ᠯᠦᠩᠺᠸᠤ ᠪᠠᠯᠭᠠᠰᠤ᠄ ᠪᠤᠳᠠᠳᠤ ᠪᠠᠶᠢᠳᠠᠯ ᠳᠠᠭᠠᠨ ᠰᠠᠭᠤᠷᠢᠯᠡᠵᠤ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠶᠢ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2022/6/22
     ᠬᠦᠳᠡᠭᠡ ᠬᠡᠬᠡᠷ᠎ᠡ ᠳᠦᠯᠵᠢᠵᠤ ᠬᠦᠮᠤᠨ ᠠᠷᠡᠳ ᠨᠢ ᠮᠦᠰᠢᠶᠡᠨ᠎ᠡ᠃ ᠳᠡᠯᠬᠡᠷ ᠵᠤᠨ ᠢᠶᠠᠷ᠂ ᠬᠠᠳᠤᠨ ᠭᠤᠤᠯ ᠤᠨ ᠬᠦᠪᠡᠬᠡᠨ ᠳᠠᠬᠢ ᠯᠦᠩᠺᠸᠤ ᠪᠠᠯᠭᠠᠰᠤ ᠶᠢᠨ ᠨᠤᠭᠤᠭᠠᠨ ᠮᠦᠴᠢᠷ ᠢᠶᠠᠨ ᠳᠡᠯᠭᠡᠭᠰᠡᠨ ᠵᠢᠮᠢᠰ ᠤᠨ ᠮᠤᠳᠤ ᠨᠢ ᠪᠠᠶᠢᠰᠢᠩ ᠨᠤᠭᠤᠳ ᠢ ᠳᠤᠭᠤᠷᠢᠨ ᠵᠢᠭᠳᠡᠷᠡᠬᠡᠳ ᠰᠢᠨ᠎ᠡ ᠪᠠᠷ ᠪᠤᠰᠬᠠᠬᠰᠠᠨ ᠳᠤᠭᠤᠰᠬᠠᠨ ᠬᠡᠷᠡᠮ ᠨᠢ ᠬᠦᠭᠵᠢᠯᠳᠡ ᠶᠢᠨ ᠡᠷᠡᠮᠡᠯᠵᠡᠯ ᠢ ᠳᠤᠳᠤᠷᠠᠭᠤᠯᠤᠨ᠎ᠠ︔ ᠯᠦᠩᠺᠸᠤ ᠪᠠᠯᠭᠠᠰᠤ ᠶᠢᠨ ᠱᠠ ᠫᠢᠡᠭ ᠯᠢᠶᠠᠩ ᠳᠤᠰᠬᠤᠨ᠂ ᠯᠢ ᠵᠢᠶᠠ ᠫᠢᠡᠭ ᠳᠤᠰᠬᠤᠨ ᠳᠤ ᠳᠠᠷᠢᠬᠰᠠᠨ ᠳᠤᠭᠤᠷ᠂ ᠬᠦᠢᠯᠡᠰᠦ᠂ ᠬᠠᠢ ᠬᠤᠨᠭ᠌ ᠵᠢᠮᠢᠰ᠂ ᠤᠯᠠᠭᠠᠨ ᠴᠢᠪᠠᠭᠠᠨ ᠮᠤᠳᠤ ᠨᠢ ᠰᠠᠬᠰᠤᠯᠵᠠᠨ᠎ᠠ︔ ᠮᠤᠷᠢᠨ ᠬᠠᠰᠢᠶ᠎ᠡ ᠳᠤᠰᠬᠤᠨ᠂  ᠳ᠋ᠠᠺᠸᠤ ᠳᠤᠰᠬᠤᠨ᠂ ᠮᠠ ᠳ᠋ᠢ ᠯᠢᠶᠠᠩ ᠳᠤᠰᠬᠤᠨ… ᠰᠢᠨ᠎ᠡ ᠬᠦᠷᠮ᠎ᠡ ᠬᠡᠳᠦᠷᠦᠬᠡᠳ ᠮᠦᠷ ᠮᠦᠷ ᠳᠠᠷᠢᠶᠠᠴᠢᠨ ᠡᠷᠦᠬᠡ ᠶᠢᠨ ᠳᠡᠷᠢ ᠳᠡᠭᠰᠢ ᠴᠡᠪᠡᠷ ᠴᠡᠮᠴᠡᠬᠡᠷ ᠬᠦᠷᠢᠶ᠎ᠠ ᠬᠠᠰᠢᠶ᠎ᠠ ᠨᠢ ᠬᠦᠳᠡᠭᠡ ᠳᠤᠰᠬᠤᠨ ᠤ ᠳᠤᠰᠤᠨ ᠵᠢᠷᠤᠭ ᠠᠳᠠᠯᠢ ᠬᠠᠷᠠᠬᠰᠠᠨ ᠬᠦᠮᠦᠨ ᠤ ᠰᠡᠳᠬᠢᠯ ᠳᠤ ᠨᠢᠬᠡᠯᠡ ᠳᠠᠭᠠᠳᠠᠢ ᠰᠠᠨᠠᠬᠳᠠᠭᠤᠯᠬᠤ ᠠᠵᠢ…
龙口1.png     ᠤᠶᠢᠷ᠎ᠡ ᠶᠢᠨ ᠵᠢᠯ ᠳᠤ᠂ ᠯᠦᠩᠺᠸᠤ ᠪᠠᠯᠭᠠᠰᠤ《 ᠨᠢᠬᠡ ᠪᠦᠰᠡ ᠭᠤᠷᠪᠡᠨ ᠳᠤᠭᠤᠷᠢᠭ》 ᠤᠨ ᠠᠵᠤ ᠦᠢᠯᠡᠰ ᠤᠨ ᠬᠦᠭᠵᠢᠯᠳᠡ ᠶᠢᠨ ᠳᠦᠯᠦᠪᠵᠢᠬᠦᠯᠬᠡ ᠶᠢ
ᠲᠤᠷᠠᠳᠤᠨ ᠭᠠᠷᠭᠠᠵᠦ᠂ ᠵᠡᠬᠦᠨ ᠬᠡᠰᠡᠭ ᠤᠨ ᠬᠢᠷ᠎ᠠ ᠲᠤᠪᠤᠴᠠᠭ ᠠᠭᠤᠯᠠᠷᠬᠠᠭ ᠤᠷᠤᠨ ᠳᠤ ᠪᠤᠬᠢᠷᠳᠤᠯ ᠦᠬᠡᠢ ᠡᠯᠳᠡᠪ ᠠᠮᠤ ᠶᠢ ᠳᠠᠷᠢᠵᠤ ᠪᠤᠯᠪᠠᠰᠤᠷᠠᠭᠤᠯᠬᠤ ᠦᠢᠯᠡᠰ  ᠢ ᠬᠦᠭᠵᠢᠬᠦᠯᠵᠤ᠂ ᠪᠠᠷᠠᠭᠤᠨ ᠬᠡᠰᠡᠭ ᠤᠨ ᠬᠢᠷ᠎ᠠ ᠲᠤᠪᠤᠴᠠᠭ ᠠᠭᠤᠯᠠᠷᠬᠠᠭ ᠤᠷᠤᠨ ᠳᠤ ᠤᠨᠴᠠᠯᠢᠬᠳᠤ ᠵᠢᠮᠢᠰᠦᠨ ᠮᠤᠳᠤᠨ ᠤ ᠠᠵᠤ ᠦᠢᠯᠡᠰ ᠢ ᠬᠦᠭᠵᠢᠬᠦᠯᠵᠤ᠂ ᠭᠤᠤᠯ ᠳᠠᠭᠠᠤ ᠤᠷᠤᠨ ᠳᠤ ᠬᠤᠪᠢᠰᠬᠠᠯᠳᠤ ᠬᠦᠮᠦᠵᠢᠯ ᠤᠨ ᠳᠤᠭᠤᠷᠢᠨ ᠳᠠᠬᠢ ᠬᠦᠳᠡᠭᠡ ᠳᠤᠰᠬᠤᠨ ᠤ ᠵᠤᠭᠠᠴᠠᠯ ᠤᠨ ᠦᠢᠯᠡᠰ ᠢ ᠭᠤᠤᠯᠳᠠᠯᠭ᠎ᠠ ᠲᠠᠢ ᠬᠦᠭᠵᠢᠬᠦᠯᠵᠤ ᠂ ᠠᠵᠤ ᠦᠢᠯᠡᠳᠪᠦᠷᠢ ᠠᠭᠤᠷᠬᠠᠢ ᠶᠢᠨ ᠠᠵᠤ ᠠᠬᠤᠶᠢᠯᠠᠯ ᠤᠨ ᠳᠤᠭᠤᠷᠢᠭ ᠲᠤ ᠭᠤᠷᠪᠠᠳᠤᠭᠠᠷ ᠠᠵᠤ ᠦᠢᠯᠡᠰ ᠤᠨ ᠦᠢᠯᠡᠴᠢᠯᠡᠬᠡᠨ ᠤ ᠦᠢᠯᠡᠰ ᠢ ᠬᠦᠭᠵᠢᠬᠦᠯᠵᠤ᠂ ᠪᠤᠳᠠᠳᠠᠢ ᠳᠠᠭᠠᠨ ᠰᠠᠭᠤᠷᠢᠯᠡᠵᠤ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠰᠢᠨ᠎ᠡ ᠵᠠᠮ ᠢᠶᠠᠷ ᠵᠠᠮᠨᠠᠬᠰᠠᠨ ᠪᠠᠶᠢᠨ᠎ᠠ᠃
龙口2.jpg      6 ᠰᠠᠷ᠎ᠡ ᠪᠤᠯᠤᠮᠠᠬᠴᠠ᠂ ᠯᠦᠩᠺᠸᠤ ᠪᠠᠯᠭᠠᠰᠤ ᠶᠢᠨ  ᠳ᠋ᠠᠺᠸᠤ ᠳᠤᠰᠬᠤᠨ ᠤ ᠳᠠᠷᠪᠤᠰ ᠪᠠ ᠬᠦᠢᠯᠡᠰᠦ ᠪᠤᠯᠪᠠᠰᠤᠷᠠᠨ ᠬᠤᠶᠢᠨ᠎ᠠ ᠬᠤᠶᠢᠨ᠎ᠠ ᠠᠴᠠ ᠪᠠᠨ ᠵᠠᠬ᠎ᠠ
ᠲᠡᠯᠬᠡᠬᠦᠷ ᠲᠤ ᠭᠠᠷᠪᠠ᠃᠂ ᠢᠬᠴᠢ ᠰᠠᠬᠤᠯᠢᠭ ᠤᠷᠭᠤᠭᠰᠠᠨ ᠨᠡᠪᠴᠢ ᠨᠠᠮᠠᠭᠠᠨ ᠤ ᠳᠤᠮᠳᠠ ᠬᠦᠯᠢᠬᠡᠷ ᠮᠦᠷᠳᠡᠬᠡᠨ ᠮᠢᠬᠠᠯᠢᠭ ᠬᠦᠢᠯᠡᠰᠦ ᠳᠡᠬᠦᠵᠢᠯᠡᠭᠳᠡᠵᠤ ᠨᠡᠷᠡᠨ ᠤ ᠬᠡᠷᠡᠯ ᠳᠤ ᠤᠨᠴᠠ ᠶᠢᠨ ᠰᠢᠨ᠎ᠠ ᠰᠤᠷᠭᠤᠭ ᠬᠠᠷᠠᠬᠳᠠᠨ᠎ᠠ᠃  ᠳ᠋ᠠᠺᠸᠤ ᠳᠤᠰᠬᠤᠨ ᠨᠢ ᠯᠦᠩᠺᠸᠤ ᠪᠠᠯᠭᠠᠰᠤ ᠶᠢᠨ ᠵᠡᠬᠦᠨ ᠡᠮᠦᠨ᠎ᠡ ᠬᠡᠰᠡᠭ ᠲᠤ ᠪᠠᠶᠢᠷᠢᠯᠡᠵᠤ᠂ ᠳᠠᠯᠠᠢ  ᠶᠢᠨ ᠳᠦᠪᠰᠢᠨ ᠠᠴᠠ ᠬᠠᠷᠢᠴᠠᠩᠭᠤᠢ ᠳᠤᠤᠷ᠎ᠡ᠂ ᠠᠭᠤᠷ ᠠᠮᠢᠰᠬᠤᠯ ᠨᠢ ᠦᠪᠡᠷᠮᠢᠴᠡ ᠤᠨᠴᠠᠯᠢᠭ ᠲᠠᠢ ᠪᠠᠶᠢᠵᠦ᠂ ᠪᠦᠬᠦ ᠬᠤᠰᠢᠭᠤᠨ ᠤ ᠪᠤᠰᠤᠳ ᠭᠠᠵᠠᠷ ᠠᠴᠠ ᠡᠷᠳᠡ ᠬᠤᠶᠡᠷ ᠴᠠᠭ ᠤᠯᠠᠷᠢᠯ ᠤᠨ ᠪᠠᠶᠢᠳᠠᠯ ᠢᠯᠡᠷᠡᠵᠦ᠂ ᠤᠨᠴᠠᠯᠢᠬᠳᠤ ᠭᠤᠸᠠ ᠵᠢᠮᠢᠰ ᠤᠨ ᠲᠠᠷᠢᠮᠠᠯ ᠤᠨ ᠪᠠᠶᠢᠭᠠᠯᠢᠯᠢᠭ ᠲᠤᠯᠠᠭᠠᠨ ᠬᠦᠯᠡᠮᠵᠢ ᠪᠤᠯᠤᠨ᠎ᠠ᠃  ᠳ᠋ᠠᠺᠸᠤ ᠳᠤᠰᠬᠤᠨ ᠤ ᠳᠠᠷᠪᠤᠰ ᠨᠢ ᠨᠡᠷᠡᠳᠤ ᠭᠤᠸᠠ ᠵᠢᠮᠢᠰ ᠪᠤᠯᠤᠬᠰᠠᠨ ᠤ ᠬᠤᠪᠢ ᠳᠤ᠂ ᠳᠡᠭᠷᠢ ᠶᠢᠨ ᠬᠡᠰᠢᠭ ᠢ ᠭᠠᠭᠴᠠᠭᠠᠷ ᠬᠦᠷᠳᠡᠭᠰᠡᠨ ᠭᠠᠵᠠᠷ ᠵᠦᠢ ᠶᠢᠨ ᠨᠦᠬᠦᠴᠡᠯ  ᠲᠠᠢ ᠪᠢᠯᠡ᠃ ᠲᠡᠷᠡᠴᠢᠯᠡᠨ ᠲᠠᠷᠪᠤᠰ ᠤᠨ ᠲᠠᠷᠢᠶ᠎ᠠ ᠨᠢ ᠤᠰᠤᠨ ᠠᠴᠠ ᠤᠶᠢᠷᠠᠯᠴᠠᠭ᠎ᠠ ᠪᠤᠯᠬᠤᠷ ᠬᠦᠷᠦᠰᠤ ᠰᠢᠷᠤᠢ ᠶᠢᠨ ᠰᠡᠯᠬᠢ ᠨᠡᠪᠳᠡᠷᠡᠬᠦ ᠴᠢᠨᠡᠷ ᠨᠢ ᠰᠠᠶᠢᠨ᠂ ᠬᠤᠷᠤᠬᠠᠢ ᠶᠢᠨ ᠬᠦᠨᠦᠬᠡᠯ ᠪᠠᠭᠠᠳᠡᠢ ᠳᠡᠬᠡᠷ᠎ᠡ ᠨᠡᠷᠡᠨ ᠤ ᠬᠡᠷᠡᠯ ᠲᠤᠰᠬᠤ ᠨᠢ ᠬᠦᠢᠴᠡᠳ᠂ ᠬᠤᠷ᠎ᠡ ᠪᠤᠷᠤᠭᠠᠨ ᠡᠯᠪᠡᠭ ᠳᠤᠯᠠ ᠤᠰᠤ᠂ ᠪᠤᠷᠳᠤᠭᠤᠷ ᠢ ᠪᠠᠳᠤᠯᠠᠬᠤ ᠴᠢᠳᠠᠪᠤᠷᠢ ᠶᠢ ᠳᠡᠭᠡᠭᠰᠢᠯᠡᠬᠦᠯᠵᠤ᠂ ᠳᠠᠷᠪᠤᠰ ᠨᠢ ᠰᠢᠬᠦᠰᠦᠯᠢᠭ ᠮᠦᠷᠳᠡᠬᠡᠨ ᠠᠮᠳᠡᠳᠡᠢ ᠪᠠᠶᠢᠳᠠᠭ᠃
龙口3.jpg      ᠤᠶᠢᠷ᠎ᠡ ᠶᠢᠨ ᠵᠢᠯ ᠳᠤ᠂  ᠳ᠋ᠠᠺᠸᠤ ᠳᠤᠰᠬᠤᠨ ᠤ ᠬᠢᠨ《 ᠨᠠᠮ ᠤᠨ ᠡᠬᠦᠷ+  ᠬᠤᠷᠰᠢᠶᠠᠵᠢᠯ+ ᠳᠤᠰᠬᠠᠢ ᠺᠤᠮᠫᠠᠨᠢ+ᠳᠠᠷᠢᠶᠠᠴᠢᠨ ᠡᠷᠦᠬᠡ》 ᠶᠢᠨ
ᠡᠵᠡᠩᠨᠡᠯᠳᠡ ᠶᠢᠨ ᠵᠠᠬᠪᠤᠷ ᠶᠤᠰᠤᠭᠠᠷ᠂ ᠳᠠᠷᠢᠶᠠᠴᠢᠳ ᠢ ᠬᠦᠳᠦᠯᠦᠨ ᠳᠠᠭᠠᠭᠤᠯᠵᠤ᠂ ᠰᠤᠯᠡ ᠭᠠᠵᠠᠷ ᠰᠢᠷᠤᠢ ᠶᠢ ᠠᠰᠢᠬᠯᠠᠨ ᠳᠤᠯᠠᠭᠠᠨ ᠬᠦᠯᠡᠮᠵᠢ ᠪᠠᠶᠢᠭᠤᠯᠵᠤ᠂ ᠤᠨᠴᠠᠯᠢᠭᠳᠤ ᠭᠤᠸᠠ ᠵᠢᠮᠢᠰ ᠤᠨ ᠲᠠᠷᠢᠮᠠᠯ ᠤᠨ ᠦᠢᠯᠡᠰ ᠢ ᠬᠦᠭᠵᠢᠬᠦᠯᠪᠡ᠃ 2021 ᠤᠨ ᠳᠤ  ᠳ᠋ᠠᠺᠸᠤ ᠳᠤᠰᠬᠤᠨ ᠤ ᠬᠠᠮᠳᠤ ᠶᠢᠨ ᠠᠵᠤ ᠠᠬᠤᠢ ᠶᠢᠨ ᠬᠤᠷᠰᠢᠶᠠᠵᠢᠯ ᠨᠢ ᠳᠠᠷᠢᠶᠠᠴᠢᠨ ᠡᠷᠦᠬᠡ ᠶᠢᠨ19 ᠮᠤ᠋ ᠭᠠᠵᠠᠷ ᠰᠢᠷᠤᠢ ᠶᠢ ᠨᠢᠬᠡᠳᠦᠬᠦᠯᠦᠨ᠂ ᠵᠢᠯ ᠤᠨ ᠡᠴᠦᠰ ᠲᠤ 6 ᠳᠤᠯᠠᠭᠠᠨ ᠬᠦᠯᠡᠮᠵᠢ ᠶᠢᠨ ᠠᠮᠢ ᠠᠬᠤᠢ ᠶᠢᠨ ᠰᠤᠩᠭᠤᠵᠦ ᠳᠡᠬᠦᠬᠦ ᠪᠠ ᠴᠢᠬᠢ ᠪᠤᠶᠢᠵᠢᠭᠤᠯᠬᠤ ᠳᠦᠷᠦᠯ ᠵᠦᠢᠯ ᠢ ᠪᠠᠶᠢᠭᠤᠯᠪᠠ᠃ ᠰᠤᠩᠭᠤᠵᠦ ᠳᠡᠬᠦᠬᠦ ᠪᠠ ᠴᠢᠬᠢ ᠪᠤᠶᠢᠵᠢᠭᠤᠯᠬᠤ ᠳᠦᠷᠦᠯ ᠵᠦᠢᠯ ᠨᠢ ᠰᠤᠯᠡ ᠪᠠᠶᠢᠬᠰᠠᠨ ᠭᠠᠵᠠᠷ ᠰᠢᠷᠤᠢ ᠶᠢ ᠬᠡᠷᠡᠭᠯᠡᠬᠦ ᠭᠠᠵᠠᠷ ᠲᠠᠢ ᠪᠤᠯᠭᠠᠬᠰᠠᠨ ᠪᠦᠬᠡᠳ ᠶᠠᠳᠠᠭᠤ ᠬᠦᠴᠢᠷᠳᠡᠯᠳᠡᠢ ᠳᠤᠰᠬᠤᠨ ᠤ ᠠᠷᠡᠳ ᠲᠤ ᠬᠡᠷ ᠤᠨ ᠡᠬᠦᠳᠡᠨ ᠳᠡᠭᠡᠨ ᠠᠵᠢᠯ ᠤᠯᠬᠤ ᠳᠤᠬᠢᠶᠠᠯ ᠤᠯᠭᠤᠪᠠ᠃ ᠠᠩᠬ᠎ᠠ ᠵᠢᠱᠢᠯᠳᠡ ᠪᠠᠷ᠂ 6 ᠳᠤᠯᠠᠭᠠᠨ ᠬᠦᠯᠡᠮᠵᠢ ᠨᠢ ᠳᠤᠰᠬᠤᠨ ᠤ ᠬᠠᠮᠳᠤ ᠨᠡᠶᠢᠳᠡ ᠳᠤ 20 ᠳᠦᠮᠡᠨ ᠳᠦᠬᠦᠷᠢᠭ ᠤᠨ ᠴᠡᠪᠡᠷ ᠤᠷᠤᠯᠭ᠎ᠠ ᠡᠬᠦᠳᠬᠦ ᠪᠤᠯᠤᠨ᠎ᠠ᠃
龙口4.jpg      ᠯᠦᠩᠺᠸᠤ ᠪᠠᠯᠭᠠᠰᠤ ᠶᠢᠨ  ᠳ᠋ᠠᠺᠸᠤ ᠳᠤᠰᠬᠤᠨ ᠤ ᠨᠠᠮ ᠤᠨ ᠡᠬᠦᠷ ᠤᠨ ᠱᠦᠵᠢ ᠡᠤ ᠯᠠᠢ ᠱᠢ ᠶᠠᠷᠢᠬᠤ ᠳᠠᠭᠠᠨ᠄《 ᠳᠤᠬᠠᠢ ᠶᠢᠨ ᠭᠠᠵᠠᠷ ᠤᠨ  ᠳ᠋ᠠᠺᠸᠤ
ᠳᠠᠷᠪᠤᠰ ᠬᠤᠯᠠ ᠤᠶᠢᠷ᠎ᠡ ᠳᠠᠭᠠᠨ ᠠᠯᠳᠠᠷᠰᠢᠵᠦ᠂ ᠪᠢᠳᠡ ᠳᠠᠷᠪᠤᠰ ᠤᠨ ᠴᠢᠬᠢ ᠪᠤᠶᠢᠵᠢᠭᠤᠯᠬᠤ ᠳᠤᠯᠠᠭᠠᠨ ᠬᠦᠯᠡᠮᠵᠢ ᠪᠠᠶᠢᠭᠤᠯᠤᠨ᠂ ᠳᠠᠷᠪᠤᠰ ᠤᠨ ᠵᠠᠬ᠎ᠠ ᠲᠡᠯᠬᠡᠬᠦᠷ  ᠲᠤ ᠭᠠᠷᠬᠤ ᠨᠢ ᠡᠷᠳᠡ᠂  ᠤᠯᠠᠨ ᠤ ᠪᠠᠭ᠋ᠠᠷᠤᠯ ᠢ ᠤᠯᠵᠦ ᠪᠠᠶᠢᠭ᠎ᠠ ᠳᠠᠪᠠᠭᠤᠯᠢᠭ ᠢ ᠬᠦᠢᠴᠡᠳ ᠠᠰᠢᠬᠯᠠᠨ᠂  ᠳ᠋ᠠᠺᠸᠤ ᠳᠠᠷᠪᠤᠰ ᠤᠨ ᠵᠠᠬ᠎ᠠ ᠲᠡᠯᠬᠡᠬᠦᠷ ᠲᠤ ᠭᠠᠷᠬᠤ ᠴᠠᠭ ᠢ ᠳᠠᠬᠢᠨ ᠬᠠᠭᠠᠰ ᠰᠠᠷ᠎ᠡ ᠠᠴᠠ ᠨᠢᠬᠡ ᠰᠠᠷ᠎ᠡ ᠡᠷᠳᠡ ᠪᠤᠯᠭᠠᠬᠤ ᠪᠠᠷ ᠴᠢᠷᠮᠠᠶᠢᠵᠤ᠂ ᠦᠨ᠎ᠡ ᠬᠠᠨᠭ᠍ᠰᠢ ᠶᠢᠨ ᠳᠠᠪᠠᠭᠤᠯᠢᠭ ᠢ ᠡᠷᠡᠮᠡᠯᠵᠠᠨ᠂ ᠲᠠᠷᠪᠤᠰ ᠤᠨ ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠦᠨ᠎ᠡ᠃ ᠡᠨᠡ ᠵᠢᠯ ᠪᠢᠳᠡ 45 ᠮᠤ᠋ ᠭᠠᠵᠠᠷ ᠰᠢᠷᠤᠢ ᠶᠢ ᠨᠢᠬᠡᠳᠦᠬᠦᠯᠵᠤ᠂16 ᠮᠤ᠋ ᠳᠤ ᠨᠢ ᠠᠩᠬᠳᠤᠭᠠᠷ ᠬᠤᠭᠤᠴᠠᠭᠠᠨ ᠤ ᠬᠦᠢᠳᠡᠨ ᠬᠦᠯᠡᠮᠵᠢ ᠪᠠᠶᠢᠭᠤᠯᠵᠤ᠂ 5 ᠮᠤ᠋ ᠳᠤ ᠨᠢ ᠪᠠᠭ᠎ᠠ ᠨᠤᠮᠤᠨ ᠬᠦᠯᠡᠮᠵᠢ  ᠪᠠᠶᠢᠭᠤᠯᠤᠨ  ᠪᠦᠷ ᠳᠠᠷᠪᠤᠰ ᠳᠠᠷᠢᠨ᠎ᠡ》ᠬᠡᠯ᠎ᠠ᠃      2014 ᠤᠨ ᠤ 9 ᠰᠠᠷ᠎ᠡ ᠳᠤ᠂  ᠳ᠋ᠠᠺᠸᠤ ᠳᠤᠰᠬᠤᠨ ᠳᠤ ᠪᠠᠶᠢᠭ᠎ᠠ ᠳᠤᠮᠳᠠᠳᠤ ᠤᠯᠤᠰ ᠤᠨ ᠡᠪ ᠬᠠᠮᠳᠤ ᠨᠠᠮ ᠤᠨ ᠮᠤᠷᠢᠨ ᠬᠠᠰᠢᠶ᠎ᠡ ᠳᠤᠭᠤᠷᠢᠭ ᠤᠨ ᠬᠤᠷᠢᠶ᠎ᠡ ᠶᠢᠨ ᠬᠤᠪᠢᠰᠬᠠᠯᠳᠤ ᠠᠵᠢᠯᠯᠠᠭ᠎ᠠ ᠶᠢᠨ ᠦᠵᠡᠬᠦᠯᠬᠡ ᠶᠢᠨ ᠳᠢᠩᠬᠢᠮ ᠫᠠᠶᠢᠰᠠ ᠡᠯᠬᠦᠵᠤ ᠡᠬᠦᠳᠡ ᠪᠠᠨ ᠰᠡᠬᠦᠪᠡ᠃ ᠤᠳᠤᠬᠠᠨ ᠳᠤ᠂ ᠠᠳᠡ ᠨᠢᠬᠡᠨᠳᠡ ᠰᠤᠳᠤᠯᠤᠨ ᠰᠤᠷᠤᠯᠴᠠᠬᠤ᠂ ᠦᠢᠯᠡᠳᠦᠯᠬᠡ  ᠳᠤ ᠤᠷᠤᠯᠴᠠᠬᠤ᠂ ᠪᠡᠶᠡᠴᠢᠯᠡᠨ ᠤᠶᠢᠯᠠᠭᠠᠬᠤ ᠶᠢ ᠨᠢᠬᠡ ᠴᠤᠬᠴᠠᠵᠢᠭᠤᠯᠤᠬᠰᠠᠨ ᠬᠤᠪᠢᠰᠬᠠᠯᠳᠤ ᠬᠦᠮᠦᠵᠢᠯ ᠦᠢᠯᠡᠳᠦᠯᠬᠡ  ᠶᠢᠨ ᠰᠠᠭᠤᠷᠢᠨ ᠭᠠᠵᠠᠷ  ᠪᠤᠯᠤᠨ ᠪᠦᠷᠢᠯᠳᠦᠵᠦ ᠂ ᠳᠤᠰ ᠰᠠᠭᠤᠷᠢᠨ ᠭᠠᠵᠠᠷ ᠨᠢ 2021 ᠤᠨ ᠳᠤ《 ᠤᠷᠳᠤᠰ ᠬᠤᠳᠠ ᠶᠢᠨ ᠡᠬᠡ ᠤᠷᠤᠨᠴᠢ ᠦᠵᠡᠯ ᠤᠨ ᠬᠦᠮᠦᠵᠢᠯ ᠤᠨ ᠳᠠᠭᠤᠷᠢᠶᠡᠯ ᠦᠵᠡᠬᠦᠯᠬᠦ ᠰᠠᠭᠤᠷᠢᠨ ᠭᠠᠵᠠᠷ》 ᠢᠶᠠᠷ  ᠨᠡᠷᠡᠶᠢᠳᠦᠭᠳᠡᠪᠡ᠃  ᠳ᠋ᠠᠺᠸᠤ ᠳᠤᠰᠬᠤᠨ ᠤ ᠬᠢᠵᠠᠭᠠᠷ ᠲᠤ ᠪᠠᠰᠠ ᠡᠯᠪᠡᠭ ᠳᠡᠯᠪᠡᠭ ᠡᠯᠡᠰᠦᠨ ᠴᠢᠯᠠᠭᠤᠯᠢᠭ ᠤᠨ ᠭᠠᠵᠠᠷ ᠤᠨ ᠭᠠᠳᠠᠷᠭᠤ ᠶᠢᠨ ᠯᠢᠶᠠᠨ ᠬᠤᠸᠠ ᠴᠠᠨ᠂ ᠪᠤᠭᠤᠮᠳᠠ ᠳᠠᠪᠠᠭ᠋ᠤ ᠤᠯᠤᠮ᠂ ᠳᠠᠶᠢᠨ ᠤ ᠴᠢᠮᠡᠭᠡ ᠳᠠᠮᠵᠢᠭᠤᠯᠬᠤ ᠴᠠᠶᠢᠵᠠ᠂ ᠳᠠᠬᠢᠶᠠᠨ ᠳᠠᠭᠤᠨ ᠭᠤᠷᠪᠡᠨ ᠮᠤᠵᠢ ᠳᠤ ᠴᠤᠤᠷᠢᠶᠠᠳᠤᠬᠤ ᠵᠡᠷᠬᠡ ᠵᠤᠭᠠᠴᠠᠯ ᠤᠨ ᠡᠬᠢ ᠪᠠᠶᠠᠯᠢᠭ ᠨᠢ ᠡᠬᠡ ᠤᠷᠤᠨᠴᠢ ᠦᠵᠡᠯ ᠤᠨ ᠬᠦᠮᠦᠵᠢᠯ ᠤᠨ ᠰᠠᠭᠤᠷᠢᠨ ᠭᠠᠵᠠᠷ ᠲᠠᠢ ᠬᠠᠮᠳᠤ ᠬᠠᠳᠤᠨ ᠭᠤᠤᠯ  ᠲᠠᠭᠠᠤ ᠶᠢᠨ ᠦᠵᠡᠮᠵᠢ ᠶᠢᠨ ᠴᠡᠭ ᠪᠤᠯᠵᠤ ᠪᠦᠷᠢᠯᠳᠤᠵᠠᠢ᠃
龙口5.jpg     
       ᠤᠶᠠᠩᠭᠠᠳᠤ ᠮᠤᠳᠤ ᠪᠠᠨ ᠰᠠᠭᠤᠯᠭᠠᠵᠤ ᠭᠠᠷᠤᠳᠢ ᠭᠠᠯᠪᠢᠡᠭᠭ᠎ᠠ ᠶᠢ ᠤᠬᠳᠤᠨ᠎ᠠ᠃ ᠦᠨᠦᠳᠦᠷ ᠤᠨ  ᠳ᠋ᠠᠺᠸᠤ ᠳᠤᠰᠬᠤᠨ ᠭᠤᠶᠤ ᠰᠠᠶᠢᠬᠠᠨ ᠠᠭᠤᠯᠠ ᠤᠰᠤ ᠪᠠ ᠠᠮᠢ ᠠᠬᠤᠢ ᠪᠠᠨ ᠠᠰᠢᠬᠯᠠᠨ᠂ ᠬᠤᠪᠢᠰᠬᠠᠯᠳᠤ ᠰᠤᠶᠤᠯ ᠢᠶᠠᠷ ᠬᠦᠳᠦᠯᠦᠨ ᠳᠠᠭᠠᠭᠤᠯᠵᠤ᠂ ᠪᠤᠬᠢᠷᠳᠤᠯ ᠦᠬᠡᠢ ᠠᠵᠤ ᠦᠢᠯᠡᠰ ᠢ ᠶᠡᠬᠡᠪᠡᠷ ᠬᠦᠭᠵᠢᠬᠦᠯᠦᠨ᠂ ᠬᠤᠪᠢᠰᠬᠠᠯᠳᠤ ᠵᠤᠭᠠᠴᠠᠯ ᠪᠠ ᠪᠤᠬᠢᠷᠳᠤᠯ ᠦᠬᠡᠢ ᠠᠮᠢ ᠠᠬᠤᠢ ᠶᠢᠨ ᠠᠵᠤ ᠦᠢᠯᠡᠰ ᠤᠨ ᠬᠦᠭᠵᠢᠯᠳᠡ ᠶᠢ ᠪᠦᠳᠦᠮᠵᠢᠳᠡᠢ ᠤᠶᠠᠯᠳᠤᠭᠤᠯᠤᠬᠰᠠᠨ ᠠᠴᠠ ᠰᠢᠨ᠎ᠡ ᠠᠮᠢᠵᠢᠷᠡᠯ ᠤᠨ ᠬᠦᠴᠦᠨ  ᠢᠶᠠᠷ ᠪᠢᠯᠬᠠᠨ᠎ᠠ᠃      ᠠᠭᠤᠯᠠᠨ ᠭᠠᠵᠠᠷ ᠤᠯᠠᠨ᠂ ᠳᠠᠷᠢᠶᠡᠨ ᠭᠠᠵᠠᠷ ᠴᠦᠬᠡᠨ ᠤᠷᠤᠨ ᠪᠦᠰᠡ ᠶᠢ ᠬᠡᠷᠬᠢᠨ ᠵᠦᠢ ᠵᠤᠬᠢᠰᠳᠡᠢ ᠳᠦᠯᠦᠪᠵᠢᠬᠦᠯᠬᠦ ᠪᠤᠢ︖ ᠦᠨᠳᠤᠷ ᠨᠠᠮᠬᠠᠨ ᠦᠷᠬᠦᠯᠵᠢᠯᠡᠭᠰᠡᠨ ᠠᠭᠤᠯᠠ ᠨᠢᠷᠤᠭᠤᠳ ᠤᠨ ᠳᠤᠮᠳᠠᠬᠢ《 ᠠᠯᠠᠭᠠᠨ ᠴᠢᠨᠡᠬᠡᠨ ᠲᠠᠷᠢᠶᠠᠨ》 ᠳᠤ ᠬᠡᠷᠬᠢᠨ ᠪᠤᠳᠠᠳᠤ ᠪᠠᠶᠢᠳᠠᠯ ᠳᠠᠭᠠᠨ ᠰᠠᠭᠤᠷᠢᠯᠠᠨ ᠳᠠᠷᠢᠶᠠᠯᠠᠩ ᠤᠨ ᠠᠵᠤ ᠦᠢᠯᠡᠰ ᠢ ᠬᠦᠭᠵᠢᠬᠦᠯᠬᠦ  ᠪᠤᠯ︖ ᠯᠦᠩᠺᠸᠤ ᠪᠠᠯᠭᠠᠰᠤ ᠶᠢᠨ ᠮᠠ ᠳ᠋ᠢ ᠯᠢᠶᠠᠩ ᠳᠤᠰᠬᠤᠨ ᠤᠨᠴᠠᠭᠠᠢ ᠠᠭᠤᠷ ᠠᠮᠢᠰᠬᠤᠯ ᠪᠠ ᠤᠷᠴᠢᠨ ᠳᠤᠭᠤᠷᠢᠨ ᠳᠤ ᠰᠠᠭᠤᠷᠢᠯᠠᠨ ᠠᠭᠤᠯᠠᠨ ᠭᠠᠵᠠᠷ ᠤᠨ ᠳᠠᠷᠢᠶᠡᠯᠡᠩ ᠢ ᠬᠦᠭᠵᠢᠬᠦᠯᠵᠤ᠂ ᠠᠵᠤ ᠦᠢᠯᠡᠰ ᠤᠨ ᠬᠦᠭᠵᠢᠯᠳᠡ ᠶᠢᠨ ᠨᠠᠶᠢᠷᠡᠯ ᠳᠠᠭᠤᠤ ᠶᠢ ᠴᠢᠪᠬᠠᠳᠠᠨ᠎ᠠ᠃      ᠮᠠ ᠳ᠋ᠢ ᠯᠢᠶᠠᠩ ᠳᠤᠰᠬᠤᠨ ᠨᠢ ᠭᠠᠨᠭ᠌ ᠬᠠᠭᠤᠷᠡᠢ ᠬᠢᠷ᠎ᠠ ᠲᠤᠪᠤᠴᠠᠭ ᠠᠭᠤᠯᠠᠷᠬᠠᠭ ᠤᠷᠤᠨ ᠳᠤ ᠬᠠᠷᠢᠶᠠᠯᠠᠬᠳᠠᠵᠤ ᠡᠯᠳᠡᠪ ᠠᠮᠤ ᠶᠢᠨ ᠲᠠᠷᠢᠮᠠᠯ ᠤᠨ ᠪᠠᠶᠢᠭᠠᠯᠢ  ᠶᠢᠨ ᠨᠦᠬᠦᠴᠡᠯ ᠢᠶᠠᠷ ᠳᠠᠪᠠᠭᠤᠯᠢᠭ ᠪᠠᠶᠢᠵᠦ᠂ ᠦᠡᠭᠬᠡᠷᠡᠭᠰᠡᠨ ᠳᠤ᠂ ᠳᠤᠰᠬᠤᠨ ᠤ ᠠᠷᠡᠳ ᠳᠠᠷᠬᠠᠢ ᠪᠤᠳᠠᠷᠬᠠᠢ ᠡᠵᠡᠩᠨᠡᠯᠳᠡ  ᠬᠢᠬᠦ ᠪᠠᠷ ᠭᠤᠤᠯᠯᠠᠵᠤ᠂ 2016 ᠤᠨ  ᠳᠤ᠂ ᠮᠠ ᠳ᠋ᠢ ᠯᠢᠶᠠᠩ ᠳᠤᠰᠬᠤᠨ ᠳᠠᠷᠢᠶᠠᠯᠠᠩ ᠮᠠᠯ ᠠᠵᠤ ᠠᠬᠤᠢ ᠶᠢᠨ ᠳᠤᠯᠤᠭᠠᠶᠢᠯᠠᠬᠴᠢ ᠠᠵᠤ ᠠᠬᠤᠶᠢᠯᠡᠯ ᠪᠤᠯᠬᠤ ᠵᠸᠡᠭ ᠺᠠᠨᠭ᠌ ᠳᠠᠷᠢᠶᠠᠯᠠᠩ ᠮᠠᠯ ᠠᠵᠤ ᠠᠬᠤᠢ  ᠶᠢᠨ ᠬᠢᠵᠠᠭᠠᠷᠳᠤ ᠺᠤᠮᠫᠠᠨᠢ ᠶᠢ ᠳᠠᠳᠠᠨ ᠤᠷᠤᠭᠤᠯᠵᠤ᠂ 4000 ᠭᠠᠷᠤᠢ ᠳᠡᠭᠰᠢ ᠳᠦᠷᠪᠡᠯᠵᠢᠨ ᠮᠧᠲᠷ ᠤᠨ ᠲᠠᠯᠠᠪᠡᠢ ᠲᠠᠢ ᠵᠸᠡᠭ ᠢ ᠡᠯᠳᠠᠪ ᠠᠮᠤ ᠪᠤᠯᠪᠠᠰᠤᠷᠠᠭᠤᠯᠬᠤ ᠦᠢᠯᠡᠡᠳᠪᠤᠷᠢ ᠶᠢ ᠬᠠᠮᠳᠤᠪᠠᠷ ᠪᠠᠶᠢᠭᠤᠯᠵᠤ᠂ ᠳᠤᠰᠤ ᠰᠢᠷᠭᠠᠭᠠᠬᠤ᠂ ᠡᠷᠳᠡᠨᠢ ᠰᠢᠰᠢ ᠪᠤᠯᠪᠠᠰᠤᠷᠠᠭᠤᠯᠬᠤ᠂ ᠡᠯᠳᠡᠪ ᠠᠮᠤ ᠶᠢ ᠪᠤᠯᠪᠠᠰᠤᠷᠠᠭᠤᠯᠬᠤ ᠵᠡᠷᠬᠡ 5 ᠦᠢᠯᠡᠳᠪᠤᠷᠢ ᠶᠢᠨ ᠲᠠᠰᠤᠭ ᠭᠠᠷᠭᠠᠵᠦ᠂ ᠪᠤᠯᠪᠠᠰᠤᠷᠠᠭᠤᠯᠬᠤ ᠦᠢᠯᠡᠳᠪᠤᠷᠢ ᠨᠢ ᠦᠷ᠎ᠡ ᠰᠤᠩᠭᠤᠬᠤ᠂ ᠦᠢᠯᠡᠳᠪᠦᠷᠢᠯᠡᠬᠦ᠂ ᠪᠤᠯᠪᠠᠰᠤᠷᠠᠭᠤᠯᠬᠤ᠂ ᠪᠤᠭᠤᠳᠠᠯᠯᠠᠬᠤ᠂ ᠬᠠᠳᠠᠭᠠᠯᠠᠬᠤ᠂ ᠪᠤᠷᠤᠯᠠᠭᠤᠯᠬᠤ ᠶᠢ ᠬᠠᠷᠢᠭᠤᠴᠠᠵᠤ ᠪᠠᠶᠢᠨ᠎ᠠ᠃       ᠦᠢᠯᠡᠳᠪᠦᠷᠢᠯᠡᠬᠦ᠂ ᠪᠤᠯᠪᠠᠰᠤᠷᠠᠭᠤᠯᠬᠤ᠂ ᠪᠤᠷᠤᠯᠠᠭᠤᠯᠬᠤ ᠨᠢ ᠵᠤᠬᠢᠬᠤ ᠬᠡᠪᠴᠢᠶᠠᠵᠢᠭᠰᠡᠨ ᠰᠠᠭᠤᠷᠢᠨ ᠳᠡᠬᠡᠷ᠎ᠡ᠂ 2017 ᠤᠨ ᠳᠤ ᠳᠤᠰᠬᠤᠨ ᠠᠴᠠ《 ᠮᠠ ᠳ᠋ᠢ ᠯᠢᠶᠠᠩ》ᠲᠠᠸᠠᠷ ᠤᠨ ᠳᠡᠮᠳᠡᠭ ᠢ ᠳᠠᠩᠰᠠᠯᠠᠭᠤᠯᠵᠤ᠂ ᠠᠮᠤ᠂ ᠡᠷᠳᠡᠨᠢ ᠰᠢᠰᠢ ᠵᠡᠷᠬᠡ 5 ᠵᠦᠢᠯ ᠤᠨ ᠡᠯᠳᠡᠪ ᠠᠮᠤ ᠶᠢᠨ 30 ᠭᠠᠷᠤᠢ ᠪᠦᠳᠦᠭᠡᠭᠳᠡᠬᠦᠨ ᠢ ᠳᠠᠸᠠᠷ ᠤᠨ ᠳᠡᠮᠳᠡᠭ ᠲᠡᠭᠡᠨ ᠪᠠᠭᠳᠠᠭᠠᠬᠤ ᠶᠢᠨ ᠬᠠᠮᠳᠤ ᠪᠦᠬᠦ ᠳᠤᠰᠬᠤᠨ ᠤ 12 ᠬᠤᠷᠰᠢᠶᠠᠵᠢᠯ ᠳᠤ ᠠᠮᠤ᠂ ᠨᠠᠷᠢᠮᠦ᠂ ᠡᠷᠳᠡᠨᠢ ᠰᠢᠰᠢ ᠵᠡᠷᠬᠡ ᠡᠯᠳᠡᠪ ᠠᠮᠤ  ᠶᠢᠨ ᠲᠠᠷᠢᠮᠠᠯ ᠢ ᠳᠦᠬᠡᠮᠡᠯᠵᠢᠬᠦᠯᠪᠠ᠃  ᠡᠬᠦᠨ ᠤ ᠬᠠᠮᠳᠤ᠂ ᠲᠤᠰᠬᠤᠨ ᠤ ᠬᠢᠨ ᠪᠠ ᠠᠵᠤ ᠠᠬᠤᠶᠢᠯᠠᠯ ᠵᠠᠬ᠎ᠠ ᠲᠡᠯᠬᠡᠬᠦᠷ ᠢ ᠢᠳᠡᠪᠬᠢᠳᠡᠢ ᠨᠡᠬᠡᠬᠡᠵᠦ᠂ ᠰᠦᠯᠵᠢᠶ᠎ᠡ ᠪᠠ ᠪᠤᠳᠠᠳᠤ ᠳᠡᠯᠬᠡᠬᠦᠷ ᠲᠤ《ᠮᠠ ᠳ᠋ᠢ ᠯᠢᠶᠠᠩ》ᠡᠯᠳᠡᠪ ᠠᠮᠤ ᠶᠢ ᠪᠤᠷᠤᠯᠠᠭᠤᠯᠬᠤ ᠪᠠᠷ ᠳᠠᠮᠵᠢᠨ ᠤᠷᠳᠤᠰ ᠬᠤᠳᠠ ᠶᠢᠨ ᠡᠷᠬᠢᠨ ᠳᠤᠭᠤᠷᠢᠨ ᠤ ᠮᠤᠵᠢ ᠬᠤᠳᠠ ᠪᠠ ᠲᠤᠷᠤᠨᠠᠳᠤ ᠤᠷᠤᠨ ᠤ ᠵᠠᠬ᠎ᠠ ᠳᠡᠯᠬᠡᠬᠦᠷ ᠢ ᠠᠮᠵᠢᠯᠳᠡ ᠲᠠᠢ ᠨᠡᠬᠡᠬᠡᠪᠡ᠃ ᠤᠯᠠᠨ ᠵᠢᠯ ᠤᠨ ᠴᠤᠬᠴᠠᠯᠠᠭ᠎ᠠ ᠪᠠᠷ ᠳᠠᠮᠵᠢᠨ《 ᠮᠠ ᠳ᠋ᠢ ᠯᠢᠶᠠᠩ》ᠨᠢᠬᠡᠨᠳᠡ ᠤᠷᠳᠤᠰ  ᠤᠨ ᠦᠨᠳᠦᠷᠯᠢᠭ ᠤᠨ ᠨᠡᠷ᠎ᠡ ᠨᠢᠳᠡᠷ ᠲᠡᠭᠡᠨ ᠲᠠᠩᠴᠡᠭᠰᠡᠨ ᠳᠠᠷᠢᠶᠠᠯᠠᠩ ᠤᠨ ᠨᠡᠷᠡᠳᠤ ᠳᠡᠮᠳᠡᠭ ᠪᠤᠯᠵᠠᠢ᠃       ᠠᠵᠤ ᠦᠢᠯᠡᠰ ᠢ ᠬᠦᠭᠵᠢᠬᠦᠯᠬᠦ ᠳᠤ ᠤᠷᠢᠳᠡᠪᠡᠷ ᠦᠵᠡᠯ ᠰᠠᠨᠠᠭ᠎ᠠ ᠪᠠᠨ ᠴᠢᠯᠦᠬᠡᠯᠡᠬᠦ ᠬᠡᠷᠡᠭᠳᠡᠢ᠃ ᠤᠤᠯ ᠳᠠᠭᠠᠨ᠂ ᠠᠭᠤᠯᠠᠨ ᠭᠠᠵᠠᠷ ᠨᠢ ᠳᠠᠷᠢᠶᠠᠯᠠᠩ ᠤᠨ ᠬᠦᠭᠵᠢᠯᠳᠡ ᠶᠢ ᠬᠢᠵᠠᠭᠠᠷᠯᠡᠵᠤ᠂ ᠳᠤᠰᠬᠤᠨ ᠤ ᠠᠷᠡᠳ ᠤᠨ ᠪᠠᠶᠠᠵᠢᠨ ᠴᠢᠨᠡᠬᠡᠯᠢᠭᠵᠢᠬᠦ ᠶᠢ ᠬᠠᠷᠰᠢᠯᠡᠵᠤ ᠪᠠᠶᠢᠯ᠎ᠠ᠃ ᠦᠨᠦᠳᠦᠷ᠂ ᠰᠡᠳᠬᠢᠴᠠ ᠪᠠᠨ ᠬᠤᠪᠢᠷᠠᠭᠤᠯᠤᠬᠰᠠᠨ ᠳᠤ ᠳᠡᠭᠷᠢ ᠭᠠᠵᠠᠷ ᠠᠭᠤᠳᠠᠮ ᠪᠤᠯᠪᠠ᠃ ᠴᠢᠷᠮᠠᠶᠢᠯᠭ᠎ᠠ ᠪᠠᠷ ᠳᠡᠮᠵᠢᠨ ᠠᠭᠤᠯᠠᠨ ᠭᠠᠵᠠᠷ ᠤᠨ ᠬᠢᠵᠠᠭᠠᠷᠳᠡᠮᠡᠯ ᠳᠠᠯ᠎ᠠ ᠶᠢ ᠳᠠᠪᠠᠭᠤᠯᠢᠭ ᠳᠠᠯ᠎ᠠ ᠪᠤᠯᠭᠠᠵᠤ᠂ ᠬᠤᠪᠠᠭ᠋ᠠᠢ ᠠᠭᠤᠯᠠ ᠨᠢ《 ᠠᠯᠳᠠᠨ ᠠᠭᠤᠯᠠ》ᠪᠤᠯᠪᠠ᠃《 ᠤᠯᠠᠨ ᠳᠦᠷᠦᠯ ᠵᠦᠢᠯ᠂ ᠪᠠᠭ᠎ᠠ ᠬᠡᠪᠴᠢᠶ᠎ᠡ᠂ ᠦᠨᠳᠦᠷ ᠴᠢᠨᠰᠠᠭ᠎ᠠ》 ᠲᠠᠢ ᠠᠭᠤᠯᠠᠨ ᠭᠠᠵᠠᠷ ᠤᠨ ᠤᠨᠴᠠᠯᠢᠬᠳᠤ ᠳᠠᠷᠢᠶᠠᠯᠠᠩ ᠤᠨ ᠠᠵᠤ ᠦᠢᠯᠡᠰ ᠨᠢ  ᠲᠠᠷᠢᠶᠠᠴᠢᠳ ᠤᠨ ᠵᠤᠭᠤᠰᠤᠨ ᠪᠤᠬᠴᠤ ᠶᠢ  ᠵᠢᠩᠬᠢᠨᠢ ᠪᠠᠷ ᠳᠦᠭᠳᠦᠶᠢᠯᠬᠡᠯ᠎ᠡ᠃
龙口6.jpg       ᠯᠦᠩᠺᠸᠤ ᠪᠠᠯᠭᠠᠰᠤ ᠨᠢ ᠤᠷᠳᠤᠰ ᠤᠨ ᠦᠨᠳᠦᠷᠯᠢᠭ ᠲᠠᠬᠢ ᠳᠠᠯᠠᠢ ᠶᠢᠨ ᠳᠦᠪᠰᠢᠨ ᠢᠶᠠᠷ ᠬᠠᠮᠤᠭ ᠳᠤᠤᠷ᠎ᠡ᠂ ᠬᠢᠷᠠᠭᠤ ᠶᠢᠨ ᠬᠤᠭᠤᠴᠠᠭ᠎ᠠ ᠪᠤᠭᠤᠨᠢ᠂
ᠳᠤᠭᠤᠷ᠂ ᠬᠦᠢᠯᠡᠰᠦ᠂ ᠦᠵᠤᠮ ᠵᠡᠷᠬᠡ ᠵᠢᠮᠢᠰ ᠨᠢ ᠬᠤᠯᠠ ᠤᠶᠢᠷ᠎ᠡ ᠳᠠᠭᠠᠨ ᠠᠯᠳᠠᠷᠰᠢᠵᠡᠢ᠃ ᠱᠠ ᠫᠢᠡᠭ ᠯᠢᠶᠠᠩ ᠳᠤᠰᠬᠤᠨ ᠪᠤᠯ ᠯᠦᠩᠺᠸᠤ ᠪᠠᠯᠭᠠᠰᠤ ᠶᠢᠨ ᠭᠤᠸᠠ ᠵᠢᠮᠢᠰ ᠤᠨ ᠭᠠᠷᠤᠯᠳᠡ ᠶᠢᠨ ᠤᠷᠤᠨ ᠤ ᠨᠢᠬᠡ ᠪᠠᠶᠢᠵᠦ᠂ ᠬᠠᠪᠤᠷ ᠵᠤᠨ ᠤ ᠠᠭᠤᠯᠵᠠᠷ ᠲᠤ ᠱᠠ ᠫᠢᠡᠭ ᠯᠢᠶᠠᠩ ᠳᠤᠰᠬᠤᠨ ᠤ ᠠᠭᠤᠯᠠᠨ ᠪᠡᠯ ᠢᠶᠠᠷ ᠬᠦᠬᠡᠷᠡᠨ ᠨᠤᠭᠤᠭᠠᠷᠡᠵᠤ ᠵᠢᠮᠢᠰ ᠤᠨ ᠮᠤᠳᠤᠳ ᠵᠢᠭᠳᠡᠷᠡᠨ᠎ᠡ᠃ ᠤᠶᠢᠷ᠎ᠡ ᠶᠢᠨ ᠵᠢᠯ ᠳᠤ᠂ ᠱᠠ ᠫᠢᠡᠭ ᠯᠢᠶᠠᠩ ᠳᠤᠰᠬᠤᠨ ᠨᠢ《ᠦᠰᠦᠯᠢᠭ ᠳᠤᠭᠤᠷ᠂ ᠬᠦᠢᠯᠡᠰᠦ᠂ ᠬᠠᠢ ᠬᠤᠨᠭ᠌ ᠵᠢᠮᠢᠰ ᠢᠶᠠᠷ ᠭᠤᠤᠯ ᠪᠤᠯᠭᠠᠬᠰᠠᠨ ᠵᠢᠮᠢᠰ ᠤᠨ ᠮᠤᠳᠤ ᠳᠠᠷᠢᠵᠤ᠂ ᠴᠢᠨᠡᠷ ᠰᠠᠶᠢᠳᠡᠢ ᠤᠨᠴᠠᠯᠢᠬᠳᠤ ᠵᠢᠮᠢᠰ ᠤᠨ ᠦᠢᠯᠡᠳᠪᠦᠷᠢᠯᠡᠯ ᠬᠠᠨᠭ᠍ᠭᠠᠯᠭ᠎ᠠ ᠶᠢᠨ ᠰᠠᠭᠤᠷᠢᠨ ᠭᠠᠵᠠᠷ ᠢ ᠴᠢᠷᠮᠠᠶᠢᠨ ᠪᠠᠶᠢᠭᠤᠯᠬᠤ》ᠬᠦᠭᠵᠢᠯᠳᠡ ᠶᠢᠨ ᠪᠠᠶᠢᠷᠢ ᠳᠤᠬᠳᠠᠭᠠᠯᠳᠠ ᠶᠢ ᠳᠤᠳᠤᠷᠬᠠᠶᠢᠯᠠᠵᠤ᠂ ᠬᠦᠳᠡᠭᠡ ᠳᠤᠰᠬᠤᠨ ᠤ ᠤᠢ ᠰᠢᠭᠤᠢ ᠵᠢᠮᠢᠰ ᠤᠨ ᠠᠵᠤ ᠦᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠬᠦᠴᠦᠯᠡᠨ ᠠᠬᠢᠭᠤᠯᠵᠤ᠂《 ᠤᠢ ᠰᠢᠭᠤᠢ ᠵᠢᠮᠢᠰ ᠤᠨ ᠠᠵᠤ ᠦᠢᠯᠡᠰ》ᠪᠤᠯᠬᠤ ᠶᠡᠭᠡ ᠶᠠᠪᠤᠳᠠᠯ ᠢ ᠪᠤᠵᠠᠭᠠᠶᠢᠷᠠᠭᠤᠯᠤᠨ ᠬᠦᠴᠦᠷᠭᠡᠭᠵᠢᠬᠦᠯᠵᠤ ᠪᠠᠶᠢᠨ᠎ᠠ᠃       ᠵᠡᠬᠦᠡᠭᠠᠷ ᠬᠤᠰᠢᠭᠤᠨ ᠤ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠳᠠᠭᠤᠷᠢᠶᠡᠯ ᠦᠵᠡᠬᠦᠯᠬᠦ ᠴᠡᠭ ᠪᠤᠯᠤᠬᠰᠠᠨ ᠤ ᠬᠤᠪᠢ ᠳᠤ᠂ ᠱᠠ ᠫᠢᠡᠭ ᠯᠢᠶᠠᠩ ᠳᠤᠰᠬᠤᠨ ᠤᠢ ᠰᠢᠭᠤᠢ ᠵᠢᠮᠢᠰ ᠤᠨ ᠠᠵᠤ ᠦᠢᠯᠡᠰ ᠤᠨ ᠲᠠᠷᠢᠮᠠᠯ ᠤᠨ ᠳᠤᠬᠳᠠᠴᠠ ᠪᠠ ᠬᠠᠮᠢᠶᠠᠷᠤᠯᠳᠡ ᠶᠢᠨ ᠵᠠᠬᠪᠤᠷ ᠢ ᠠᠮᠢᠯᠠᠭᠤᠯᠬᠤ ᠪᠠᠷ ᠭᠠᠷᠳᠡᠴᠠ ᠪᠤᠯᠭᠠᠵᠤ᠂ ᠤᠢ ᠰᠢᠭᠤᠢ ᠵᠢᠮᠢᠰ ᠤᠨ ᠠᠵᠤ ᠦᠢᠯᠡᠰ ᠤᠨ ᠬᠦᠭᠵᠢᠯᠳᠡ ᠶᠢᠨ ᠳᠦᠯᠦᠪᠵᠢᠬᠦᠯᠬᠡ ᠶᠢ ᠰᠤᠳᠤᠯᠤᠨ ᠳᠤᠬᠳᠠᠭᠠᠵᠤ᠂ ᠤᠢ ᠰᠢᠭᠤᠢ ᠵᠢᠮᠢᠰ ᠤᠨ ᠠᠵᠤ ᠦᠢᠯᠡᠰ ᠤᠨ ᠪᠠᠶᠢᠷᠢᠰᠢᠭᠤᠯᠤᠯᠳᠠ᠂ ᠵᠢᠮᠢᠰ ᠤᠨ ᠴᠢᠨᠡᠷ ᠪᠠ ᠨᠡᠷᠡᠳᠦ ᠳᠡᠮᠳᠡᠭ ᠤᠨ ᠪᠤᠷᠤᠯᠠᠭᠤᠯᠭ᠎ᠠ ᠳᠤ ᠳᠤᠳᠤᠷᠬᠠᠢ ᠱᠠᠭᠠᠷᠳᠠᠯᠭ᠎ᠠ ᠳᠤᠷᠠᠳᠴᠤ᠂《 ᠨᠠᠮ ᠤᠨ ᠡᠬᠦᠷ+ ᠠᠵᠤ ᠠᠬᠤᠶᠢᠯᠡᠯ+ ᠬᠤᠷᠰᠢᠶᠠᠵᠢᠯ+ ᠳᠠᠷᠢᠶᠠᠴᠢᠨ ᠡᠷᠦᠬᠡ+ ᠰᠠᠭᠤᠷᠢᠨ ᠭᠠᠵᠠᠷ》 ᠤᠨ ᠠᠰᠢᠭ ᠳᠤᠰᠠ ᠶᠢ ᠵᠤᠯᠭᠠᠭᠤᠯᠬᠤ ᠳᠤᠬᠳᠠᠴᠠ ᠶᠢ ᠪᠠᠶᠢᠭᠤᠯᠬᠤ ᠪᠠᠷ ᠳᠡᠮᠵᠢᠨ᠂ ᠳᠤᠰᠬᠠᠢ ᠬᠤᠷᠰᠢᠶᠠᠵᠢᠯ ᠠᠴᠠ ᠲᠠᠷᠢᠮᠠᠯ ᠤᠨ ᠳᠠᠷᠢᠶᠠᠴᠢᠨ ᠡᠷᠦᠬᠡ ᠶᠢ ᠨᠢᠬᠡᠳᠦᠬᠦᠯᠦᠨ ᠨᠢᠬᠡᠳᠦᠯᠳᠡᠢ ᠦᠢᠯᠡᠳᠪᠦᠷᠢᠯᠡᠯ ᠪᠤᠷᠤᠯᠠᠭᠤᠯᠭ᠎ᠠ  ᠳᠤ ᠤᠷᠤᠯᠴᠠᠭᠤᠯᠵᠦ᠂ ᠳᠠᠷᠢᠶᠠᠴᠢᠨ ᠡᠷᠦᠬᠡ ᠶᠢᠨ ᠤᠢ ᠰᠢᠭᠤᠢ ᠵᠢᠮᠢᠰ ᠤᠨ ᠲᠠᠷᠢᠮᠠᠯ ᠤᠨ ᠤᠷᠤᠯᠭ᠎ᠠ ᠶᠢ ᠨᠡᠮᠡᠭᠳᠡᠬᠦᠯᠵᠤ᠂ ᠤᠢ ᠰᠢᠭᠤᠢ ᠵᠢᠮᠢᠰ ᠤᠨ ᠦᠢᠯᠡᠳᠪᠦᠷᠢᠯᠡᠯ ᠪᠤᠷᠤᠯᠠᠭᠤᠯᠭ᠎ᠠ ᠶᠢᠨ《 ᠤᠨᠴᠠᠯᠢᠬᠳᠤ ᠬᠡᠯᠬᠢᠶ᠎ᠡ》 ᠶᠢ ᠴᠤᠬᠴᠠᠯᠠᠪᠠ᠃ ᠡᠬᠦᠨ ᠤ ᠬᠠᠮᠳᠤ᠂ ᠳᠤᠰᠬᠤᠨ ᠠᠴᠠ ᠦᠷᠬᠡᠨ ᠤᠯᠠᠨ ᠤᠢ ᠰᠢᠭᠤᠢ ᠵᠢᠮᠢᠰ  ᠤᠨ ᠲᠠᠷᠢᠮᠠᠯ ᠤᠨ ᠡᠷᠦᠬᠡ ᠶᠢ ᠢᠳᠡᠪᠬᠢᠳᠡᠢ ᠳᠠᠶᠢᠴᠢᠯᠡᠵᠤ᠂  ᠮᠠ ᠵᠠ ᠯᠦᠡᠭ ᠶᠤᠸᠡᠨ ᠵᠢᠮᠢᠰ ᠤᠨ ᠳᠦᠷᠦᠯ ᠤᠨ ᠬᠤᠷᠰᠢᠶᠠᠵᠢᠯ ᠳᠤ ᠤᠷᠤᠭᠤᠯᠵᠤ᠂ ᠳᠠᠷᠬᠠᠢ ᠪᠤᠳᠠᠷᠬᠠᠢ ᠵᠢᠮᠢᠰ ᠤᠨ ᠬᠦᠷᠢᠶᠡᠯᠡᠩ ᠢ ᠨᠢᠬᠡᠳᠦᠬᠦᠯᠵᠤ᠂ ᠬᠡᠰᠡᠭ ᠢ ᠪᠦᠬᠦᠯᠢ ᠴᠤᠬᠴᠠ ᠪᠤᠯᠭᠠᠵᠤ ᠨᠢᠬᠡᠳᠦᠯᠳᠡᠢ ᠡᠵᠡᠩᠨᠡᠨ ᠬᠠᠮᠢᠶᠠᠷᠪᠡ᠃ ᠰᠢᠨᠵᠢᠯᠡᠬᠦ ᠤᠬᠠᠭᠠᠨ ᠮᠡᠷᠬᠡᠵᠢᠯ ᠢ ᠳᠦᠬᠡᠮᠡᠯᠵᠢᠬᠦᠯᠬᠦ ᠶᠢ ᠪᠡᠶᠡᠴᠢᠯᠡᠨ ᠤᠶᠢᠯᠠᠭᠠᠬᠤ᠂ ᠵᠤᠭᠠᠴᠠᠨ ᠳᠤᠭᠤᠷᠢᠵᠤ ᠳᠡᠬᠦᠬᠦ᠂ ᠬᠦᠳᠡᠭᠡ ᠳᠤᠰᠬᠤᠨ ᠤ  ᠠᠷᠡᠳ ᠤᠨ  ᠤᠷᠤᠨ ᠰᠠᠭᠤᠴᠠ᠂ ᠰᠡᠯᠡᠬᠦᠴᠡᠯ ᠳᠠᠷᠢᠶᠠᠯᠠᠩ ᠤᠨ ᠳᠠᠯᠠᠪᠠᠢ ᠵᠡᠷᠬᠡ ᠤᠳᠤᠬᠠᠨ ᠤ ᠰᠢᠨ᠎ᠡ ᠰᠡᠪᠡᠬᠦᠨ ᠠᠮᠢ  ᠠᠬᠤᠢ ᠶᠢᠨ ᠰᠡᠯᠡᠬᠦᠴᠡᠯ ᠤᠨ ᠵᠠᠬᠪᠤᠷ ᠢᠶᠠᠷ《ᠤᠢ ᠰᠢᠭᠤᠢ ᠵᠢᠮᠢᠰ ᠤᠨ ᠠᠵᠤ ᠦᠢᠯᠡᠰ ᠤᠨ ᠵᠤᠭᠠᠴᠠᠯ ᠤᠨ ᠳᠤᠰᠬᠤᠨ》 ᠢ ᠴᠤᠬᠴᠠᠯᠠᠨ ᠪᠠᠶᠢᠭᠤᠯᠵᠤ ᠪᠠᠶᠢᠨ᠎ᠠ᠃ ᠬᠡᠰᠡᠭ ᠳᠤᠰᠬᠤᠨ ᠤ ᠬᠠᠮᠳᠤ ᠶᠢᠨ ᠬᠦᠳᠡᠯᠭᠡᠬᠦ ᠬᠦᠴᠤᠨ ᠬᠦᠢᠴᠡᠳ ᠦᠬᠡᠢ᠂ ᠪᠦᠳᠦᠭᠡᠭᠳᠡᠬᠦᠨ ᠤ ᠪᠤᠷᠤᠯᠠᠭᠤᠯᠭ᠎ᠠ ᠰᠢᠯᠤᠭᠤᠨ ᠪᠤᠰᠤ ᠵᠡᠷᠬᠡ ᠬᠦᠴᠢᠷ ᠠᠰᠠᠭᠤᠳᠠᠯ ᠢ ᠰᠢᠢᠳᠪᠦᠷᠢᠯᠡᠬᠦ ᠶᠢᠨ ᠳᠤᠰᠠᠳᠠ᠂ ᠯᠦᠩᠺᠸᠤ ᠪᠠᠯᠭᠠᠰᠤ 13 ᠳᠤᠰᠬᠤᠨ ︵  ᠨᠡᠶᠢᠬᠡᠮ ᠲᠤᠭᠤᠷᠢᠭ︶  ᠢᠶᠠᠷ ᠬᠤᠪᠢ ᠤᠷᠤᠭᠤᠯᠵᠤ᠂ ᠪᠦᠬᠦ ᠪᠠᠯᠭᠠᠰᠤᠨ ᠤ ᠬᠦᠮᠦᠨ ᠤ ᠬᠦᠴᠤ᠂ ᠪᠤᠳᠠᠰ ᠤᠨ ᠬᠦᠴᠦ᠂ ᠡᠳ᠋ ᠤᠨ ᠬᠦᠴᠤ ᠶᠢ ᠨᠡᠶᠢᠯᠡᠬᠦᠯᠵᠤ᠂ ᠪᠠᠯᠭᠠᠰᠤᠨ ᠳᠤ ᠬᠠᠷᠢᠶᠠᠯᠠᠬᠳᠠᠬᠤ ᠤᠯᠤᠰ ᠤᠨ ᠦᠮᠴᠢᠯᠡᠯᠳᠤ ᠺᠤᠮᠫᠠᠨᠢ ᠪᠠᠶᠢᠭᠤᠯᠵᠤ᠂ ᠵᠠᠩᠭᠤᠤ ᠰᠠᠪᠠᠭ᠎ᠠ ᠳᠤᠤᠷ ᠬᠢᠬᠦ ᠦᠢᠯᠡᠳᠪᠦᠷᠢ᠂ ᠯᠦᠩᠺᠸᠤ ᠠᠮᠳᠠᠳᠤ ᠢᠳᠡᠬᠡᠨ ᠤ ᠭᠠᠵᠠᠷ᠂ ᠰᠤᠩᠭᠤᠵᠦ ᠲᠡᠬᠦᠬᠦ ᠴᠢᠬᠢ ᠪᠤᠶᠢᠵᠢᠭᠤᠯᠬᠤ ᠳᠤᠮᠤ ᠬᠦᠯᠡᠮᠵᠢ ᠵᠡᠷᠬᠡ ᠰᠢᠷᠢᠰ ᠪᠤᠳᠠᠳᠤ ᠴᠤᠬᠴᠠ ᠶᠢᠨ ᠠᠵᠤ ᠦᠢᠯᠡᠰ ᠢ ᠪᠠᠶᠢᠭᠤᠯᠪᠠ᠃       ᠬᠦᠳᠡᠭᠡ ᠳᠤᠰᠬᠤᠨ ᠤ ᠠᠵᠤ ᠦᠢᠯᠡᠰ ᠢ ᠬᠦᠭᠵᠢᠬᠦᠯᠬᠦ ᠳᠤ ᠤᠷᠤᠨ ᠪᠠᠶᠢᠷᠢ ᠶᠢᠨ ᠳᠠᠪᠠᠭᠤᠯᠢᠭ ᠢ ᠲᠤᠳᠤᠷᠬᠠᠢ ᠳᠠᠨᠢᠬᠤ ᠪᠤᠯ ᠲᠤᠶᠢᠯ ᠤᠨ ᠴᠢᠬᠤᠯᠠ ᠶᠤᠮ᠃ ᠬᠠᠨᠳᠤᠰᠢ ᠳᠤᠨᠢ ᠳᠤᠬᠢᠷᠠᠭᠤᠯᠤᠨ ᠬᠦᠳᠦᠯᠦᠨ ᠵᠢᠯᠤᠭᠤᠳᠴᠤ ᠳᠤᠰᠬᠤᠨ ᠳᠤ ᠳᠤᠬᠢᠷᠠᠭᠤᠯᠤᠨ ᠠᠷᠭ᠎ᠠ ᠪᠤᠳᠤᠯᠭ᠎ᠠ ᠳᠤᠬᠳᠠᠭᠠᠵᠤ᠂ ᠳᠠᠷᠢᠶᠠᠯᠠᠬᠤ ᠳᠤ ᠳᠤᠬᠢᠷᠡᠮᠵᠢᠳᠡᠢ ᠪᠤᠯ ᠳᠠᠷᠢᠶᠠᠯᠠᠵᠤ᠂ ᠠᠵᠤ ᠦᠢᠯᠡᠳᠪᠦᠷᠢ ᠡᠷᠬᠢᠯᠡᠬᠦ ᠳᠤ ᠳᠤᠬᠢᠷᠠᠮᠵᠢᠳᠡᠢ ᠪᠤᠯ ᠠᠵᠤ ᠦᠢᠯᠡᠳᠪᠦᠷᠢ ᠶᠢ ᠬᠦᠭᠵᠢᠬᠦᠯᠵᠤ᠂ ᠵᠤᠭᠠᠴᠠᠯ ᠢ ᠡᠷᠬᠢᠯᠡᠬᠦ ᠳᠤ ᠳᠤᠬᠢᠷᠡᠮᠵᠢᠳᠡᠢ ᠪᠤᠯ ᠵᠤᠭᠠᠴᠠᠯ ᠢ ᠬᠦᠭᠵᠢᠬᠦᠯᠬᠦ ᠨᠢ ᠯᠦᠡᠭ ᠺᠸᠤ  ᠪᠠᠯᠭᠠᠰᠤᠨ ᠤ ᠡᠷᠴᠢ ᠵᠤᠷᠢᠭ ᠢᠶᠠᠨ ᠬᠦᠪᠴᠢᠯᠡᠨ ᠭᠠᠷᠬᠤ ᠵᠠᠮ ᠢᠶᠠᠨ ᠡᠷᠢᠯᠬᠢᠯᠡᠭᠰᠡᠨ ᠡᠬᠢᠨ ᠤ ᠦᠶ᠎ᠡ ᠶᠢᠨ ᠳᠤᠬᠢᠷᠠᠯᠴᠠᠬᠰᠠᠨ ᠬᠠᠮᠳᠤ ᠶᠢᠨ ᠳᠠᠨᠢᠯᠳᠡ ᠪᠤᠯᠤᠨ᠎ᠠ᠃ ᠤᠳᠤᠬᠠᠨ ᠳᠤ᠂ ᠯᠦᠩᠺᠸᠤ ᠪᠠᠯᠭᠠᠰᠤ ᠪᠠᠯᠭᠠᠰᠤ ᠪᠠᠨ ᠬᠦᠴᠦᠷᠭᠡᠭᠵᠢᠬᠦᠯᠵᠤ ᠠᠷᠡᠳ ᠢᠶᠠᠨ ᠪᠠᠶᠠᠵᠢᠭᠤᠯᠬᠤ  ᠪᠠᠷ ᠭᠠᠷᠳᠡᠴᠡ ᠪᠤᠯᠭᠠᠵᠤ᠂ ᠤᠨᠴᠠᠯᠢᠬᠳᠤ ᠠᠵᠤ ᠦᠢᠯᠡᠰ ᠢ ᠬᠦᠴᠦᠷᠭᠡᠭᠵᠢᠬᠦᠯᠦᠨ ᠰᠤᠳᠤᠨᠵᠢᠭᠤᠯᠵᠤ ᠪᠠᠶᠢᠨ᠎ᠠ︔ ᠠᠮᠢ ᠠᠬᠤᠢ ᠶᠢ ᠤᠷᠢᠳᠠᠪᠡᠷ ᠪᠤᠳᠤᠯᠬᠢᠯᠠᠨ ᠪᠤᠬᠢᠷᠳᠤᠯ ᠦᠬᠡᠢ ᠬᠦᠭᠵᠢᠯᠳᠡ ᠪᠠᠷ ᠤᠳᠤᠷᠢᠳᠤᠮᠵᠢ ᠪᠤᠯᠭᠠᠵᠤ᠂《 ᠨᠢᠬᠡᠳᠦᠬᠡᠷ ᠬᠤᠶᠠᠳᠤᠭᠠᠷ ᠭᠤᠷᠪᠠᠳᠤᠭᠠᠷ ᠠᠵᠤ ᠦᠢᠯᠡᠰ ᠢ ᠠᠭᠤᠰᠤᠯᠴᠠᠭᠤᠯᠤᠨ ᠬᠦᠭᠵᠢᠬᠦᠯᠬᠦ》ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠰᠢᠨ᠎ᠡ ᠵᠠᠮ ᠢᠶᠠᠷ ᠳᠦᠷᠬᠡᠯᠡᠨ ᠤᠷᠤᠬᠰᠢᠯᠠᠵᠦ ᠪᠤᠢ᠃
ᠢᠷᠡᠯᠲᠡ᠄ 《 ᠦᠨᠦᠳᠦᠷ ᠤᠨ ᠵᠠᠬᠦᠠᠭᠠᠷ》ᠲᠠᠪᠴᠠᠩ