ᠪᠢᠴᠢᠯ ᠺᠢᠨᠣ᠋ ︽ᠡᠮᠡᠭᠲᠡᠢ · ᠬᠡᠦᠬᠡᠳ︾︾  ᠤᠳᠠᠯ ᠦᠭᠡᠢ ᠦᠵᠡᠭᠴᠢᠳ ᠲᠠᠢ ᠵᠤᠯᠭᠠᠬᠤ ᠪᠠᠷ ᠪᠠᠶᠢᠨ᠎ᠠ
ᠨᠡᠶᠢᠲᠡᠯᠡᠭᠰᠡᠨ ᠴᠠᠭ᠄
2022/6/1
     5 ᠰᠠᠷ᠎ᠠ ᠶᠢᠨ 24 ᠤ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠬᠤᠰᠢᠭᠤᠨ ᠤ ᠤᠶᠤᠨ ᠰᠠᠨᠠᠭᠠᠨ ᠤ ᠪᠣᠯᠪᠠᠰᠤᠨ ᠤ ᠪᠠᠶᠢᠭᠤᠯᠤᠯᠲᠠ ᠶᠢᠨ ᠠᠯᠪᠠᠨ ᠭᠡᠷ ᠠᠴᠠ ᠭᠤᠣᠯᠯᠠᠨ ᠡᠷᠭᠢᠯᠡᠵᠦ᠂ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ ᠠᠴᠠ ᠬᠠᠮᠵᠢᠯᠴᠠᠨ ᠡᠷᠭᠢᠯᠡᠭᠰᠡᠨ ᠪᠢᠴᠢᠯ ᠺᠢᠨᠣ᠋ ︽ᠡᠮᠡᠭᠲᠡᠢ · ᠬᠡᠦᠬᠡᠳ︾ ᠢ ᠨᠡᠶᠢᠲᠡᠯᠡᠬᠦ ᠶᠣᠰᠣᠯᠠᠯ ᠰᠢᠤᠸᠠᠢ ᠵᠢᠶᠠ ᠸᠠᠨ ᠤ ᠢ ᠪᠧᠨ ᠬᠤᠤ ᠱᠤ᠋ ᠨᠣᠮ ᠤᠨ ᠳᠡᠯᠭᠡᠭᠦᠷ ᠲᠤ ᠶᠠᠪᠤᠭᠳᠠᠯ᠎ᠠ᠃ ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠲᠡᠰ ᠤᠨ ᠳᠠᠷᠤᠭ᠎ᠠ ᠬᠠᠨ ᠶᠠᠨ ᠨᠡᠶᠢᠲᠡᠯᠡᠬᠦ ᠶᠣᠰᠣᠯᠠᠯ ᠳᠤ ᠣᠷᠣᠯᠴᠠᠭᠰᠠᠨ ᠪᠥᠭᠡᠳ ᠪᠠᠶᠠᠷ ᠤᠨ ᠦᠭᠡ ᠬᠡᠯᠡᠵᠦ᠂ ᠬᠤᠰᠢᠭᠤᠨ ᠤ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠲᠠᠨ ᠪᠠ ᠪᠢᠴᠢᠯ ᠺᠢᠨᠣ᠋  ︽ᠡᠮᠡᠭᠲᠡᠢ ·  ·ᠬᠡᠦᠬᠡᠳ︾  ᠤᠨ ᠭᠤᠣᠯ  ᠵᠤᠬᠢᠶᠠᠨ ᠪᠦᠲᠦᠭᠡᠭᠴᠢ ᠨᠠᠷ ᠨᠡᠶᠢᠲᠡᠯᠡᠬᠦ ᠶᠣᠰᠣᠯᠠᠯ ᠳᠤ ᠣᠷᠣᠯᠴᠠᠵᠤ ᠬᠥᠰᠢᠭᠡ ᠰᠡᠬᠦᠪᠡ᠃
微电影1.jpg     ᠪᠢᠴᠢᠯ ᠺᠢᠨᠣ᠋ ︽ᠡᠮᠡᠭᠲᠡᠢ ·  ᠬᠡᠤᠬᠡᠳ︾ ᠪᠣᠯ ᠵᠡᠭᠦᠨᠭᠠᠷ ᠬᠤᠰᠢᠭᠤᠨ ᠤ ᠳᠣᠯᠣᠳᠤᠭᠠᠷ ᠬᠤᠭᠤᠴᠠᠭᠠᠨ ᠤ ᠬᠤᠲᠠ ᠶᠢᠨ ᠲᠠᠰ ᠤᠨ ᠨᠠᠰᠤᠲᠠᠨ ᠢᠶᠠᠨ ᠠᠴᠢᠯᠠᠵᠤ 
ᠦᠷ᠎ᠠ ᠬᠡᠤᠬᠡᠳ ᠢᠶᠠᠨ ᠬᠠᠶᠢᠷᠠᠯᠠᠬᠤ ᠶᠣᠰᠣ ᠰᠤᠷᠲᠠᠬᠤᠨ ᠤ ᠵᠢᠱᠢᠶᠡᠴᠢ ᠵᠣᠣ ᠼᠠᠢ ᠫᠢᠩ ᠤᠨ ᠦᠨᠡᠨ ᠪᠣᠳᠠᠲᠠᠢ ᠦᠶᠯᠡ ᠠᠵᠢᠯᠯᠠᠭ᠎ᠠ ᠶᠢ ᠦᠨᠳᠦᠰᠦᠯᠡᠨ ᠥᠭᠡᠷᠡᠴᠢᠯᠡᠨ ᠨᠠᠶᠢᠷᠠᠭᠤᠯᠵᠤ ᠵᠤᠬᠢᠶᠠᠨ ᠪᠦᠳᠤᠭᠡᠭᠰᠡᠨ ᠶᠤᠮ᠃ ᠵᠤᠤ ᠼᠠᠢ ᠫᠢᠩ ᠳᠡᠭᠦᠦ ᠪᠠᠨ ᠠᠯᠳᠠᠵᠤ᠂ ᠢᠳᠡᠷ ᠵᠠᠯᠠᠭᠤ ᠨᠠᠰᠤᠨ ᠳᠠᠭᠠᠨ ᠡᠷ᠎ᠡ ᠨᠦᠬᠦᠷ ᠠᠴᠠ ᠪᠠᠨ  ᠬᠠᠭᠠᠴᠠᠨ ᠰᠠᠯᠠᠵᠤ᠂ ᠨᠠᠰᠤ ᠠᠬᠢᠭᠰᠠᠨ ᠠᠪᠤ ᠡᠵᠢ ᠪᠠᠨ ᠠᠴᠢᠯᠠᠨ ᠠᠰᠠᠷᠠᠬᠤ ᠶᠢᠨ ᠳᠠᠭᠠᠤ ᠬᠤᠶᠠᠷ ᠨᠢᠯᠬ᠎ᠠ ᠬᠡᠦᠬᠡᠳ ᠢᠶᠠᠨ  ᠦᠰᠭᠡᠨ ᠬᠦᠮᠤᠵᠢᠬᠦᠯᠵᠤ᠂ ᠠᠮᠢᠳᠤᠷᠠᠯ ᠤᠨ  ᠬᠠᠳᠠᠭᠤ ᠪᠡᠷᠭᠡ ᠬᠦᠴᠢᠷ ᠵᠣᠪᠠᠯᠠᠩ  ᠢ ᠵᠥᠭᠡᠯᠡᠨ ᠪᠠᠭᠤᠷᠠᠢ ᠮᠥᠷᠥ ᠪᠠᠷ ᠢᠶᠠᠨ ᠳᠤᠯᠵᠤ᠂ ᠨᠢᠭᠡ ᠭᠡᠷ ᠪᠦᠯᠢ ᠶᠢ ᠲᠤᠯᠭᠠᠭᠤᠷᠢᠯᠠᠭᠰᠠᠨ ᠦᠯᠢᠭᠡᠷ ᠢ ᠶᠠᠷᠢᠵᠤ᠂ ᠭᠤᠣᠯ ᠪᠠᠭᠠᠲᠤᠷ ᠵᠤᠤ ᠼᠠᠢ ᠫᠢᠩ ᠤᠨ ᠪᠡᠶ᠎ᠡ ᠳᠡᠭᠡᠷ᠎ᠡ ᠳᠤᠮᠳᠠᠳᠤ ᠤᠯᠤᠰ ᠤᠨ ᠡᠮᠡᠭᠲᠡᠶᠢᠴᠦᠳ ᠤᠨ ᠴᠠᠶᠢᠯᠭᠠᠨ ᠴᠠᠭᠠᠪᠤᠷ ᠰᠡᠳᠬᠢᠯ ᠪᠠ ᠡᠷᠡᠰ ᠬᠠᠲᠠᠭᠤ ᠵᠠᠩ ᠴᠢᠨᠠᠷ ᠢ ᠲᠥᠪᠯᠡᠷᠡᠭᠦᠯᠦᠨ ᠢᠯᠡᠷᠡᠭᠦᠯᠵᠦ᠂ ᠥᠷᠭᠡᠨ ᠤᠯᠠᠨ ᠬᠤᠳᠠ ᠶᠢᠨ ᠠᠷᠠᠳ ᠤᠨ ᠰᠤᠷᠤᠯᠴᠠᠬᠤ ᠬᠡᠪ ᠳᠠᠭᠤᠷᠢᠶᠠᠯ ᠪᠣᠯᠤᠭᠰᠠᠨ ᠪᠠᠶᠢᠨ᠎ᠠ᠃
微电影2.jpg    ᠶᠣᠰᠣᠯᠠᠯ ᠳᠤ ᠵᠢᠭᠠᠵᠤ ᠭᠠᠷᠭᠠᠬᠤ ᠳᠠᠭᠠᠨ᠂ ᠪᠢᠴᠢᠯ ᠺᠢᠨᠣ᠋ ᠶᠢᠨ ᠬᠡᠯᠪᠡᠷᠢ ᠪᠠᠷ ᠶᠣᠰᠣ ᠮᠣᠷᠠᠯ ᠤᠨ ᠵᠢᠱᠢᠶᠡᠴᠢ ᠶᠢᠨ ᠰᠡᠳᠬᠢᠯ ᠬᠥᠳᠡᠯᠭᠡᠮ᠎ᠡ ᠦᠢᠯᠡ ᠠᠵᠢᠯᠯᠠᠭ᠎ᠠ
 ᠶᠢ ᠳᠡᠯᠭᠡᠨ ᠦᠵᠡᠭᠦᠯᠬᠦ ᠪᠣᠯ ᠶᠣᠰᠣ ᠮᠣᠷᠠᠯ ᠤᠨ ᠵᠢᠱᠢᠶᠡᠴᠢ ᠳᠤ ᠡᠷᠬᠢᠮ ᠳᠡᠭᠡᠳᠦ ᠬᠦᠨᠳᠦᠳᠬᠡᠯ ᠪᠣᠯᠬᠤ ᠪᠥᠭᠡᠳ ᠨᠡᠩ ᠴᠤ ᠨᠡᠶᠢᠭᠡᠮ ᠳᠤ ᠭᠠᠷᠭᠠᠭᠰᠠᠨ ᠶᠣᠰᠣ ᠮᠣᠷᠠᠯ ᠤᠨ ᠰᠠᠨᠠᠭᠠᠴᠢᠯᠠᠭ᠎ᠠ  ᠪᠤᠯᠤᠨ᠎ᠠ᠃ ᠵᠡᠬᠦᠠᠭᠠᠷ ᠬᠤᠰᠢᠭᠤᠨ ᠳᠤ ᠤᠳᠤᠬᠠᠨ ᠳᠤ ᠡᠯ᠎ᠡ ᠱᠠᠲᠤᠨ ᠤ ᠡᠯ᠎ᠡ ᠲᠥᠷᠥᠯ ᠤᠨ ᠶᠣᠰᠣ ᠰᠤᠷᠲᠠᠬᠤᠨ ᠤ ᠵᠢᠱᠢᠶᠡᠴᠢ 94 ᠬᠥᠮᠥᠨ᠂ ᠡᠯ᠎ᠡ ᠱᠠᠲᠤᠨ ᠤ ᠡᠯ᠎ᠡ ᠲᠥᠷᠥᠯ ᠤᠨ ᠳᠡᠷᠭᠡᠳᠡᠬᠢ ᠰᠠᠶᠢᠨ ᠬᠥᠮᠥᠨ 125 ᠬᠥᠮᠥᠨ᠂ ᠡᠯ᠎ᠡ ᠱᠠᠲᠤᠨ ᠤ ᠪᠣᠯᠪᠠᠰᠤᠨ ᠭᠡᠷ ᠪᠦᠯᠢ 62 ᠡᠷᠦᠬᠡ᠂ ᠲᠠᠪᠤᠨ ᠣᠳᠣᠨ ᠲᠠᠰ ᠤᠨ ᠰᠠᠶᠢᠨ ᠳᠤᠷ᠎ᠠ ᠶᠢᠨ ᠠᠵᠢᠯᠯᠠᠭᠴᠢ 123 ᠬᠥᠮᠥᠨ ᠪᠣᠶ᠃ ᠲᠡᠳᠡ ᠥᠪᠡᠷ ᠤᠨ  ᠪᠤᠶᠠᠨ ᠤ ᠶᠠᠪᠤᠳᠠᠯ ᠵᠢᠷᠤᠮ ᠤᠨ ᠠᠵᠢᠯᠯᠠᠭ᠎ᠠ ᠪᠣᠯᠣᠨ ᠡᠷᠡᠰ ᠪᠠᠲᠤ ᠪᠠᠷᠢᠮᠲᠠᠯᠠᠯ ᠢᠶᠠᠷ ᠢᠶᠠᠨ ᠥᠭᠡᠳᠡᠯᠡᠨ ᠲᠠᠪᠰᠢᠬᠤ ᠨᠡᠶᠢᠭᠡᠮ ᠤᠨ ᠬᠡᠪ ᠰᠤᠷᠲᠠᠯ ᠢ ᠬᠥᠲᠥᠯᠥᠨ ᠳᠠᠭᠠᠭᠤᠯᠵᠤ᠂ ᠵᠡᠭᠦᠨᠭᠠᠷ  ᠤᠨ ᠬᠠᠶᠢᠷ᠎ᠠ ᠬᠠᠯᠠᠮᠵᠢᠳᠤ ᠤᠷᠴᠢᠨ ᠠᠬᠤᠢ ᠶᠢ ᠪᠦᠷᠢᠯᠳᠦᠬᠦᠯᠵᠡᠢ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠡᠳᠡᠭᠡᠷ ᠲᠡᠷᠢᠭᠦᠨ ᠤ ᠨᠡᠶᠢᠲᠡᠯᠢᠭ ᠵᠢᠱᠢᠶ᠎ᠡ ᠶᠢᠨ ᠵᠢᠱᠢᠶ᠎ᠡ ᠦᠵᠡᠭᠦᠯᠵᠦ ᠳᠠᠶᠢᠴᠢᠯᠠᠬᠤ ᠦᠢᠯᠡᠳᠦᠯ ᠢ ᠭᠦᠢᠴᠡᠳ ᠪᠠᠳᠠᠷᠠᠭᠤᠯᠤᠨ᠂  ᠳᠠᠭᠤᠷᠢᠶᠠᠯ ᠠᠴᠠ ᠲᠠᠭᠠᠨ ᠰᠤᠷᠤᠯᠴᠠᠬᠤ᠂ ᠰᠠᠶᠢᠨ ᠰᠠᠶᠢᠬᠠᠨ ᠢ  ᠡᠷᠬᠢᠮᠯᠡᠬᠦ ᠭᠦᠨ ᠵᠤᠵᠠᠭᠠᠨ ᠠᠭᠤᠷ ᠠᠮᠢᠰᠬᠤᠯ ᠢ ᠪᠤᠢ ᠪᠣᠯᠭᠠᠵᠤ᠂ ᠶᠣᠰᠣ ᠰᠤᠷᠲᠠᠬᠤᠨ ᠢ ᠡᠷᠬᠢᠮᠯᠡᠬᠦ᠂ ᠶᠣᠰᠣ ᠰᠤᠷᠲᠠᠬᠤᠨ ᠢ ᠬᠦᠨᠳᠦᠳᠬᠡᠬᠦ᠂ ᠶᠣᠰᠣ ᠰᠤᠷᠲᠠᠬᠤᠨ ᠢ ᠰᠠᠬᠢᠬᠤ ᠨᠡᠶᠢᠭᠡᠮ ᠤᠨ ᠬᠡᠪ ᠰᠤᠷᠲᠠᠯ ᠢ ᠪᠤᠢ ᠪᠣᠯᠭᠠᠵᠤ᠂ ᠰᠢᠨ᠎ᠡ ᠴᠠᠭ ᠦᠶ᠎ᠡ ᠶᠢᠨ ᠠᠷᠠᠳ ᠢᠷᠭᠡᠳ ᠤᠨ ᠶᠣᠰᠣ ᠰᠤᠷᠲᠠᠬᠤᠨ ᠤ ᠪᠠᠶᠢᠭᠤᠯᠤᠯᠲᠠ ᠶᠢ ᠠᠬᠢᠭᠤᠯᠤᠨ᠂ ᠬᠤᠳᠠ ᠬᠥᠳᠡᠭᠡ ᠶᠢᠨ ᠰᠠᠭᠤᠭᠠᠯᠢ ᠠᠷᠠᠳ ᠤᠨ ᠪᠣᠯᠪᠠᠰᠤᠨ ᠬᠡᠪ  ᠪᠤᠯᠪᠠᠰᠤᠷᠠᠯ ᠪᠣᠯᠣᠨ ᠭᠠᠵᠠᠷ ᠣᠷᠣᠨ ᠤ ᠪᠣᠯᠪᠠᠰᠤᠨ ᠤ  ᠳᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠬᠡᠷᠡᠭᠲᠡᠢ ᠭᠡᠪᠡ᠃
微电影3.jpg     ᠣᠶᠢᠯᠠᠭᠠᠭᠰᠠᠨ ᠢᠶᠠᠷ᠂ ᠪᠢᠴᠢᠯ ᠺᠢᠨᠣ᠋ ︽ᠡᠮᠡᠭᠲᠡᠢ ·  ᠬᠡᠤᠬᠡᠳ︾ ᠨᠢ ᠭᠤᠣᠯᠳᠠᠭᠤ ᠬᠡᠦᠬᠡᠨ ᠤ  ᠬᠢᠨᠢ ᠬᠠᠷᠠᠭᠠᠰᠤ ᠠᠴᠠ ᠡᠵᠢ ᠶᠢᠨ ᠢᠶᠠᠨ ᠬᠡᠷᠬᠢᠨ ︽ᠰᠠᠶᠢᠨ
ᠬᠡᠦᠬᠡᠳ︾ ︽ᠰᠠᠶᠢᠨ  ᠪᠦᠰᠡᠬᠦᠢ︾ ︽ᠰᠠᠶᠢᠨ ᠡᠵᠢ︾ ᠪᠣᠯᠬᠤ ᠶᠢ ᠠᠵᠢᠭᠯᠠᠵᠤ᠂ ᠡᠭᠦᠨ ᠢᠶᠠᠷ ᠦᠵᠡᠭᠴᠢᠳ ᠤᠨ ᠥᠷᠥ ᠡᠪᠡᠳᠦᠯ ᠪᠠ ᠬᠠᠮᠲᠤ ᠶᠢᠨ ᠬᠦᠷᠢᠶᠡᠯᠡᠯ ᠢ ᠣᠯᠵᠤ᠂ ︽ᠡᠵᠢ︾ ᠶᠢᠨ ᠪᠡᠶ᠎ᠡ ᠳᠤ ᠠᠭᠤᠯᠤᠬᠳᠠᠵᠤ ᠪᠠᠶᠢᠭ᠎ᠠ ᠰᠢᠯᠢᠳᠡᠭ ᠵᠠᠩ ᠴᠢᠨᠠᠷ ᠢ ᠢᠯᠡᠷᠡᠭᠦᠯᠦᠭᠰᠡᠨ ᠪᠠᠶᠢᠨ᠎ᠠ᠃ ᠦᠵᠡᠭᠴᠢᠳ ᠰᠤᠨᠢᠷᠬᠠᠨ ᠦᠵᠡᠭᠰᠡᠨ ᠤ ᠳᠠᠷᠠᠭ᠎ᠠ᠂ ᠳᠤᠮᠳᠠᠳᠤ ᠤᠯᠤᠰ ᠤᠨ ᠡᠮᠡᠭᠲᠡᠶᠢᠴᠦᠳ ᠤᠨ ︽ᠬᠠᠯᠠᠭᠤᠨ ᠳᠣᠲᠣᠨᠣ᠂  ᠴᠡᠪᠡᠷ ᠴᠠᠶᠢᠯᠭᠠᠨ᠂ ᠦᠨᠡᠨᠴᠢ ᠰᠢᠳᠤᠷᠭᠤ᠂ ᠡᠷᠡᠰ ᠬᠠᠳᠠᠭᠤ᠂  ᠳᠤᠳᠤᠷ ᠳᠠᠮᠢᠷ  ᠲᠠᠢ︾ ᠤᠯᠠᠮᠵᠢᠯᠠᠯᠲᠤ ᠰᠠᠶᠢᠨ ᠰᠠᠶᠢᠬᠠᠨ ᠰᠤᠷᠲᠠᠯ ᠢ ᠭᠦᠨᠵᠡᠭᠡᠢ ᠣᠶᠢᠯᠠᠭᠠᠵᠤ ᠪᠣᠯᠣᠨ᠎ᠠ᠃ᠵᠢᠷᠤᠭ 
ᠢᠷᠡᠯᠲᠡ᠄ ︽ᠥᠨᠥᠳᠥᠷ ᠤᠨ ᠵᠡᠭᠦᠨᠭᠠᠷ︾ ᠳᠠᠪᠴᠠᠩ