᠤᠳᠤᠷᠢᠳᠬᠤ ᠪᠠᠭ  ᠤᠨ ᠭᠡᠰᠢᠭᠦᠨ  ᠂ ᠬᠤᠰᠢᠭᠤᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ  ᠤ ᠭᠡᠰᠢᠭᠦᠨ  ᠂ ᠬᠢᠨᠠᠨ ᠪᠠᠶᠢᠴᠠᠭᠠᠬᠤ ᠵᠥᠪᠯᠡᠯ  ᠤᠨ ᠭᠡᠰᠢᠭᠦᠨ  ᠂ ᠡᠯ᠎ᠡ ᠰᠤᠮᠤ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ  ᠂ ᠬᠤᠰᠢᠭᠤᠨ ᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ  ᠂ ᠡᠯ᠎ᠡ ᠠᠷᠠᠳ  ᠤᠨ ᠪᠦᠯᠬᠦᠮ  ᠤᠨ ᠬᠠᠷᠢᠭᠤᠴᠠᠯᠭᠠᠲᠠᠳ ᠬᠤᠷᠠᠯ  ᠳᠤ ᠣᠷᠣᠯᠴᠠᠵᠠᠶ  ᠃ ᠬᠤᠰᠢᠭᠤᠨ ᠤ ᠨᠠᠮ  ᠤᠨ ᠬᠤᠷᠢᠶ᠎ᠠ  ᠶᠢᠨ ᠪᠠᠶᠢᠩᠭᠤ  ᠶᠢᠨ ᠭᠡᠰᠢᠭᠦᠨ  ᠂ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ  ᠶᠢᠨ ᠱᠦᠵᠢ  ᠂ ᠬᠢᠨᠠᠨ ᠪᠠᠶᠢᠴᠠᠭᠠᠬᠤ ᠵᠥᠪᠯᠡᠯ  ᠤᠨ ᠡᠷᠬᠢᠯᠡᠭᠴᠢ ᠴᠢᠶᠣᠤ ᡁᠢ ᠫᠢᠩ ᠬᠤᠷᠠᠯ  ᠢ ᠡᠷᠭᠢᠯᠡᠪᠡ  ᠃     3 ᠰᠠᠷ᠎ᠠ  ᠶᠢᠨ 6  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ ᠪᠠᠶᠢᠩᠭᠤ  ᠶᠢᠨ ᠭᠡᠰᠢᠭᠦᠨ  ᠂ ᠬᠤᠰᠢᠭᠤᠨ ᠤ ᠳᠡᠳ᠋ ᠳᠠᠷᠤᠭ᠎ᠠ ᠴᠢᠦᠶ ᠱᠤ᠋ ᠴᠢᠩ 2022 ᠣᠨ  ᠤ ᠪᠥᠬᠦ ᠬᠤᠰᠢᠭᠤᠨ  ᠤ ᠭᠤᠷᠪᠠᠳᠤᠭᠠᠷ ᠤᠳᠠᠭᠠᠨ  ᠤ ᠭᠤᠤᠯᠳᠠᠯᠭ᠎ᠠ  ᠲᠠᠢ ᠲᠥᠷᠥᠯ ᠵᠦᠶᠯ  ᠤᠨ ᠲᠣᠬᠢᠷᠠᠭᠤᠯᠤᠯᠲᠠ  ᠶᠢᠨ ᠬᠤᠷᠠᠯ  ᠢ ᠡᠷᠭᠢᠯᠡᠨ ᠬᠤᠷᠠᠯᠳᠤᠭᠤᠯᠪᠠ ᠃ ᠡᠯ᠎ᠡ  ᠬᠤᠯᠪᠤᠬᠳᠠᠯ ᠪᠥᠬᠦᠶ ᠨᠢᠭᠡᠴᠢ  ᠶᠢᠨ ᠭᠤᠤᠯ ᠬᠠᠷᠢᠭᠤᠴᠠᠯᠭᠠᠲᠠᠳ ᠣᠷᠣᠯᠴᠠᠪᠠ  ᠃ ᠬᠤᠷᠠᠯ  ᠠᠴᠠ ᠱᠠᠭᠠᠷᠳᠠᠬᠤ ᠳᠠᠭᠠᠨ  ᠂ ᠡᠯ᠎ᠡ  ᠱᠠᠳᠤᠨ ᠤ ᠡᠯ᠎ᠡ ᠰᠠᠯᠠᠭ᠎ᠠ ᠮᠥᠴᠢᠷ  ᠤᠨ ᠬᠢᠨ  ᠬᠠᠷᠢᠭᠤᠴᠠᠯᠭ᠎ᠠ ᠡᠭᠦᠷᠭᠡᠯᠡᠨ ᠠᠵᠢᠯ ᠬᠢᠬᠦ  ᠪᠠᠨ ᠴᠢᠩᠭᠠᠳᠬᠠᠵᠤ  ᠂ ᠪᠣᠳᠠᠲᠠᠢ  ᠶᠢ ᠡᠷᠬᠢᠮᠯᠡᠬᠦ ᠰᠤᠷᠲᠠᠯ  ᠢ ᠪᠠᠳᠠᠷᠠᠭᠤᠯᠤᠨ  ᠂ ᠲᠦᠷᠭᠡᠨ ᠠᠯᠬᠤᠵᠤ  ᠂ ᠲᠡᠷᠢᠭᠦᠨ  ᠤ ᠬᠢ ᠪᠤᠯᠬᠤ ᠪᠠᠷ  ᠲᠡᠮᠡᠴᠡᠵᠤ   ᠂  ᠵᠢᠳᠬᠦᠯ  ᠴᠢᠷᠮᠠᠶᠢᠯᠭ᠎ᠠ ᠭᠠᠷᠭᠠᠨ  ᠂ ᠰᠠᠭᠤᠵᠤ ᠦᠯᠤ ᠪᠤᠯᠬᠤ ᠲᠤᠯᠭᠠᠮ ᠰᠡᠳᠬᠢᠯᠭᠡ  ᠂  ᠤᠳᠠᠵᠤ ᠦᠯᠤ ᠪᠤᠯᠬᠤ ᠲᠦᠭᠰᠢᠭᠦᠷᠢᠲᠦ ᠰᠡᠳᠬᠢᠯᠭᠡ  ᠂ ᠬᠦᠯᠢᠶᠡᠵᠦ  ᠦᠯᠤ ᠪᠤᠯᠬᠤ ᠬᠠᠷᠢᠭᠤᠴᠠᠯᠭᠠᠲᠤ ᠰᠡᠳᠬᠢᠯᠭᠡ  ᠪᠠᠷ ᠭᠦᠢᠴᠡᠳᠬᠡᠬᠦ ᠬᠤᠷᠳᠤᠴᠠ  ᠂ ᠵᠣᠬᠢᠴᠠᠭᠤᠯᠬᠤ ᠬᠤᠷᠳᠤᠴᠠ  ᠂ ᠬᠢᠨᠠᠨ ᠵᠥᠪᠰᠢᠶᠡᠷᠡᠬᠦ ᠬᠤᠷᠳᠤᠴᠠ  ᠪᠠᠨ ᠲᠦᠷᠭᠡᠳᠬᠡᠵᠦ  ᠂ ᠲᠦᠷᠦᠯ ᠵᠦᠢᠯ  ᠤᠨ ᠪᠦᠳᠦᠭᠡᠨ ᠪᠠᠶᠢᠭᠤᠯᠤᠯᠲᠠ  ᠶᠢᠨ ᠪᠦᠬᠦ ᠲᠠᠯ᠎ᠠ  ᠪᠠᠷ ᠬᠤᠷᠳᠤᠴᠠ  ᠪᠠᠨ ᠲᠦᠷᠭᠡᠳᠬᠡᠬᠦ  ᠶᠢ   ᠪᠠᠲᠤᠯᠠᠵᠤ  ᠂  ᠲᠦᠷᠦᠯ ᠵᠦᠢᠯ  ᠤᠨ ᠪᠦᠳᠦᠭᠡᠨ ᠪᠠᠶᠢᠭᠤᠯᠤᠯᠲᠠ  ᠶᠢᠨ ᠱᠠᠳᠤ ᠱᠠᠳᠤ  ᠪᠠᠷ    ᠨᠠᠶᠢᠳᠠᠪᠤᠷᠢᠵᠢᠭᠤᠯᠤᠭᠰᠠᠨ  ᠂ ᠬᠥᠮᠦᠨ ᠪᠦᠬᠦᠨ ᠡᠷᠴᠢ ᠵᠣᠷᠢᠭ  ᠢᠶᠠᠨ   ᠬᠥᠪᠴᠢᠯᠡᠭᠰᠡᠨ  ᠂ ᠨᠢᠭᠡ ᠨᠢᠭᠡ  ᠪᠠᠷ  ᠢᠶᠠᠨ ᠬᠦᠴᠦ ᠭᠠᠷᠭᠠᠭᠰᠠᠨ ᠰᠢᠨ᠎ᠡ ᠪᠠᠶᠢᠷᠢᠰᠢᠯ  ᠢ ᠪᠦᠷᠢᠯᠳᠦᠭᠦᠯᠬᠦ ᠬᠡᠷᠡᠭᠲᠡᠢ   ᠃ ᠰᠡᠳᠬᠢᠯ  ᠢᠶᠠᠨ ᠨᠢᠭᠡᠳᠬᠡᠨ ᠬᠦᠴᠦ  ᠪᠠᠨ ᠬᠠᠮᠲᠤᠳᠬᠠᠵᠤ  ᠂ ᠬᠦᠴᠢᠷ ᠪᠡᠷᠭᠡᠰᠢᠶᠠᠯ  ᠢ  ᠢᠯᠠᠨ ᠳᠠᠪᠠᠵᠤ  ᠂ ᠪᠦᠭᠦ ᠬᠤᠰᠢᠭᠤᠨ  ᠤ ᠭᠤᠣᠯᠳᠠᠯᠭ᠎ᠠ  ᠲᠠᠢ ᠲᠦᠷᠦᠯ ᠵᠦᠢᠯ  ᠢ ᠲᠣᠭᠲᠠᠭᠤᠨ  ᠢᠶᠠᠷ ᠠᠬᠢᠭᠤᠯᠵᠤ  ᠂ ᠰᠢᠯᠢᠳᠡᠭ ᠠᠮᠵᠢᠯᠲᠠ  ᠪᠠᠷ  ᠢᠶᠠᠨ ᠨᠠᠮ  ᠤᠨ ᠬᠤᠷᠢᠳᠤᠭᠠᠷ ᠶᠡᠭᠡ ᠬᠤᠷᠠᠯ  ᠤᠨ ᠠᠮᠵᠢᠯᠲᠠ  ᠲᠠᠢ ᠬᠤᠷᠠᠯᠳᠤᠬᠤ  ᠶᠢ ᠤᠭᠲᠤᠬᠤ ᠭᠡᠷᠡᠭᠳᠡᠢ‌‍ᠭᠡᠪᠠ  ᠃    3 ᠰᠠᠷ᠎ᠠ  ᠶᠢᠨ 7  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ ᠱᠦᠵᠢ ᠰᠦ᠋ ᠰᠢᠨ ᠶᠠ 2022 ᠣᠨ  ᠤ 8 ᠳ᠋ᠤᠭᠠᠷ ᠤᠳᠠᠭ᠎ᠠ  ᠶᠢᠨ ᠱᠦᠵᠢ  ᠨᠠᠷ ᠤᠨ ᠲᠤᠰᠬᠠᠶ ᠰᠡᠳᠦᠪᠲᠦ ᠬᠤᠷᠠᠯ  ᠢ ᠡᠷᠭᠢᠯᠡᠨ   ᠬᠤᠷᠠᠯᠳᠤᠭᠤᠯᠵᠤ  ᠂ ᠪᠥᠬᠦ ᠬᠤᠰᠢᠭᠤᠨ  ᠤ ᠬᠢᠵᠢᠭ  ᠤᠨ ᠪᠠᠶᠢᠳᠠᠯ  ᠢ ᠰᠡᠷᠭᠡᠶᠢᠯᠡᠨ  ᠡᠵᠡᠮᠳᠡᠬᠦ ᠠᠵᠢᠯ  ᠤᠨ ᠪᠠᠶᠢᠳᠠᠯ  ᠢ ᠰᠣᠨᠣᠰᠴᠤ  ᠂ ᠲᠠᠷᠠᠭᠠᠴᠢ  ᠶᠢᠨ ᠠᠯᠬᠤᠮ  ᠤᠨ ᠠᠵᠢᠯ  ᠢ ᠪᠠᠶᠢᠷᠢᠯᠠᠭᠤᠯᠪᠠ  ᠃ ᠬᠤᠰᠢᠭᠤᠨ  ᠤ ᠤᠳᠤᠷᠢᠳᠤᠯᠭ᠎ᠠ  ᠰᠤᠷᠭᠠᠯᠳᠤ  ᠂ ᠴᠢᠶᠣᠤ ᠠᠶ ᠫᠢᠩ  ᠂ ᠸᠠᠩ ᠢᠦᠶ ᠵᠢᠶᠧ  ᠂ ᠵᠤᠸᠠᠩ ᠰᠢᠤᠸᠠᠢ ᠱᠤᠸᠠᠩ  ᠂ ᠤᠶᠤᠨᠪᠢᠯᠢᠭ᠌  ᠂ ᠵᠠᠩ ᠶᠠ ᠨᠠᠨ  ᠂  ᠬᠤᠯᠪᠤᠬᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠳ ᠬᠤᠷᠠᠯ  ᠳᠤ ᠣᠷᠣᠯᠴᠠᠵᠠᠶ  ᠃ ᠰᠦ᠋ ᠰᠢᠨ ᠶᠠ ᠱᠠᠭᠠᠷᠳᠠᠬᠤ ᠳᠠᠭᠠᠨ  ᠂ ᠡᠯ᠎ᠡ ᠱᠠᠲᠤᠨ  ᠤ ᠡᠯ᠎ᠡ ᠰᠠᠯᠠᠭ᠎ᠠ ᠮᠥᠴᠢᠷ  ᠤᠨ ᠬᠢᠨ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠬᠠᠷᠢᠭᠤᠴᠠᠯᠭ᠎ᠠ  ᠪᠠᠨ ᠴᠢᠩᠭ᠎ᠠ ᠠᠳᠬᠤᠵᠤ  ᠂ ᠮᠡᠳᠡᠭᠡ ᠵᠠᠩᠭᠢ ᠨᠡᠪᠲᠡᠷᠡᠯᠴᠡᠨ ᠬᠠᠮᠲᠤᠪᠠᠷ ᠡᠳ᠋ᠯᠡᠬᠦ  ᠶᠢ ᠴᠢᠩᠭᠠᠳᠬᠠᠨ  ᠂ ᠨᠢᠭᠲᠠ  ᠵᠤᠬᠢᠴᠠᠭᠤᠯᠤᠨ ᠬᠠᠮᠵᠢᠯᠴᠠᠵᠤ  ᠂ ᠨᠠᠩ ᠥᠨᠳᠥᠷ ᠪᠦᠲᠦᠮᠵᠢᠲᠡᠶ ᠬᠠᠮᠲᠤᠷᠠᠨ ᠬᠥᠳᠡᠯᠦᠯᠴᠡᠬᠦ ᠲᠣᠭᠲᠠᠴᠠ  ᠶᠢ ᠪᠣᠶ ᠪᠣᠯᠭᠠᠬᠤ ᠬᠡᠷᠡᠭᠲᠡᠶ  ᠃ ᠬᠤᠰᠢᠭᠤ ᠰᠢᠶᠠᠨ  ᠤ ᠱᠠᠲᠤᠨ  ᠤ ᠤᠳᠤᠷᠢᠳᠤᠯᠭ᠎ᠠ ᠡᠮᠦᠨ᠎ᠡ ᠹᠷᠣᠨᠲ  ᠲᠤ ᠣᠴᠢᠵᠤ ᠵᠢᠯᠣᠭᠤᠳᠤᠨ  ᠂ ᠨᠢᠭᠡᠳᠦᠭᠡᠷ ᠹᠷᠣᠨᠲ  ᠲᠤ  ᠱᠠᠯᠠᠪᠳᠠᠭᠤᠯᠤᠨ ᠵᠢᠯᠣᠭᠤᠳᠴᠤ  ᠂ ᠲᠤᠰ ᠲᠤᠰ  ᠤᠨ ᠬᠠᠷᠢᠭᠤᠴᠠᠵᠤ ᠪᠠᠶᠢᠭ᠎ᠠ ᠬᠦᠷᠢᠶ᠎ᠡ ᠭᠡᠪᠴᠢᠶ᠎ᠠ  ᠂ ᠬᠤᠪᠢᠳᠠᠨ ᠬᠠᠮᠢᠶᠠᠷᠴᠤ ᠪᠠᠶᠢᠭ᠎ᠠ ᠰᠠᠯᠠᠭ᠎ᠠ ᠮᠥᠴᠢᠷ  ᠤᠨ ᠰᠡᠷᠭᠡᠶᠢᠯᠡᠨ ᠡᠵᠡᠮᠳᠡᠬᠦ ᠠᠵᠢᠯ  ᠤᠨ ᠴᠢᠬᠤᠯᠠ ᠶᠡᠭᠡ ᠬᠠᠷᠢᠭᠤᠴᠠᠯᠭ᠎ᠠ  ᠶᠢ ᠡᠷᠡᠰ ᠡᠭᠦᠷᠭᠡᠯᠡᠬᠦ ᠬᠡᠷᠡᠭᠲᠡᠢ  ᠃ ᠰᠠᠬᠢᠯᠭ᠎ᠠ ᠪᠠᠲᠤ ᠪᠠᠶᠢᠴᠠᠭᠠᠬᠤ ᠰᠠᠯᠠᠭ᠎ᠠ ᠮᠥᠴᠢᠷ  ᠱᠠᠯᠠᠪᠳᠠᠭᠤᠯᠤᠨ ᠪᠠᠶᠢᠴᠠᠭᠠᠬᠤ ᠡᠷᠴᠢᠮ  ᠢᠶᠠᠨ ᠴᠢᠩᠭᠠᠷᠠᠭᠤᠯᠵᠤ  ᠂ ᠬᠠᠷᠢᠭᠤᠴᠠᠯᠭ᠎ᠠ  ᠶᠢ ᠨᠠᠶᠢᠳᠠᠪᠤᠷᠢᠵᠢᠭᠤᠯᠤᠭᠰᠠᠨ  ᠢᠶᠠᠷ ᠬᠦᠷᠦᠯᠴᠡᠬᠦ ᠥᠬᠡᠶ  ᠂ ᠰᠡᠷᠭᠡᠶᠢᠯᠡᠨ ᠡᠵᠡᠮᠳᠡᠬᠦ ᠲᠠᠯ᠎ᠠ  ᠪᠠᠷ ᠬᠦᠷᠦᠯᠴᠡᠬᠦ ᠥᠬᠡᠶ ᠪᠠ ᠡᠯ᠎ᠡ  ᠳᠦᠷᠤᠯ  ᠤᠨ  ᠭᠡᠯᠪᠡᠷᠢᠴᠢ ᠦᠵᠡᠯ  ᠂ ᠨᠣᠶᠠᠨᠴᠢ ᠰᠤᠷᠲᠠᠯ ᠵᠢᠴᠢ ᠮᠡᠳᠡᠭᠦᠯᠬᠦ ᠥᠬᠡᠶ ᠬᠤᠶᠢᠰᠢᠯᠠᠭᠤᠯᠬᠤ  ᠂ ᠮᠡᠳᠡᠭᠦᠯᠬᠦ ᠥᠬᠡᠶ ᠨᠢᠭᠤᠬᠤ  ᠂ ᠮᠡᠳᠡᠭᠦᠯᠬᠦ ᠥᠬᠡᠶ ᠣᠷᠬᠢᠭᠳᠠᠭᠤᠯᠬᠤ ᠵᠡᠷᠭᠡ ᠦᠶᠯᠡ ᠠᠵᠢᠯᠯᠠᠭ᠎ᠠ  ᠶᠢ ᠨᠢᠭᠡ  ᠶᠢ ᠢᠯᠡᠷᠡᠭᠦᠯᠪᠡᠯ ᠨᠢᠭᠡ  ᠶᠢ ᠪᠠᠶᠢᠴᠠᠭᠠᠨ ᠰᠢᠶᠳᠪᠦᠷᠢᠯᠡᠵᠦ  ᠂ ᠡᠷᠡᠰ ᠬᠦᠴᠦᠲᠡᠶ ᠠᠵᠢᠯᠯᠠᠭ᠎ᠠ  ᠪᠠᠷ  ᠢᠶᠠᠨ ᠰᠡᠷᠭᠡᠶᠢᠯᠡᠨ ᠡᠵᠡᠮᠳᠡᠬᠦ ᠠᠵᠢᠯ  ᠢ ᠰᠠᠶᠢᠲᠤᠷ ᠬᠢᠵᠦ  ᠂ ᠪᠥᠬᠦ ᠬᠤᠰᠢᠭᠤᠨ  ᠤ ᠠᠷᠠᠳ ᠣᠯᠠᠨ  ᠤ ᠠᠮᠢ ᠨᠠᠰᠤ ᠡᠷᠡᠭᠦᠯ ᠮᠡᠨᠳᠦ  ᠶᠢᠨ ᠠᠮᠤᠷ ᠲᠦᠪᠰᠢᠨ ᠪᠠ ᠨᠡᠶᠢᠭᠡᠮ  ᠤᠨ  ᠪᠦᠬᠦ ᠲᠠᠯ᠎ᠠ  ᠶᠢᠨ ᠲᠣᠭᠲᠠᠭᠤᠨ ᠪᠠᠶᠢᠬᠤ  ᠶᠢ ᠪᠠᠲᠤᠯᠠᠬᠤ ᠬᠡᠷᠡᠭᠲᠡᠶ ᠭᠡᠪᠡ  ᠃    3 ᠰᠠᠷ᠎ᠠ  ᠶᠢᠨ 7  ᠠᠴᠠ 8  ᠤ ᠡᠳᠦᠷ ᠪᠣᠯᠲᠠᠯ᠎ᠠ  ᠂ ᠣᠰᠣᠨ ᠠᠰᠢᠭᠯᠠᠯᠲᠠ  ᠶᠢᠨ ᠶᠠᠮᠤᠨ  ᠤ ᠬᠠᠲᠤᠨ ᠭᠤᠣᠯ  ᠤᠨ ᠣᠰᠣᠨ ᠠᠰᠢᠭᠯᠠᠯᠲᠠ  ᠶᠢᠨ ᠵᠥᠪᠯᠡᠯ  ᠤᠨ ᠳᠡᠳ᠋ ᠡᠷᠭᠢᠯᠡᠭᠴᠢ ᠰᠢᠤᠸᠠᠢ ᠰᠦᠩ ᠬᠦᠢ ᠨᠡᠷ ᠮᠠᠨ  ᠤ ᠬᠤᠰᠢᠭᠤᠨ  ᠤ ᠬᠠᠲᠤᠨ ᠭᠤᠣᠯ  ᠤᠨ ᠰᠥᠩ ᠬᠠᠯᠢᠶ᠎ᠠ  ᠶᠢ ᠰᠡᠷᠭᠡᠶᠢᠯᠡᠬᠦ ᠠᠵᠢᠯ  ᠢ ᠪᠠᠶᠢᠴᠠᠭᠠᠨ    ᠵᠢᠯᠣᠭᠤᠳᠪᠠ  ᠃ ᠬᠤᠲᠠ  ᠶᠢᠨ ᠤᠰᠤᠨ ᠠᠰᠢᠭᠯᠠᠯᠲᠠ  ᠶᠢᠨ ᠲᠣᠪᠴᠢᠶ᠎ᠠ  ᠶᠢᠨ ᠳᠡᠳ᠋   ᠳᠠᠷᠤᠭ᠎ᠠ   ᠰᠡᠷᠡᠩᠨᠤᠷᠪᠤ ᠂ ᠬᠤᠰᠢᠭᠤᠨ  ᠤ ᠳᠡᠳ᠋ ᠳᠠᠷᠤᠭ᠎ᠠ ᠸᠠᠩ ᠵᠢᠩ ᠯᠦᠩ  ᠂ ᠬᠠᠲᠤᠨ ᠭᠤᠤᠯ  ᠤᠨ ᠡᠯ᠎ᠡ ᠰᠢᠶᠠᠩ ᠪᠠᠯᠭᠠᠰᠤᠨ  ᠤ ᠤᠰᠤᠨ ᠠᠰᠢᠭᠯᠠᠯᠲᠠ  ᠂ ᠪᠠᠴᠢᠮ ᠪᠠᠶᠢᠳᠠᠯ  ᠢ ᠠᠷᠭᠠᠴᠠᠭᠠᠬᠤ ᠵᠡᠷᠭᠡ ᠬᠤᠯᠪᠣᠭᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠳ ᠪᠠᠷ᠎ᠠ ᠪᠣᠯᠪᠠ  ᠃    3 ᠰᠠᠷ᠎ᠠ  ᠶᠢᠨ 11   ᠤ ᠡᠳᠦᠷ  ᠂ ᠪᠦᠬᠦ ᠬᠤᠳᠠ  ᠶᠢᠨ ᠬᠤᠶᠠᠳᠤᠭᠠᠷ ᠡᠭᠡᠯᠵᠢ  ᠶᠢᠨ ᠲᠥᠪ  ᠤᠨ ᠠᠮᠢ ᠠᠬᠤᠢ ᠣᠷᠴᠢᠨ ᠲᠣᠭᠤᠷᠢᠨ  ᠤ ᠬᠠᠮᠠᠭᠠᠯᠠᠯᠲᠠ  ᠶᠢ ᠱᠠᠯᠠᠪᠳᠠᠭᠤᠯᠤᠨ ᠪᠠᠶᠢᠴᠠᠭᠠᠬᠤ ᠪᠡᠯᠡᠳᠬᠡᠯ ᠠᠵᠢᠯ ᠢ ᠤᠬᠳᠤᠬᠤ ᠳᠤᠬᠢᠷᠠᠭᠤᠯᠤᠯᠳᠠ ᠶᠢᠨ ᠬᠤᠷᠠᠯ ᠬᠤᠷᠠᠯᠳᠤᠪᠠ᠃  ᠬᠤᠲᠠ  ᠶᠢᠨ ᠨᠠᠮ  ᠤᠨ ᠬᠤᠷᠢᠶᠠᠨ  ᠤ ᠳᠡᠳ᠋ ᠱᠦᠵᠢ  ᠂ ᠤᠯᠤᠰ ᠲᠥᠷᠥ ᠬᠠᠤᠯᠢ ᠴᠠᠭᠠᠵᠠ  ᠶᠢᠨ ᠬᠤᠷᠢᠶᠠᠨ  ᠤ ᠱᠦᠵᠢ  ᠂ ᠬᠢᠶ᠎ᠠ ᠪᠠᠭᠰᠢ ᠲᠣᠭᠤᠷᠢᠭ  ᠤᠨ ᠨᠠᠮ  ᠤᠨ ᠬᠤᠷᠢᠶᠠᠨ  ᠤ ᠱᠦᠵᠢ ᠰᠢᠩ ᠵᠧᠩ ᠬᠤᠷᠠᠯ  ᠳᠤ ᠣᠷᠣᠯᠴᠠᠨ ᠶᠠᠷᠢᠶ᠎ᠠ ᠲᠠᠯᠪᠢᠵᠤ  ᠂ ᠬᠤᠲᠠ  ᠶᠢᠨ ᠳᠡᠳ᠋ ᠳᠠᠷᠤᠭ᠎ᠠ ᠺᠦᠩ ᠹᠠᠨ ᠹᠸᠢ ᠬᠤᠷᠠᠯ  ᠢ ᠡᠷᠭᠢᠯᠡᠵᠡᠢ  ᠃ ᠬᠤᠷᠠᠯ ᠨᠢ ᠸᠢᠳᠢᠣ᠋ ᠬᠡᠯᠪᠡᠷᠢ  ᠪᠠᠷ ᠡᠯ᠎ᠡ ᠬᠤᠰᠢᠭᠤ ᠲᠣᠭᠤᠷᠢᠭ  ᠲᠤ ᠬᠦᠷᠳᠡᠯ᠎ᠠ ᠶᠠᠪᠤᠭᠳᠠᠪᠠ  ᠃ ᠬᠤᠰᠢᠭᠤᠨ  ᠤ ᠤᠳᠤᠷᠢᠳᠤᠯᠭ᠎ᠠ  ᠰᠤᠷᠭᠠᠯᠳᠤ  ᠂ ᠴᠢᠦᠶ ᠱᠤ᠋ ᠴᠢᠩ  ᠂ ᠸᠠᠩ ᠵᠢᠩ ᠯᠦᠩ  ᠂ ᠵᠡᠭᠦᠨᠭᠠᠷ ᠠᠵᠤ ᠠᠬᠤᠶ  ᠶᠢᠨ ᠨᠡᠭᠡᠭᠡᠯᠲᠡ  ᠶᠢᠨ  ᠤᠷᠤᠨ  ᠂ ᠡᠯ᠎ᠡ ᠰᠤᠮᠤ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ  ᠂  ᠬᠤᠯᠪᠤᠬᠳᠠᠯ ᠪᠥᠬᠦᠶ ᠰᠠᠯᠠᠭ᠎ᠠ ᠮᠥᠴᠢᠷ ᠤᠨ ᠬᠢᠨ ᠵᠡᠭᠦᠨᠭᠠᠷ ᠬᠤᠰᠢᠭᠤᠨ  ᠤ ᠬᠤᠪᠢᠶᠠᠷᠢ ᠬᠤᠷᠠᠯ  ᠤᠨ ᠲᠠᠯᠠᠪᠠᠶ  ᠳᠤ ᠬᠤᠷᠠᠯ  ᠳᠤ ᠣᠷᠣᠯᠴᠠᠵᠠᠶ  ᠃      3 ᠰᠠᠷ᠎ᠠ  ᠶᠢᠨ 13  ᠤ ᠡᠳᠦᠷ  ᠂ ᠬᠤᠲᠠ  ᠶᠢᠨ ᠳᠡᠳ᠋ ᠳᠠᠷᠤᠭ᠎ᠠ ᠡᠷᠳᠡᠨᠢᠪᠢᠯᠢᠭ  ᠱᠢ ᠡᠯ ᠯᠢᠶᠠᠨ ᠴᠧᠩ ᠰᠢᠶᠠᠩ  ᠂ ᠳ᠋ᠠ ᠯᠦ ᠪᠠᠯᠭᠠᠰᠤ  ᠂ ᠳ᠋ᠠ ᠯᠦ ᠰᠢᠨ᠎ᠡ ᠲᠣᠭᠤᠷᠢᠭ  ᠂  ᠵᠠᠬᠦᠠᠭᠠᠷ ᠤᠨ ᠡᠨᠧᠷᠬᠢ ᠶᠢᠨ ᠪᠦᠯᠦᠭᠯᠡᠯ  ᠤᠨ  ᠬᠠᠳᠠᠢ ᠭᠤᠤᠯ ᠵᠠᠳᠠᠭᠠᠶ ᠨᠡᠭᠦᠷᠡᠰᠦᠨ ᠠᠭᠤᠷᠬᠠᠶ  ᠳᠤ ᠭᠦᠨᠵᠡᠭᠡᠶᠢᠷᠡᠨ  ᠂ ᠬᠠᠲᠤᠨ ᠭᠤᠤᠯ  ᠤᠨ ᠰᠥᠩ ᠬᠠᠯᠢᠶ᠎ᠠ  ᠶᠢ ᠰᠡᠷᠭᠡᠶᠢᠯᠡᠬᠦ  ᠂ ᠲᠠᠷᠢᠶᠠᠯᠠᠩ ᠮᠠᠯ ᠠᠵᠤ ᠠᠬᠤᠶ  ᠶᠢᠨ ᠠᠵᠤ ᠦᠶᠯᠡᠰ ᠢ ᠬᠥᠭᠵᠢᠬᠦᠯᠬᠦ  ᠂ ᠬᠥᠳᠡᠭᠡ ᠲᠣᠰᠬᠤᠨ  ᠤ ᠬᠥᠮᠦᠨ ᠠᠷᠠᠳ  ᠤᠨ ᠣᠷᠣᠰᠢᠨ  ᠠᠮᠢᠳᠤᠷᠠᠬᠤ ᠣᠷᠴᠢᠨ ᠲᠣᠭᠤᠷᠢᠨ  ᠢ ᠴᠡᠭᠴᠡᠯᠡᠨ ᠵᠠᠰᠠᠬᠤ  ᠂ ᠬᠠᠪᠤᠷ  ᠤᠨ ᠤᠯᠠᠷᠢᠯ  ᠤᠨ  ᠤᠶᠢᠳᠤ ᠣᠷᠣᠨ  ᠤ ᠭᠠᠯ ᠳᠤᠶᠢᠮᠠᠷ  ᠢ ᠰᠡᠷᠭᠡᠶᠢᠯᠡᠬᠦ ᠵᠡᠷᠭᠡ ᠠᠵᠢᠯ  ᠢ ᠥᠷᠨᠢᠭᠦᠯᠦᠭᠰᠡᠨ ᠪᠠᠶᠢᠳᠠᠯ  ᠢ ᠪᠠᠶᠢᠴᠠᠭᠠᠨ ᠵᠢᠯᠣᠭᠤᠳᠪᠠ  ᠃ ᠬᠤᠰᠢᠭᠤᠨ  ᠤ ᠤᠳᠤᠷᠢᠳᠤᠯᠭ᠎ᠠ ᠷᠧᠨ ᡁᠢ ᠶᠤᠸᠠᠨ  ᠂ ᠸᠠᠩ ᠵᠢᠩ ᠯᠦᠩ ᠵᠢᠴᠢ ᠬᠤᠲᠠ  ᠂ ᠬᠤᠰᠢᠭᠤ ᠬᠤᠶᠠᠷ ᠱᠠᠲᠤᠨ  ᠤ ᠡᠯ᠎ᠡ  ᠬᠤᠯᠪᠤᠬᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠨ  ᠂  ᠱᠢ ᠡᠯ ᠯᠢᠶᠠᠨ ᠴᠧᠩ ᠰᠢᠶᠠᠩ  ᠂ ᠳ᠋ᠠ ᠯᠦ ᠪᠠᠯᠭᠠᠰᠤᠨ  ᠤ ᠭᠤᠤᠯ ᠬᠠᠷᠢᠭᠤᠴᠠᠯᠭᠠᠲᠠᠨ ᠪᠠᠶᠢᠴᠠᠭᠠᠨ ᠰᠤᠳᠤᠯᠤᠯᠲᠠ ᠬᠢᠬᠦ  ᠳᠤ ᠣᠷᠣᠯᠴᠠᠵᠠᠶ  ᠃    3 ᠰᠠᠷ᠎ᠠ  ᠶᠢᠨ 14  ᠤ ᠡᠳᠦᠷ  ᠂ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠤᠷᠢᠶ᠎ᠠ ᠺᠠᠳ᠋ᠷᠴᠤᠳ  ᠤᠨ ᠶᠡᠭᠡ ᠬᠤᠷᠠᠯ ᠬᠤᠷᠠᠯᠳᠤᠭᠤᠯᠵᠤ  ᠂ ᠪᠥᠬᠦ ᠤᠯᠤᠰ  ᠤᠨ ︽  ᠬᠤᠶᠠᠷ ᠬᠤᠷᠠᠯ  ︾   ᠤᠨ ᠵᠣᠷᠢᠭ ᠰᠠᠨᠠᠭ᠎ᠠ  ᠶᠢ ᠤᠯᠠᠮᠵᠢᠯᠠᠨ ᠰᠤᠷᠤᠯᠴᠠᠵᠤ  ᠂ ᠳᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ  ᠢ ᠳᠣᠭᠢᠷᠠᠭᠤᠯᠤᠨ ᠪᠠᠶᠢᠷᠢᠯᠠᠭᠤᠯᠪᠠ  ᠃ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠤᠷᠢᠶ᠎ᠠ  ᠶᠢᠨ ᠱᠦᠵᠢ  ᠂ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠶᠢᠨ ᠡᠷᠬᠢᠯᠡᠭᠴᠢ ᠱᠢ  ᠲᠠᠢ ᠹᠧᠩ ᠬᠤᠷᠠᠯ  ᠢ ᠡᠷᠬᠢᠯᠡᠬᠦ  ᠶᠢᠨ ᠬᠠᠮᠲᠤ ᠶᠠᠷᠢᠶ᠎ᠠ ᠲᠠᠯᠪᠢᠵᠠᠢ  ᠃ ᠬᠤᠷᠠᠯ ᠨᠢ ᠸᠢᠳᠢᠣ᠋   ᠬᠡᠯᠪᠡᠷᠢ  ᠪᠠᠷ ᠶᠠᠪᠤᠭᠳᠠᠵᠤ  ᠂  ᠰᠤ᠋ ᠰᠢᠨ ᠶᠠ  ᠂ ᠯᠦ ᠵᠠᠨ ᠴᠢᠩ  ᠂  ᠰᠤᠷᠭᠠᠯᠳᠤ  ᠂ ᠵᠢᠶᠠ ᠭᠤᠸᠠᠩ ᠬᠤᠸᠠ ᠵᠡᠷᠭᠡ ᠬᠤᠰᠢᠭᠤᠨ  ᠤ ᠨᠠᠮ  ᠤᠨ ᠬᠤᠷᠢᠶ᠎ᠠ  ᠂ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠂ ᠵᠠᠰᠠᠭ  ᠤᠨ ᠣᠷᠳᠣᠨ  ᠂ ᠤᠯᠤᠰ ᠲᠥᠷᠥ  ᠶᠢᠨ ᠵᠥᠪᠯᠡᠯᠭᠡᠨ  ᠤ ᠤᠳᠤᠷᠢᠳᠬᠤ ᠪᠠᠭ  ᠤᠨ ᠪᠦᠷᠢᠯᠳᠦᠬᠦᠨ  ᠂ ᠬᠤᠰᠢᠭᠤᠨ  ᠤ ᠰᠢᠭᠦᠬᠦ  ᠪᠠᠶᠢᠴᠠᠭᠠᠬᠤ ᠬᠤᠷᠢᠶ᠎ᠠ ᠶᠢᠨ ᠬᠤᠶᠠᠷ ᠳᠠᠷᠤᠭ᠎ᠠ  ᠂ ᠬᠤᠶᠠᠷ ᠬᠦᠷᠢᠶᠡᠯᠡᠩ ᠲᠣᠭᠤᠷᠢᠭ ᠵᠢᠴᠢ ᠬᠤᠰᠢᠭᠤᠨ  ᠤ ᠰᠢᠭᠤᠳ ᠬᠠᠷᠢᠶ᠎ᠠ ᠡᠯ᠎ᠡ ᠰᠠᠯᠠᠭ᠎ᠠ ᠮᠥᠴᠢᠷ  ᠤᠨ ᠬᠠᠷᠢᠭᠤᠴᠠᠯᠭᠠᠲᠠᠳ ᠵᠡᠭᠦᠨᠭᠠᠷ ᠬᠤᠰᠢᠭᠤᠨ  ᠤ ᠬᠤᠪᠢᠶᠠᠷᠢ ᠬᠤᠷᠠᠯ  ᠤᠨ ᠲᠠᠯᠠᠪᠠᠶ  ᠳᠤ ᠬᠤᠷᠠᠯ  ᠳᠤ ᠣᠷᠣᠯᠴᠠᠵᠠᠶ  ᠃    3  ᠰᠠᠷ᠎ᠠ  ᠶᠢᠨ 15  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ ᠳᠡᠳ᠋ ᠱᠦᠵᠢ  ᠂ ᠬᠤᠰᠢᠭᠤᠨ ᠤ ᠳᠠᠷᠤᠭ᠎ᠠ ᠰᠤᠷᠭᠠᠯᠳᠤ ᠬᠤᠰᠢᠭᠤᠨ  ᠤ ᠠᠷᠠᠳ  ᠤᠨ ᠵᠠᠰᠠᠭ  ᠤᠨ ᠣᠷᠳᠣᠨ  ᠤ 2022 ᠣᠨ  ᠤ 4 ᠳ᠋ᠦ᠋ᠭᠡᠷ ᠤᠳᠠᠭ᠎ᠠ  ᠶᠢᠨ ᠪᠠᠶᠢᠩᠭᠤ  ᠶᠢᠨ ᠶᠠᠪᠤᠳᠠᠯ ᠤᠨ ᠬᠤᠷᠠᠯ  ᠢ ᠡᠷᠭᠢᠯᠡᠨ ᠬᠤᠷᠠᠯᠳᠤᠭᠤᠯᠵᠤ  ᠂  ᠬᠤᠯᠪᠤᠬᠳᠠᠯ ᠪᠥᠬᠦᠶ ᠤᠴᠢᠷ ᠶᠠᠪᠤᠳᠠᠯ  ᠢ ᠰᠤᠳᠤᠯᠤᠨ ᠶᠠᠷᠢᠯᠴᠠᠵᠤ  ᠂  ᠬᠤᠯᠪᠤᠬᠳᠠᠯ ᠪᠥᠬᠦᠶ ᠠᠵᠢᠯ  ᠢ ᠳᠣᠭᠢᠷᠠᠭᠤᠯᠤᠨ ᠪᠠᠶᠢᠷᠢᠯᠠᠭᠤᠯᠪᠠ  ᠃ ᠬᠤᠰᠢᠭᠤᠨ  ᠤ ᠤᠳᠤᠷᠢᠳᠤᠯᠭ᠎ᠠ ᠴᠢᠦᠶ ᠱᠤ᠋ ᠴᠢᠩ  ᠂ ᠸᠠᠩ ᠵᠢᠩ ᠯᠦᠩ  ᠂ ᠵᠤᠸᠠᠩ ᠰᠢᠤᠸᠠᠢ          ᠱᠤᠸᠠᠩ  ᠂      ᠤᠶᠤᠨᠪᠢᠯᠢᠭ᠌  ᠂ ᠡᠦ ᠰᠢᠤᠢ ᠳ᠋ᠦᠩ  ᠂ ᠵᠡᠭᠦᠨᠭᠠᠷ ᠠᠵᠤ ᠠᠬᠤᠶ  ᠶᠢᠨ ᠨᠡᠭᠡᠭᠡᠯᠲᠡ  ᠶᠢᠨ  ᠤᠷᠤᠨ ᠵᠢᠴᠢ ᠡᠯ᠎ᠡ  ᠬᠤᠯᠪᠤᠬᠳᠠᠯ  ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠳ ᠬᠤᠷᠠᠯ  ᠳᠤ     ᠣᠷᠣᠯᠴᠠᠵᠠᠶ  ᠃ ᠬᠤᠰᠢᠭᠤᠨ ᠤ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠶᠢᠨ ᠳᠡᠳ᠋ ᠡᠷᠬᠢᠯᠡᠭᠴᠢ ᠸᠠᠩ ᠮᠢᠨ  ᠂ ᠬᠤᠰᠢᠭᠤᠨ ᠤ ᠤᠯᠤᠰ ᠲᠥᠷᠥ  ᠶᠢᠨ ᠵᠥᠪᠯᠡᠯᠭᠡᠨ  ᠤ ᠳᠡᠳ᠋ ᠲᠡᠷᠢᠭᠦᠯᠡᠭᠴᠢ ᠭᠤᠤ ᠷᠦᠨ ᠬᠤᠸᠠ ᠤᠷᠢᠯᠭ᠎ᠠ  ᠪᠠᠷ ᠬᠤᠷᠠᠯ ᠳᠤ ᠣᠷᠣᠯᠴᠠᠵᠠᠶ  ᠃     ᠲᠣᠰ ᠡᠳᠦᠷ  ᠂ 2022 ᠣᠨ ᠤ ᠪᠥᠬᠦ ᠬᠤᠰᠢᠭᠤᠨ  ᠤ ᠠᠮᠢ ᠠᠬᠤᠶ ᠣᠷᠴᠢᠨ ᠲᠣᠭᠤᠷᠢᠨ  ᠤ ᠬᠠᠮᠠᠭᠠᠯᠠᠯᠲᠠ  ᠶᠢᠨ ᠪᠣᠯᠪᠠᠰᠤᠷᠠᠯ  ᠤᠨ ᠬᠤᠷᠠᠯ ᠬᠤᠷᠠᠯᠳᠤᠵᠤ  ᠂ ᠬᠤᠰᠢᠭᠤᠨ  ᠤ ᠤᠳᠤᠷᠢᠳᠤᠯᠭ᠎ᠠ  ᠰᠤᠷᠭᠠᠯᠳᠤ  ᠂ ᠸᠠᠩ ᠵᠢᠩ  ᠯᠦᠩ  ᠂ ᠵᠤᠸᠠᠩ ᠰᠢᠤᠸᠠᠢ ᠱᠤᠸᠠᠩ  ᠂ ᠤᠶᠤᠨᠪᠢᠯᠢᠭ᠌  ᠂ ᠡᠦ ᠰᠢᠤᠢ ᠳ᠋ᠦᠩ ᠪᠣᠯᠪᠠᠰᠤᠷᠠᠯ  ᠤᠨ ᠬᠤᠷᠠᠯ  ᠳᠤ ᠣᠷᠣᠯᠴᠠᠵᠠᠶ  ᠃ ᠬᠤᠰᠢᠭᠤᠨ  ᠤ ᠨᠠᠮ  ᠤᠨ ᠬᠤᠷᠢᠶᠠᠨ  ᠤ  ᠪᠠᠶᠢᠩᠭᠤ  ᠶᠢᠨ ᠭᠡᠰᠢᠭᠦᠨ  ᠂ ᠬᠤᠰᠢᠭᠤᠨ ᠤ ᠳᠡᠳ᠋ ᠳᠠᠷᠤᠭ᠎ᠠ ᠴᠢᠦᠶ ᠱᠤ᠋ ᠴᠢᠩ ᠬᠤᠷᠠᠯ ᠡᠷᠭᠢᠯᠡᠪᠡ  ᠃ ᠪᠣᠯᠪᠠᠰᠤᠷᠠᠯ  ᠤᠨ ᠬᠤᠷᠠᠯ  ᠨᠢ ᠳᠤᠮᠳᠠᠳᠤ ᠤᠯᠤᠰ  ᠤᠨ ᠣᠷᠴᠢᠨ ᠲᠣᠭᠤᠷᠢᠨ  ᠤ ᠰᠢᠨᠵᠢᠯᠡᠬᠦ ᠤᠬᠠᠭᠠᠨ  ᠤ ᠰᠤᠳᠤᠯᠭᠠᠨ  ᠤ ᠬᠦᠷᠢᠶᠡᠯᠡᠩ  ᠤᠨ ᠳᠡᠭᠡᠳᠦ ᠵᠡᠷᠭᠡ  ᠶᠢᠨ ᠢᠨᠵᠧᠨᠧᠷ ᠹᠦ᠋ ᠶᠣᠣ ᠫᠷᠤᠹᠧᠰᠰᠤᠷ  ᠢ ᠣᠨᠴᠠᠭᠠᠢᠢᠯᠠᠨ ᠤᠷᠢᠵᠤ ᠠᠮᠢ ᠠᠬᠤᠢ ᠣᠷᠴᠢᠨ ᠲᠣᠭᠤᠷᠢᠨ  ᠤ ᠬᠠᠮᠠᠭᠠᠯᠠᠯᠲᠠ ᠶᠢ ᠳᠤᠰᠬᠠᠢ ᠰᠡᠳᠤᠪ ᠢᠶᠠᠷ ᠬᠠᠪᠰᠤᠷᠤᠨ ᠵᠢᠯᠤᠭᠤᠳᠤᠭᠤᠯᠪᠠ᠃  ᠬᠤᠷᠠᠯ  ᠠᠴᠠ ᠴᠢᠬᠤᠯᠠᠴᠢᠯᠠᠬᠤ ᠳᠠᠭᠠᠨ  ᠂ ᠡᠯ᠎ᠡ ᠰᠤᠮᠤ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ ᠵᠢᠴᠢ ᠬᠤᠯᠪᠣᠭᠳᠠᠯ ᠪᠦᠬᠦᠢ ᠰᠠᠯᠠᠭ᠎ᠠ ᠮᠥᠴᠢᠷ  ᠤᠨ ᠬᠢᠨ ᠬᠠᠷᠢᠶ᠎ᠠ ᠭᠠᠵᠠᠷ  ᠤᠨ ᠬᠠᠮᠢᠶᠠᠷᠤᠯᠲᠠ  ᠶᠢᠨ ᠬᠠᠷᠢᠭᠤᠴᠠᠯᠭ᠎ᠠ  ᠂ ᠰᠠᠯᠠᠭ᠎ᠠ ᠮᠥᠴᠢᠷ  ᠤᠨ ᠬᠢᠨᠠᠨ ᠬᠠᠮᠢᠶᠠᠷᠤᠯᠲᠠ  ᠶᠢᠨ ᠬᠠᠷᠢᠭᠤᠴᠠᠯᠭ᠎ᠠ ᠪᠣᠯᠤᠨ ᠠᠵᠤ ᠠᠬᠤᠢᠢᠯᠠᠯ  ᠤᠨ ᠭᠤᠣᠯ ᠴᠣᠭᠴᠠ  ᠶᠢᠨ ᠬᠠᠷᠢᠭᠤᠴᠠᠯᠭ᠎ᠠ  ᠶᠢ ᠴᠢᠩᠭ᠎ᠠ ᠨᠠᠶᠢᠳᠠᠪᠤᠷᠢᠵᠢᠭᠤᠯᠤᠨ  ᠂ ᠢᠯᠡᠷᠡᠭᠦᠯᠦᠭᠰᠡᠨ ᠣᠷᠴᠢᠨ ᠲᠣᠭᠤᠷᠢᠨ  ᠤ ᠬᠠᠮᠠᠭᠠᠯᠠᠯᠲᠠ  ᠶᠢᠨ ᠠᠰᠠᠭᠤᠳᠠᠯ  ᠢ ᠪᠠᠷᠢᠨ ᠳᠣᠣᠷ᠎ᠠ ᠨᠢ ᠬᠡᠷᠡᠭᠵᠢᠭᠦᠯᠵᠦ ᠪᠠᠷᠢᠨ ᠳᠣᠣᠷ᠎ᠠ ᠨᠢ ᠥᠭᠡᠷᠡᠴᠢᠯᠡᠨ ᠰᠠᠶᠢᠵᠢᠷᠠᠭᠤᠯᠵᠤ  ᠂  ᠮᠡᠳᠡᠮᠡᠭᠴᠡ ᠪᠠᠨ ᠥᠭᠡᠷᠡᠴᠢᠯᠡᠨ ᠰᠠᠶᠢᠵᠢᠷᠠᠭᠤᠯᠵᠤ  ᠂ ᠠᠰᠠᠭᠤᠳᠠᠯ  ᠢ ᠲᠦᠢᠯᠪᠤᠷᠢᠲᠠᠢ ᠴᠡᠭᠴᠡᠯᠡᠨ ᠰᠠᠶᠢᠵᠢᠷᠠᠭᠤᠯᠵᠤ  ᠂ ᠭᠡᠮ ᠰᠣᠭᠤᠭ ᠦᠯᠡᠳᠡᠭᠡᠬᠦ ᠦᠭᠡᠢ ᠪᠠᠶᠢᠬᠤ  ᠶᠢ ᠪᠠᠲᠤᠯᠠᠬᠤ ᠬᠡᠷᠡᠭᠲᠡᠢ  ᠃ ᠡᠯ᠎ᠡ ᠪᠠᠶᠢᠭᠤᠯᠭ᠎ᠠ ᠨᠢᠭᠡᠴᠢ  ᠶᠢᠨ ᠬᠢᠨ ᠨᠢᠭᠲᠠ ᠬᠠᠮᠵᠢᠯᠴᠠᠵᠤ  ᠂ ᠠᠵᠢᠯ  ᠤᠨ ᠬᠠᠮᠲᠤᠷᠠᠯ ᠬᠦᠴᠦᠨ  ᠢ ᠪᠦᠷᠢᠯᠳᠦᠭᠦᠯᠤᠨ  ᠂ ᠠᠵᠢᠯ  ᠤᠨ ᠨᠠᠶᠢᠳᠠᠪᠤᠷᠢᠵᠢᠭᠤᠯᠤᠯᠲᠠ  ᠶᠢ ᠰᠠᠶᠢᠲᠤᠷ ᠠᠳᠬᠤᠵᠤ  ᠂ ᠹᠦ᠋ ᠶᠣᠣ ᠫᠷᠤᠹᠧᠰᠰᠤᠷ  ᠤᠨ ᠶᠠᠷᠢᠭᠰᠠᠨ ᠠᠭᠤᠯᠭ᠎ᠠ  ᠲᠠᠢ ᠬᠠᠷᠢᠴᠠᠭᠤᠯᠤᠨ  ᠂   ᠠᠯᠳᠠᠰᠢ ᠪᠠᠨ ᠪᠠᠶᠢᠴᠠᠭᠠᠵᠤ ᠳᠤᠲᠠᠭᠤ  ᠶᠢ ᠨᠥᠬᠦᠪᠥᠷᠢᠯᠡᠵᠦ  ᠂ ᠲᠦᠷᠭᠡᠨ ᠲᠡᠭᠦᠯᠳᠡᠷᠵᠢᠭᠦᠯᠵᠦ  ᠂ ᠵᠡᠭᠦᠨᠭᠠᠷ ᠬᠤᠰᠢᠭᠤᠨ  ᠤ ᠠᠮᠢ ᠠᠬᠤᠢ ᠣᠷᠴᠢᠨ ᠲᠣᠭᠤᠷᠢᠨ  ᠤ ᠬᠠᠮᠠᠭᠠᠯᠠᠯᠲᠠ  ᠶᠢᠨ ᠠᠵᠢᠯ  ᠢ ᠰᠢᠨ᠎ᠡ ᠳᠡᠭᠲᠡᠷ  ᠲᠤ ᠭᠠᠷᠭᠠᠬᠤ  ᠶᠢ ᠪᠦᠬᠦ ᠬᠦᠴᠦᠨ  ᠢᠶᠠᠷ  ᠢᠶᠠᠨ ᠠᠬᠢᠭᠤᠯᠬᠤ ᠬᠡᠷᠡᠭᠲᠡᠢ ᠭᠡᠪᠠ  ᠃    3  ᠰᠠᠷ᠎ᠠ  ᠶᠢᠨ 15  ᠤ ᠡᠳᠦᠷ  ᠠᠴᠠ 17  ᠤ ᠡᠳᠦᠷ ᠪᠣᠯᠲᠠᠯ᠎ᠠ  ᠂ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠤᠷᠢᠶ᠎ᠠ  ᠶᠢᠨ ᠪᠠᠶᠢᠩᠭᠤ  ᠶᠢᠨ ᠭᠡᠰᠢᠭᠦᠨ  ᠂ ᠤᠯᠤᠰ ᠲᠥᠷᠥ ᠬᠠᠤᠯᠢ ᠴᠠᠭᠠᠵᠠ  ᠶᠢᠨ ᠬᠤᠷᠢᠶ᠎ᠠ  ᠶᠢᠨ ᠱᠦᠵᠢ ᠳ᠋ᠢᠩ ᠰᠢᠦ ᠹᠧᠩ ᠣᠷᠳᠣᠰ ᠬᠤᠲᠠ  ᠳᠤ ᠬᠠᠤᠯᠢ  ᠪᠠᠷ ᠵᠠᠰᠠᠬᠤ  ᠬᠤᠳᠠᠯᠳᠤᠭ᠎ᠠ ᠡᠷᠬᠢᠯᠡᠬᠦ ᠣᠷᠴᠢᠨ  ᠠᠬᠤᠢ ᠶᠢᠨ ︽  ᠶᠡᠭᠡ ᠶᠠᠷᠢᠯᠴᠠᠭ᠎ᠠ  ︾   ᠶᠢᠨ ᠠᠵᠢᠯᠯᠠᠭ᠎ᠠ ᠥᠷᠨᠢᠭᠦᠯᠦᠭᠰᠡᠨ ᠪᠠᠶᠢᠳᠠᠯ  ᠂ ᠲᠣᠤᠷᠵᠢᠭᠤᠯᠤᠭᠰᠠᠨ ᠬᠠᠮᠢᠶᠠᠷᠤᠯᠲᠠ ᠪᠠ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠵᠡᠷᠭᠡ ᠠᠵᠢᠯ  ᠳᠤ ᠪᠠᠶᠢᠴᠠᠭᠠᠨ ᠰᠤᠳᠤᠯᠤᠯᠲᠠ ᠬᠢᠭᠰᠡᠨ ᠪᠥᠭᠡᠳ ᠤᠯᠤᠰ ᠲᠥᠷᠥ ᠬᠠᠤᠯᠢ ᠴᠠᠭᠠᠵᠠ  ᠶᠢᠨ ᠪᠠᠶᠢᠭᠤᠯᠭ᠎ᠠ  ᠶᠢᠨ ︽ᠨᠠᠮ ᠤᠨ  ᠬᠤᠷᠢᠳᠤᠭᠠᠷ ᠶᠡᠭᠡ ᠬᠤᠷᠠᠯ  ᠢ ᠤᠭᠲᠤᠵᠤ  ᠂  ᠬᠠᠤᠯᠢ  ᠪᠠᠷ ᠵᠠᠰᠠᠬᠤ  ᠬᠤᠳᠠᠯᠳᠤᠭ᠎ᠠ ᠡᠷᠬᠢᠯᠡᠬᠦ ᠣᠷᠴᠢᠨ  ᠠᠬᠤᠢ ᠶᠢ ᠰᠢᠯᠢᠳᠡᠭᠵᠢᠭᠦᠯᠦᠨ  ᠂ ᠴᠢᠨᠠᠷ ᠰᠠᠶᠢᠲᠠᠶ ᠬᠥᠭᠵᠢᠯᠲᠡ  ᠳᠤ ᠦᠶᠯᠡᠴᠢᠯᠡᠬᠦ ᠪᠠ ᠪᠠᠲᠤᠯᠠᠬᠤ  ︾ ᠶᠡᠭᠡ ᠶᠠᠷᠢᠯᠴᠠᠭᠠᠨ  ᠤ ᠠᠵᠢᠯ  ᠤᠨ ᠶᠠᠷᠢᠯᠴᠠᠬᠤ ᠬᠤᠷᠠᠯ  ᠢ ᠡᠷᠭᠢᠯᠡᠨ ᠬᠤᠷᠠᠯᠳᠤᠭᠤᠯᠪᠠ  ᠃ ᠵᠡᠭᠦᠨᠭᠠᠷ ᠬᠤᠰᠢᠭᠤᠨ  ᠳᠤ ᠪᠠᠶᠢᠴᠠᠭᠠᠨ ᠰᠤᠳᠤᠯᠤᠯᠲᠠ ᠬᠢᠬᠦ ᠦᠶ᠎ᠡ  ᠳᠤ  ᠂ ᠬᠤᠲᠠ  ᠶᠢᠨ ᠤᠳᠤᠷᠢᠳᠤᠯᠭ᠎ᠠ ᠰᠢᠩ ᠵᠧᠩ  ᠂ ᠬᠤᠰᠢᠭᠤᠨ  ᠤ ᠤᠳᠤᠷᠢᠳᠤᠯᠭ᠎ᠠ ᠰᠦ᠋ ᠰᠢᠨ ᠶᠠ  ᠂ ᠸᠠᠩ ᠢᠦᠶ ᠵᠢᠶᠧ  ᠂ ᠵᠡᠭᠦᠨᠭᠠᠷ  ᠤᠨ ᠡᠨᠧᠷᠬᠢ ᠶᠢᠨ ᠪᠦᠯᠦᠭᠯᠡᠯ  ᠤᠨ ᠬᠠᠷᠢᠭᠤᠴᠠᠯᠭᠠᠲᠠᠨ ᠨᠠᠷ ᠪᠠᠷ᠎ᠠ ᠪᠣᠯᠪᠠ  ᠃    3 ᠰᠠᠷ᠎ᠠ  ᠶᠢᠨ 15  — 19  ᠤ ᠡᠳᠦᠷ ᠪᠣᠯᠲᠠᠯ᠎ᠠ  ᠂ ᠬᠤᠰᠢᠭᠤᠨ  ᠤ ᠨᠠᠮ  ᠤᠨ ᠬᠤᠷᠢᠶᠠᠨ  ᠤ ᠳᠡᠳ᠋    ᠱᠦᠵᠢ  ᠂ ᠬᠤᠰᠢᠭᠤᠨ ᠤ ᠳᠠᠷᠤᠭ᠎ᠠ  ᠰᠤᠷᠭᠠᠯᠳᠤ ᠵᠡᠭᠦᠨᠭᠠᠷ ᠬᠤᠰᠢᠭᠤᠨ  ᠤ ᠰᠢᠨᠵᠢᠯᠡᠨ ᠪᠠᠶᠢᠴᠠᠭᠠᠬᠤ ᠪᠦᠯᠬᠦᠮ  ᠢ ᠳᠠᠭᠠᠭᠤᠯᠤᠨ ᠤᠯᠠᠭᠠᠨᠴᠠᠪ ᠬᠤᠲᠠ  ᠶᠢᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤ  ᠂ ᠳᠥᠷᠪᠡᠳ ᠬᠤᠰᠢᠭᠤ  ᠂ ᠰᠢᠯᠢ  ᠶᠢᠨ ᠭᠤᠤᠯ ᠠᠶᠢᠮᠠᠭ  ᠤᠨ ᠤᠯᠠᠭᠠᠶ ᠬᠠᠮᠢᠶᠠᠷᠤᠯᠲᠠ  ᠶᠢᠨ ᠣᠷᠣᠨ  ᠳᠤ ᠬᠦᠷᠴᠦ ᠬᠥᠳᠡᠭᠡ ᠲᠣᠰᠬᠤᠨ  ᠢ ᠬᠥᠭᠵᠢᠭᠦᠯᠦᠨ ᠮᠠᠨᠳᠤᠭᠤᠯᠬᠤ  ᠂ ᠣᠲᠣ ᠦᠶ᠎ᠡ  ᠶᠢᠨ ᠮᠠᠯ ᠠᠵᠤ ᠠᠬᠤᠶ  ᠂  ᠳᠦᠬᠦᠭᠡᠷᠤᠮᠵᠢᠳᠤ ᠲᠠᠷᠢᠶᠠᠯᠠᠩ  ᠤᠨ ᠬᠥᠭᠵᠢᠯᠲᠡ ᠵᠡᠷᠭᠡ ᠠᠵᠢᠯ  ᠢ ᠰᠢᠨᠵᠢᠯᠡᠨ ᠪᠠᠶᠢᠴᠠᠭᠠᠪᠠ  ᠃ ᠬᠤᠰᠢᠭᠤᠨ ᠤ ᠳᠡᠳ᠋  ᠳᠠᠷᠤᠭ᠎ᠠ ᠸᠠᠩ ᠵᠢᠩ    ᠯᠦᠩ  ᠂  ᠬᠤᠯᠪᠤᠬᠳᠠᠯ ᠪᠥᠬᠦᠶ ᠰᠤᠮᠤ ᠰᠢᠶᠠᠩ ᠪᠠᠯᠭᠠᠰᠤ ᠪᠣᠯᠤᠨ ᠰᠠᠯᠠᠭ᠎ᠠ ᠮᠥᠴᠢᠷ  ᠂ ᠠᠵᠤ ᠠᠬᠤᠢᠢᠯᠠᠯ  ᠤᠨ ᠬᠠᠷᠢᠭᠤᠴᠠᠯᠭᠠᠲᠠᠨ ᠨᠠᠷ ᠪᠦᠯᠬᠦᠮ  ᠢ ᠳᠠᠭᠠᠵᠤ ᠰᠢᠨᠵᠢᠯᠡᠨ ᠪᠠᠶᠢᠴᠠᠭᠠᠪᠠ  ᠃    3 ᠰᠠᠷ᠎ᠠ  ᠶᠢᠨ 21 ᠠᠴᠠ 22  ᠤᠨ ᠡᠳᠦᠷ ᠪᠣᠯᠲᠠᠯ᠎ᠠ  ᠂ ᠥᠪᠡᠷᠲᠡᠭᠡᠨ ᠵᠠᠰᠠᠬᠤ ᠣᠷᠣᠨ  ᠤ ᠨᠠᠮ  ᠤᠨ ᠬᠤᠷᠢᠶ᠎ᠠ  ᠶᠢᠨ ᠱᠦᠵᠢ  ᠂ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠶᠢᠨ ᠡᠷᠬᠢᠯᠡᠭᠴᠢ ᠱᠢ  ᠲᠠᠢ ᠹᠧᠩ ᠵᠡᠭᠦᠨᠭᠠᠷ ᠬᠤᠰᠢᠭᠤᠨ  ᠳᠤ ᠭᠦᠨᠵᠡᠭᠡᠶᠢᠷᠡᠨ ᠪᠠᠶᠢᠴᠠᠭᠠᠨ ᠰᠤᠳᠤᠯᠤᠯᠲᠠ ᠬᠢᠵᠦ  ᠂   ᠶᠡᠷᠦᠩᠬᠡᠶ ᠱᠦᠵᠢ  ᠰᠢ ᠶᠢᠨ ᠫᠢᠩ ᠤᠨ ᠥᠪᠥᠷ ᠮᠣᠩᠭᠤᠯ ᠤᠨ ᠠᠵᠢᠯ  ᠳᠤ ᠲᠠᠯᠪᠢᠭᠰᠠᠨ ᠴᠢᠬᠤᠯᠠ ᠶᠠᠷᠢᠶ᠎ᠠ ᠴᠢᠬᠤᠯᠠ ᠵᠢᠭᠠᠪᠤᠷᠢ ᠴᠣᠬᠤᠯᠠᠪᠤᠷᠢ  ᠶᠢᠨ ᠵᠣᠷᠢᠭ ᠰᠠᠨᠠᠭ᠎ᠠ  ᠶᠢ ᠭᠦᠨᠵᠡᠭᠡᠶ ᠰᠤᠷᠤᠯᠴᠠᠨ  ᠳᠤᠭᠤᠰᠢᠯᠠᠭᠤᠯᠵᠤ  ᠂ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠪᠠ ᠠᠵᠤ ᠠᠬᠤᠶ ᠨᠡᠶᠢᠭᠡᠮ  ᠤᠨ ᠬᠥᠭᠵᠢᠯᠲᠡ  ᠶᠢ ᠨᠢᠭᠡᠳᠦᠯᠲᠡᠶ ᠲᠥᠯᠥᠪᠯᠡᠨ  ᠂ ᠠᠷᠭ᠎ᠠ ᠪᠦᠬᠦᠨ  ᠢ ᠰᠦᠪᠡᠭᠴᠢᠯᠡᠵᠤ ᠪᠠᠶᠢᠭᠠᠳ 《ᠬᠤᠣᠰ ᠨᠡᠭᠦᠷᠡᠰᠦᠲᠥ᠋ᠷᠥᠭᠴᠢ》  ᠶᠢᠨ ᠪᠠᠶᠢᠯᠳᠤᠬᠤ ᠪᠤᠳᠤᠯᠭ᠎ᠠ  ᠶᠢᠨ ᠠᠵᠠ ᠲᠣᠬᠢᠶᠠᠯ  ᠢ  ᠡᠵᠡᠮᠳᠡᠨ  ᠂ ᠴᠢᠬᠤᠯᠠ ᠶᠡᠭᠡ  ᠳᠦᠷᠤᠯ ᠵᠤᠶᠢᠯ  ᠤᠨ ᠪᠦᠳᠦᠭᠡᠨ ᠪᠠᠶᠢᠭᠤᠯᠤᠯᠲᠠ  ᠶᠢ ᠪᠦᠬᠦ ᠬᠦᠴᠦᠨ  ᠢᠶᠠᠷ  ᠢᠶᠠᠨ   ᠠᠬᠢᠭᠤᠯᠵᠤ  ᠂ ᠠᠵᠤ ᠠᠬᠤᠶ  ᠶᠢᠨ ᠲᠣᠭᠲᠠᠭᠤᠨ  ᠡᠷᠬᠢᠯᠳᠡ ᠪᠠ ᠴᠢᠨᠠᠷᠵᠢᠯ  ᠢ ᠳᠡᠭᠡᠭᠰᠢᠯᠡᠭᠦᠯᠦᠨ ᠲᠡᠰ ᠳᠡᠪᠰᠢᠭᠦᠯᠬᠦ  ᠶᠢ ᠯᠠᠪᠳᠠᠭᠤᠨ  ᠢᠶᠠᠷ  ᠠᠬᠢᠭᠤᠯᠵᠤ  ᠂ ᠬᠢᠵᠢᠭ  ᠤᠨ ᠪᠠᠶᠢᠳᠠᠯ  ᠠᠴᠠ ᠪᠤᠯᠤᠬᠰᠠᠨ ᠬᠤᠪᠢᠷᠠᠯᠲᠠ  ᠶᠢ ᠬᠠᠮᠤᠭ  ᠤᠨ ᠶᠡᠭᠡ ᠬᠡᠮᠵᠢᠶ᠎ᠡ  ᠪᠠᠷ ᠪᠠᠭᠠᠰᠬᠠᠨ  ᠂ ᠴᠢᠨᠠᠷ ᠰᠠᠶᠢᠲᠠᠶ ᠬᠥᠭᠵᠢᠯᠲᠡ  ᠶᠢᠨ ᠨᠡᠮᠡᠭᠳᠡᠯ  ᠤᠨ ᠬᠡᠮᠵᠢᠶ᠎ᠡ  ᠶᠢ ᠥᠷᠭᠡᠳᠬᠡᠵᠦ  ᠂ ᠲᠣᠭᠲᠠᠭᠤᠨ ᠪᠠᠶᠢᠯᠭᠠᠬᠤ  ᠶᠢ ᠲᠡᠷᠢᠭᠦᠨ  ᠳᠤ ᠲᠠᠯᠪᠢᠵᠤ  ᠂ ᠲᠣᠭᠲᠠᠭᠤᠨ ᠤ ᠳᠤᠮᠳᠠ ᠤᠷᠤᠭᠰᠢᠯᠠᠬᠤ  ᠶᠢ ᠦᠨᠡᠨ ᠬᠦ ᠪᠠᠲᠤᠯᠠᠬᠤ  ᠭᠡᠷᠡᠭᠳᠡᠢ ᠭᠡᠵᠤ  ᠴᠢᠬᠤᠯᠠᠴᠢᠯᠠᠪᠠ  ᠃     3 ᠰᠠᠷ᠎ᠠ  ᠶᠢᠨ 21  ᠤ ᠡᠳᠦᠷ  ᠂ ᠬᠤᠲᠠ  ᠶᠢᠨ ᠠᠷᠠᠳ  ᠤᠨ ᠵᠠᠰᠠᠭ  ᠤᠨ ᠣᠷᠳᠣᠨ  ᠤ ᠨᠠᠮ  ᠤᠨ  ᠳᠤᠭᠤᠢᠢᠯᠠᠩ  ᠤᠨ ᠪᠦᠷᠢᠯᠳᠦᠬᠦᠨ  ᠂ ᠬᠤᠲᠠ  ᠶᠢᠨ ᠳᠡᠳ᠋ ᠳᠠᠷᠤᠭ᠎ᠠ ᠮᠢᠶᠣᠣ ᠴᠧᠩ ᠢᠦᠶ ᠨᠡᠷ ᠵᠡᠭᠦᠨᠭᠠᠷ ᠵᠣᠣ ᠪᠠᠯᠭᠠᠰᠤᠨ  ᠳᠤ ᠢᠷᠡᠵᠦ ᠰᠣᠶᠣᠯ  ᠵᠤᠭᠠᠴᠠᠯ  ᠤᠨ ᠠᠵᠤ ᠦᠶᠯᠡᠰ  ᠤᠨ ᠬᠥᠭᠵᠢᠯᠲᠡ  ᠶᠢᠨ ᠠᠵᠢᠯ  ᠢ ᠪᠠᠶᠢᠴᠠᠭᠠᠨ ᠰᠤᠳᠤᠯᠪᠠ  ᠃ ᠬᠤᠰᠢᠭᠤᠨ  ᠤ ᠨᠠᠮ  ᠤᠨ ᠬᠤᠷᠢᠶᠠᠨ  ᠤ  ᠳᠡᠳ᠋ ᠱᠦᠵᠢ  ᠂ ᠬᠤᠰᠢᠭᠤᠨ  ᠤ ᠳᠠᠷᠤᠭ᠎ᠠ     ᠰᠤᠷᠭᠠᠯᠳᠤ  ᠂ ᠬᠤᠯᠪᠣᠭᠳᠠᠯ ᠪᠦᠭᠦᠢ  ᠪᠠᠶᠢᠭᠤᠯᠭ᠎ᠠ ᠨᠢᠭᠡᠴᠢ  ᠂ ᠰᠢᠶᠠᠩ ᠪᠠᠯᠭᠠᠰᠤᠨ ᠤ ᠬᠢᠨ ᠪᠠᠷ᠎ᠠ ᠪᠤᠯᠵᠤ ᠪᠠᠶᠢᠴᠠᠭᠠᠨ ᠰᠤᠳᠤᠯᠤᠯᠲᠠ ᠬᠢᠪᠠ  ᠃    3 ᠰᠠᠷ᠎ᠠ  ᠶᠢᠨ 23  ᠤ ᠡᠳᠦᠷ  ᠂ ᠬᠤᠲᠠ  ᠶᠢᠨ ᠨᠠᠮ  ᠤᠨ ᠬᠤᠷᠢᠶ᠎ᠠ  ᠶᠢᠨ ᠪᠠᠶᠢᠩᠭᠤ  ᠶᠢᠨ ᠭᠡᠰᠢᠭᠦᠨ  ᠂ ᠨᠢᠭᠡᠳᠦᠮᠡᠯ ᠹᠷᠣᠨᠲ  ᠤᠨ ᠬᠡᠯᠲᠡᠰ  ᠤᠨ ᠳᠠᠷᠤᠭ᠎ᠠ ᠪᠦᠷᠢᠨᠴᠢᠮᠡᠭ ᠮᠠᠨ  ᠤ ᠬᠤᠰᠢᠭᠤᠨ ᠳᠤ ᠢᠷᠡᠵᠤ ᠠᠷᠠᠳ ᠠᠴᠠ ᠡᠵᠡᠩᠨᠡᠭᠰᠡᠨ ᠠᠵᠤ ᠠᠬᠤᠢᠢᠯᠠᠯ  ᠬᠥᠳᠡᠭᠡ ᠲᠣᠰᠬᠤᠨ  ᠢ ᠬᠥᠭᠵᠢᠭᠦᠯᠦᠨ ᠮᠠᠨᠳᠤᠭᠤᠯᠬᠤ  ᠂ ᠨᠢᠭᠡᠳᠦᠮᠡᠯ ᠹᠷᠣᠨᠲ  ᠤᠨ ᠦᠨᠳᠦᠰᠦᠨ ᠱᠠᠲᠤᠨ  ᠤ ᠰᠠᠭᠤᠷᠢ ᠶᠢ ᠪᠠᠳᠤᠳᠬᠠᠬᠤ ᠳᠤ ᠬᠠᠮᠵᠢᠯᠴᠠᠵᠤ ᠪᠠᠶᠢᠭ᠎ᠠ ᠵᠡᠷᠭᠡ ᠠᠵᠢᠯ  ᠳᠤ ᠪᠠᠶᠢᠴᠠᠭᠠᠨ ᠰᠤᠳᠤᠯᠤᠯᠲᠠ ᠬᠢᠪᠠ  ᠃ ᠬᠤᠲᠠ  ᠶᠢᠨ ᠨᠠᠮ  ᠤᠨ ᠬᠤᠷᠢᠶ᠎ᠠ  ᠶᠢᠨ ᠨᠢᠭᠡᠳᠦᠮᠡᠯ ᠹᠷᠣᠨᠲ  ᠤᠨ ᠬᠡᠯᠲᠡᠰ  ᠤᠨ ᠪᠠᠶᠢᠩᠭᠤ  ᠶᠢᠨ ᠳᠡᠳ᠋ ᠳᠠᠷᠤᠭ᠎ᠠ ᠴᠢᠶᠣᠤ ᠰᠢᠶᠤᠤ ᠵᠢᠶᠦ᠋ᠨ  ᠂ ᠬᠤᠲᠠ  ᠶᠢᠨ ᠨᠠᠮ  ᠤᠨ ᠬᠤᠷᠢᠶ᠎ᠠ  ᠶᠢᠨ ᠨᠢᠭᠡᠳᠦᠮᠡᠯ ᠹᠷᠣᠨᠲ  ᠤᠨ ᠬᠡᠯᠲᠡᠰ  ᠤᠨ ᠳᠡᠳ᠋ ᠳᠠᠷᠤᠭ᠎ᠠ  ᠂ ᠬᠤᠲᠠ  ᠶᠢᠨ ᠦᠶᠯᠡᠳᠪᠦᠷᠢ ᠬᠤᠳᠠᠯᠳᠤᠭᠠᠨ  ᠤ ᠬᠤᠯᠪᠣᠭ᠎ᠠ  ᠶᠢᠨ ᠨᠠᠮ  ᠤᠨ  ᠳᠤᠭᠤᠢᠢᠯᠠᠩ  ᠤᠨ ᠱᠦᠵᠢ ᠰᠢᠤᠸᠠᠢ ᠬᠠᠶ ᠰᠢᠶᠠ  ᠂ ᠬᠤᠰᠢᠭᠤᠨ  ᠤ ᠨᠠᠮ  ᠤᠨ ᠬᠤᠷᠢᠶ᠎ᠠ  ᠶᠢᠨ ᠱᠦᠵᠢ ᠰᠦ᠋ ᠰᠢᠨ ᠶᠠ  ᠂ ᠬᠤᠰᠢᠭᠤᠨ  ᠤ ᠨᠠᠮ  ᠤᠨ ᠬᠤᠷᠢᠶ᠎ᠠ  ᠶᠢᠨ ᠪᠠᠶᠢᠩᠭᠤ  ᠶᠢᠨ ᠭᠡᠰᠢᠭᠦᠨ  ᠂ ᠨᠢᠭᠡᠳᠦᠮᠡᠯ ᠹᠷᠣᠨᠲ  ᠤᠨ ᠬᠡᠯᠲᠡᠰ  ᠤᠨ ᠳᠠᠷᠤᠭ᠎ᠠ ᠲᠠᠩ  ᠳᠠᠯᠠᠢ  ᠂ ᠬᠤᠰᠢᠭᠤᠨ  ᠤ  ᠬᠤᠯᠪᠤᠬᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠨ ᠪᠠᠷ᠎ᠠ ᠪᠣᠯᠵᠣ ᠪᠠᠶᠢᠴᠠᠭᠠᠨ ᠰᠤᠳᠤᠯᠤᠯᠲᠠ ᠬᠢᠪᠠ  ᠃    3 ᠰᠠᠷ᠎ᠠ  ᠶᠢᠨ 24  ᠤ ᠡᠳᠦᠷ  ᠂ ᠬᠤᠰᠢᠭᠤᠨ  ᠤ ᠨᠠᠮ  ᠤᠨ ᠬᠤᠷᠢᠶᠠᠨ  ᠤ  ᠳᠡᠳ᠋ ᠱᠦᠵᠢ  ᠂ ᠬᠤᠰᠢᠭᠤᠨ  ᠤ ᠳᠠᠷᠤᠭ᠎ᠠ ᠰᠤᠷᠭᠠᠯᠳᠤ  ᠶᠢᠦ ᠢ ᠵᠡᠭᠡᠯᠢ ᠭᠤᠳᠤᠮᠵᠢ  ᠂ ᠰᠢᠣᠸᠠᠢ ᠵᠢᠶᠠ ᠸᠠᠨ ᠪᠠᠯᠭᠠᠰᠤ  ᠂ ᠳ᠋ᠠ ᠯᠦ ᠪᠠᠯᠭᠠᠰᠤᠨ  ᠳᠤ ᠭᠦᠨᠵᠡᠭᠡᠶᠢᠷᠡᠨ  ᠂ ᠬᠤᠲᠠ ᠪᠠᠯᠭᠠᠰᠤᠨ  ᠤ ᠬᠤᠭ ᠨᠣᠪᠰᠢ ᠪᠣᠬᠢᠷ ᠤᠰᠤ  ᠶᠢ ᠰᠢᠶᠳᠪᠦᠷᠢᠯᠡᠬᠦ  ᠂ ᠪᠠᠷᠢᠯᠭ᠎ᠠ  ᠶᠢᠨ ᠬᠤᠭ ᠨᠣᠪᠰᠢ  ᠶᠢ ᠶᠡᠷᠦᠩᠬᠡᠶᠢᠯᠡᠨ ᠰᠢᠶᠳᠪᠦᠷᠢᠯᠡᠬᠦ ᠲᠥᠪ  ᠤᠨ ᠭᠠᠵᠠᠷ ᠰᠣᠩᠭᠤᠬᠤ  ᠂ ᠯᠦᠩ ᠸᠠᠩ ᠭᠧᠤ  ᠶᠢᠨ ᠰᠠᠪᠠ ᠭᠠᠵᠠᠷ  ᠤᠨ ᠤᠰᠤᠨ  ᠤ ᠣᠷᠴᠢᠨ ᠲᠣᠭᠤᠷᠢᠨ  ᠢ ᠵᠠᠰᠠᠬᠤ ᠵᠡᠷᠭᠡ ᠠᠵᠢᠯ  ᠤᠨ ᠲᠠᠯ᠎ᠠ  ᠪᠠᠷ  ᠪᠤᠳᠠᠳᠤ ᠭᠠᠵᠠᠷ  ᠲᠤᠨᠢ ᠪᠠᠶᠢᠴᠠᠭᠠᠨ ᠰᠤᠳᠤᠯᠤᠯᠲᠠ ᠬᠢᠵᠦ  ᠱᠠᠯᠠᠪᠳᠠᠭᠤᠯᠤᠨ ᠪᠠᠶᠢᠴᠠᠭᠠᠪᠠ  ᠃ ᠬᠤᠰᠢᠭᠤᠨ ᠤ ᠳᠡᠳ᠋ ᠳᠠᠷᠤᠭ᠎ᠠ ᠸᠠᠩ ᠵᠢᠩ ᠯᠦᠩ  ᠂ ᠡᠦ ᠰᠢᠤᠢ ᠳ᠋ᠦᠩ  ᠂ ᠬᠤᠯᠪᠣᠭᠳᠠᠯ ᠪᠥᠬᠦᠶ ᠰᠢᠶᠠᠩ ᠪᠠᠯᠭᠠᠰᠤ ᠵᠡᠭᠡᠯᠢ ᠭᠤᠳᠤᠮᠵᠢ ᠶᠢᠨ ᠭᠡᠷᠡᠭ ᠡᠷᠬᠢᠯᠡᠬᠦ ᠭᠠᠵᠠᠷ  ᠂ ᠰᠠᠯᠠᠭ᠎ᠠ ᠮᠥᠴᠢᠷ  ᠤᠨ ᠬᠠᠷᠢᠭᠤᠴᠠᠯᠭᠠᠲᠠᠳ ᠪᠠᠷ᠎ᠠ ᠪᠣᠯᠪᠠ  ᠃      3 ᠰᠠᠷ᠎ᠠ  ᠶᠢᠨ 29  ᠠᠴᠠ 30  ᠤ ᠡᠳᠦᠷ ᠪᠣᠯᠲᠠᠯ᠎ᠠ  ᠂ ᠬᠤᠲᠠ  ᠶᠢᠨ ᠨᠠᠮ  ᠤᠨ ᠬᠤᠷᠢᠶ᠎ᠠ  ᠶᠢᠨ ᠪᠠᠶᠢᠩᠭᠤ  ᠶᠢᠨ ᠭᠡᠰᠢᠭᠦᠨ  ᠂ ᠵᠣᠬᠢᠶᠠᠨ ᠪᠠᠶᠢᠭᠤᠯᠬᠤ ᠬᠡᠯᠲᠡᠰ  ᠤᠨ ᠳᠠᠷᠤᠭ᠎ᠠ  ᠱᠧ ᠰᠢ ᠸᠧᠨ ᠬᠤᠲᠠ  ᠶᠢᠨ ᠰᠢᠭᠤᠳ ᠬᠠᠷᠢᠶ᠎ᠠ ᠬᠤᠯᠪᠣᠭᠳᠠᠯ ᠪᠥᠬᠦᠶ ᠰᠠᠯᠠᠭ᠎ᠠ ᠮᠥᠴᠢᠷ  ᠤᠨ ᠭᠤᠤᠯ ᠤᠳᠤᠷᠢᠳᠤᠯᠭ᠎ᠠ  ᠶᠢ ᠳᠠᠭᠠᠭᠤᠯᠤᠨ ᠵᠡᠭᠦᠨᠭᠠᠷ ᠬᠤᠰᠢᠭᠤᠨ  ᠤ  ᠵᠠᠷᠢᠮ ᠴᠢᠬᠤᠯᠠ ᠶᠡᠭᠡ ᠲᠥᠷᠥᠯ ᠵᠦᠶᠯ ᠤᠨ ᠲᠤᠬᠠᠶ  ᠶᠢᠨ ᠲᠠᠯᠠᠪᠤᠷ  ᠲᠤ  ᠬᠦᠷᠴᠤ ᠠᠯᠪᠠᠯᠠᠨ  ᠂ ᠲᠥᠷᠥᠯ ᠵᠦᠶᠯ  ᠤᠨ ᠪᠥᠲᠥᠭᠡᠨ ᠪᠠᠶᠢᠭᠤᠯᠤᠯᠲᠠ  ᠬᠢᠬᠦ  ᠳᠤᠮᠳᠠ ᠤᠷᠤᠰᠢᠵᠤ ᠪᠠᠶᠢᠭ᠎ᠠ ᠬᠦᠴᠢᠷᠳᠡᠯ ᠪᠠ ᠠᠰᠠᠭᠤᠳᠠᠯ  ᠢ ᠵᠣᠬᠢᠴᠠᠭᠤᠯᠤᠨ ᠰᠢᠶᠳᠪᠦᠷᠢᠯᠡᠪᠡ  ᠃ ᠬᠤᠰᠢᠭᠤᠨ  ᠤ ᠤᠳᠤᠷᠢᠳᠤᠯᠭ᠎ᠠ ᠰᠦ᠋ ᠰᠢᠨ ᠶᠠ  ᠂ ᠴᠢᠶᠣᠤ ᠠᠶ ᠫᠢᠩ  ᠂ ᠯᠢ ᠶᠣᠣ ᠵᠢᠶᠦ᠋ᠨ  ᠂ ᠸᠠᠩ  ᠢᠤᠢ ᠵᠢᠶᠧ  ᠂ ᠸᠠᠩ ᠵᠢᠩ ᠯᠦᠩ ᠵᠢᠴᠢ  ᠬᠤᠯᠪᠤᠬᠳᠠᠯ ᠪᠥᠬᠦᠶ ᠰᠠᠯᠠᠭ᠎ᠠ ᠮᠥᠴᠢᠷ  ᠤᠨ ᠬᠠᠷᠢᠭᠤᠴᠠᠯᠭᠠᠲᠠᠨ ᠪᠠᠶᠢᠴᠠᠭᠠᠨ ᠰᠤᠳᠤᠯᠤᠯᠲᠠ ᠬᠢᠬᠦ  ᠳᠤ ᠣᠷᠣᠯᠴᠠᠵᠠᠶ  ᠃     3 ᠰᠠᠷ᠎ᠠ  ᠶᠢᠨ 31  ᠤ ᠡᠳᠦᠷ  ᠂ ᠵᠡᠭᠦᠨᠭᠠᠷ ᠬᠤᠰᠢᠭᠤᠨ  ᠤ ᠠᠷᠪᠠᠨ ᠨᠠᠶᠮᠠᠳᠤᠭᠠᠷ ᠬᠤᠭᠤᠴᠠᠭᠠᠨ  ᠤ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶᠠᠨ  ᠤ ᠬᠤᠶᠠᠳᠤᠭᠠᠷ ᠤᠳᠠᠭ᠎ᠠ ᠶᠢᠨ ᠬᠤᠷᠠᠯ  ᠬᠤᠷᠠᠯᠳᠤᠪᠠ  ᠃ ᠬᠤᠰᠢᠭᠤᠨ  ᠤ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠶᠢᠨ ᠡᠷᠬᠢᠯᠡᠭᠴᠢ ᠯᠦ ᠵᠠᠨ ᠴᠢᠩ  ᠂ ᠳᠡᠳ᠋ ᠡᠷᠬᠢᠯᠡᠭᠴᠢ ᠠᠨ ᠰᠢᠶᠠ  ᠂ ᠸᠠᠩ ᠮᠢᠨ  ᠂ ᠶᠠᠨ ᠹᠸᠢ  ᠂ ᠷᠧᠨ ᡁᠢ ᠶᠤᠸᠠᠨ ᠵᠢᠴᠢ ᠬᠤᠰᠢᠭᠤᠨ  ᠤ ᠠᠷᠪᠠᠨ ᠨᠠᠶᠮᠠᠳᠤᠭᠠᠷ ᠬᠤᠭᠤᠴᠠᠭᠠᠨ  ᠤ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ  ᠶᠢᠨ ᠪᠥᠬᠦ ᠪᠦᠷᠢᠯᠳᠦᠬᠦᠨ ᠬᠤᠷᠠᠯ  ᠳᠤ ᠣᠷᠣᠯᠴᠠᠵᠠᠶ  ᠃ ᠬᠤᠰᠢᠭᠤᠨ  ᠤ ᠨᠠᠮ  ᠤᠨ ᠬᠤᠷᠢᠶᠠᠨ  ᠤ  ᠪᠠᠶᠢᠩᠭᠤ  ᠶᠢᠨ ᠭᠡᠰᠢᠭᠦᠨ  ᠂ ᠬᠤᠰᠢᠭᠤᠨ ᠤ ᠳᠡᠳ᠋ ᠳᠠᠷᠤᠭ᠎ᠠ ᠴᠢᠦᠶ ᠱᠤ᠋ ᠴᠢᠩ  ᠂ ᠬᠤᠰᠢᠭᠤᠨ  ᠤ ᠠᠷᠠᠳ  ᠤᠨ ᠰᠢᠭᠦᠬᠦ ᠬᠤᠷᠢᠶᠠᠨ  ᠤ ᠳᠠᠷᠤᠭ᠎ᠠ ᠴᠢ ᠵᠢᠶᠠᠨ ᠵᠢᠶᠦ᠋ᠨ ᠵᠢᠴᠢ ᠲᠤᠰᠢᠶᠠᠯ  ᠳᠤ  ᠳᠤᠮᠢᠯᠠᠬᠤ  ᠪᠠᠷ ᠪᠠᠶᠢᠭ᠎ᠠ ᠯᠢᠦ ᠢᠦᠶ ᠴᠧᠩ ᠵᠡᠷᠭᠡ 9 ᠨᠥᠬᠦᠳ ᠬᠤᠷᠠᠯ  ᠳᠤ ᠰᠤᠯᠠ ᠣᠷᠣᠯᠴᠠᠪᠠ  ᠃ ᠬᠤᠰᠢᠭᠤᠨ  ᠤ ᠠᠷᠪᠠᠨ ᠨᠠᠢᠮᠠᠳᠤᠭᠠᠷ ᠬᠤᠭᠤᠴᠠᠭᠠᠨ  ᠤ ᠠᠷᠠᠳ  ᠤᠨ ᠲᠥᠯᠥᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶᠠᠨ  ᠤ ᠬᠤᠶᠠᠳᠤᠭᠠᠷ ᠤᠳᠠᠭ᠎ᠠ ᠶᠢᠨ ᠬᠤᠷᠡᠯ ᠠᠴᠠ ᠯᠢᠦ ᠢᠦᠶ ᠴᠧᠩ ᠢ ᠵᠡᠭᠦᠨᠭᠠᠷ ᠬᠤᠰᠢᠭᠤᠨ  ᠤ ᠠᠷᠠᠳ  ᠤᠨ ᠵᠠᠰᠠᠭ  ᠤᠨ ᠣᠷᠳᠣᠨ  ᠤ ᠳᠡᠳ᠋ ᠳᠠᠷᠤᠭ᠎ᠠ  ᠂ ᠵᠠᠩ ᠹᠦ᠋ ᠴᠦᠨ  ᠢ ᠵᠡᠭᠦᠨᠭᠠᠷ ᠬᠤᠰᠢᠭᠤᠨ  ᠤ ᠠᠷᠠᠳ  ᠤᠨ ᠵᠠᠰᠠᠭ  ᠤᠨ ᠣᠷᠳᠣᠨ  ᠤ ᠠᠯᠪᠠᠨ ᠭᠡᠷ  ᠤᠨ ᠡᠷᠬᠢᠯᠡᠭᠴᠢ   ᠂ ᠬᠤᠤ ᠵᠠᠨ ᠪᠢᠩ  ᠢ ᠵᠡᠭᠦᠨᠭᠠᠷ ᠬᠤᠰᠢᠭᠤᠨ  ᠤ ᠠᠵᠤ ᠦᠢᠯᠡᠳᠪᠦᠷᠢ ᠮᠡᠳᠡᠭᠡ ᠵᠠᠩᠭᠢᠵᠢᠯᠲᠠ  ᠪᠣᠯᠤᠨ ᠰᠢᠨᠵᠢᠯᠡᠬᠦ ᠤᠬᠠᠭᠠᠨ ᠮᠡᠷᠭᠡᠵᠢᠯ  ᠤᠨ ᠲᠣᠪᠴᠢᠶᠠᠨ  ᠤ ᠳᠠᠷᠤᠭ᠎ᠠ  ᠶᠢᠨ ᠲᠤᠰᠢᠶᠠᠯ  ᠳᠤ ᠳᠤᠮᠢᠯᠠᠵᠤ  ᠂ ᠹᠦ᠋ ᠭᠦᠸᠧ ᠴᠢᠶᠠᠩ  ᠢ ᠵᠡᠭᠦᠨᠭᠠᠷ ᠬᠤᠰᠢᠭᠤᠨ  ᠤ ᠣᠶ ᠰᠢᠭᠤᠶ ᠪᠠ ᠨᠤᠲᠤᠭ ᠪᠡᠯᠴᠢᠭᠡᠷ  ᠤᠨ ᠲᠣᠪᠴᠢᠶᠠᠨ  ᠤ ᠳᠠᠷᠤᠭ᠎ᠠ  ᠂ ᠶᠠᠨ ᠴᠢ ᠬᠤᠤ  ᠶᠢ ᠵᠡᠭᠦᠨᠭᠠᠷ ᠬᠤᠰᠢᠭᠤᠨ  ᠤ ᠲᠤᠭ᠎ᠠ ᠪᠦᠷᠢᠳᠬᠡᠯ  ᠤᠨ ᠲᠣᠪᠴᠢᠶᠠᠨ  ᠤ     ᠳᠠᠷᠤᠭ᠎ᠠ  ᠂ ᠸᠠᠩ ᠯᠠᠨ  ᠢ ᠵᠡᠭᠦᠨᠭᠠᠷ ᠬᠤᠰᠢᠭᠤᠨ  ᠤ ᠠᠷᠠᠳ  ᠤᠨ ᠶᠠᠪᠤᠳᠠᠯ  ᠤᠨ ᠲᠣᠪᠴᠢᠶᠠᠨ  ᠤ    ᠳᠠᠷᠤᠭ᠎ᠠ  ᠂ ᠸᠠᠩ ᠭᠧᠨ ᠾᠧᠦ  ᠶᠢ ᠵᠡᠭᠦᠨᠭᠠᠷ ᠬᠤᠰᠢᠭᠤᠨ  ᠤ ᠵᠠᠬ᠎ᠠ ᠳᠡᠯᠭᠡᠭᠦᠷ  ᠤᠨ ᠬᠢᠨᠠᠯᠲᠠ ᠬᠠᠮᠢᠶᠠᠷᠤᠯᠲᠠ  ᠶᠢᠨ ᠲᠣᠪᠴᠢᠶᠠᠨ  ᠤ ᠳᠠᠷᠤᠭ᠎ᠠ  ᠂ ᠰᠦ᠋ ᠺᠠᠶ ᠴᠧᠩ ᠢ ᠵᠡᠭᠦᠨᠭᠠᠷ ᠬᠤᠰᠢᠭᠤᠨ  ᠤ ᠡᠷᠡᠭᠦᠯ ᠬᠠᠮᠠᠭᠠᠯᠠᠯ ᠡᠷᠡᠭᠦᠯ ᠮᠡᠨᠳᠦ  ᠶᠢᠨ ᠵᠥᠪᠯᠡᠯ  ᠤᠨ ᠡᠷᠬᠢᠯᠡᠭᠴᠢ ᠶᠢᠨ ᠳᠤᠰᠢᠶᠠᠯ ᠳᠤ ᠲᠣᠮᠢᠯᠠᠵᠤ  ᠂ ᠯᠢᠦ ᠰᠢᠩ  ᠢ ᠵᠡᠭᠦᠨᠭᠠᠷ ᠬᠤᠰᠢᠭᠤᠨ  ᠤ ᠠᠷᠠᠳ  ᠤᠨ ᠪᠠᠶᠢᠴᠠᠭᠠᠬᠤ ᠬᠤᠷᠢᠶᠠᠨ  ᠤ ᠪᠠᠶᠢᠴᠠᠭᠠᠬᠤ ᠵᠥᠪᠯᠡᠯ  ᠤᠨ ᠭᠡᠰᠢᠭᠦᠨ  ᠢᠶᠠᠷ ᠲᠣᠮᠢᠯᠠᠬᠤ ᠪᠠᠷ ᠳᠤᠬᠳᠠᠵᠠᠢ  ᠃ ᠬᠤᠷᠠᠯ  ᠠᠴᠠ ᠪᠠᠰᠠ ᠰᠢᠨ᠎ᠡ  ᠪᠠᠷ ᠲᠤᠰᠢᠶᠠᠯ  ᠳᠤ ᠲᠣᠮᠢᠯᠠᠭᠳᠠᠬᠰᠠᠨ ᠨᠥᠬᠦᠳ  ᠲᠤ ᠲᠤᠰᠢᠶᠠᠯ  ᠳᠤ ᠲᠣᠮᠢᠯᠠᠬᠤ ᠪᠢᠴᠢᠭ ᠭᠠᠷᠳᠠᠭᠤᠯᠬᠤ  ᠶᠢᠨ ᠬᠠᠮᠲᠤ ᠦᠨᠳᠦᠰᠦᠨ ᠬᠠᠤᠯᠢ  ᠳᠤ ᠲᠠᠩᠭᠠᠷᠢᠭᠯᠠᠭᠤᠯᠪᠠ  ᠃     △︽  2021  ᠳᠤᠮᠳᠠᠳᠤ ᠤᠯᠤᠰ  ᠤᠨ  ᠨᠠᠶᠢᠷᠠᠭᠤᠯᠤᠯ  ︾   ᠢ ᠲᠠᠷᠬᠠᠭᠠᠵᠤ  ᠂ ᠮᠠᠨ  ᠤ ᠬᠤᠰᠢᠭᠤᠨ  ᠤ ᠵᠣᠬᠢᠶᠠᠯᠴᠢ ᠸᠠᠩ ᠵᠢᠶᠠᠨ ᠵᠥᠩ  ᠤᠨ ︽  ᠲᠠᠷᠢᠶᠠᠯᠠᠭ᠎ᠠ ᠪᠠ ᠨᠡᠬᠡᠮᠡᠯ  ᠤᠨ ᠲᠡᠮᠳᠡᠭᠯᠡᠯ  ︾ ︵  ᠬᠡᠰᠡᠭᠯᠡᠯ  ︶   ᠭᠡᠬᠦ ᠨᠠᠶᠢᠷᠠᠭᠤᠯᠤᠯ  ᠰᠣᠩᠭᠤᠭᠳᠠᠨ ᠤᠷᠤᠬᠰᠠᠨ ᠪᠠᠶᠢᠨ᠎ᠠ  ᠃     △  ᠥᠪᠥᠷ ᠮᠣᠩᠭᠤᠯ  ᠤᠨ  ᠢ ᠳ᠋ᠦᠩ ᠡᠬᠢ ᠪᠠᠶᠠᠯᠢᠭ  ᠤᠨ ᠪᠦᠯᠦᠭᠯᠡᠯ  ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ  ᠠᠴᠠ ᠵᠡᠭᠦᠨᠭᠠᠷ ᠬᠤᠰᠢᠭᠤᠨ  ᠤ ᠤᠯᠠᠭᠠᠨ ᠵᠠᠭᠠᠯᠮᠠᠶᠢᠲᠠᠨ  ᠤ ᠨᠡᠶᠢᠭᠡᠮᠯᠢᠭ  ᠲᠤ ᠠᠷᠠᠳ  ᠤᠨ ᠵᠣᠭᠤᠰ  ᠢᠶᠠᠷ 1000 ᠲᠦᠮᠡᠨ ᠲᠥᠭᠦᠷᠢᠭ ᠬᠠᠨᠳᠢᠪᠯᠠᠵᠤ  ᠂   ᠪᠥᠭᠡᠮ ᠬᠦᠴᠢᠯ  ᠤᠨ  ᠰᠢᠯᠭᠠᠨ ᠪᠠᠶᠢᠴᠠᠭᠠᠯᠳᠠ ᠬᠢᠬᠦ  ᠬᠤᠶᠠᠷ ᠨᠡᠬᠦᠳᠡᠯ ᠲᠡᠷᠭᠡ ᠬᠤᠳᠠᠯᠳᠤᠨ ᠠᠪᠬᠤ  ᠳᠤ ᠬᠡᠷᠡᠭᠯᠡᠭᠰᠡᠨ ᠪᠠᠶᠢᠨ᠎ᠠ  ᠃ 
ᠢᠷᠡᠯᠲᠡ᠄ ᠲᠤᠰ ᠰᠦᠯᠵᠢᠶ᠎ᠡ