ᠵᠡᠬᠦᠡᠭᠠᠷ ᠬᠤᠰᠢᠭᠤ 60 ᠪᠦᠬᠦᠯᠢ ᠨᠠᠰᠤᠨ ᠠᠴᠠ ᠲᠡᠭᠡᠭᠰᠢᠬᠢ ᠨᠠᠰᠤᠳᠠᠶᠢᠴᠤᠳ ᠠᠴᠠ ᠰᠦᠢᠳᠬᠡᠯ ᠬᠤᠷᠢᠶᠡᠬᠤ ᠦᠬᠡᠢ ᠪᠤᠯᠪᠠ
ᠨᠡᠶᠢᠲᠡᠯᠡᠭᠰᠡᠨ ᠴᠠᠭ᠄
2022/5/10
     2022 ᠤᠨ ᠳᠤ᠂ ᠤᠷᠳᠤᠰ ᠬᠤᠳᠠ ᠦᠷᠬᠦᠯᠵᠢᠯᠡᠨ 60 ᠪᠦᠬᠦᠯᠢ ᠨᠠᠰᠤᠨ ︵60 ᠪᠦᠬᠦᠯᠢ ᠨᠠᠰᠤ ᠶᠢ ᠪᠠᠭᠳᠠᠭᠠᠨ᠎ᠠ︶ ᠠᠴᠠ ᠲᠡᠭᠡᠭᠰᠢᠬᠢ ᠡᠷᠦᠬᠡ ᠠᠮᠠ  ᠶᠢᠨ ᠲᠤᠭ᠎ᠠ ᠲᠠᠢ ᠨᠠᠰᠤᠳᠠᠶᠢᠴᠤᠳ ᠲᠤ ᠰᠠᠨᠠᠭᠠᠨ ᠳᠤ ᠦᠬᠡᠢ ᠬᠡᠮᠳᠦᠯ ᠤᠨ ᠳᠠᠭᠠᠳᠬᠠᠯ ᠢ ᠬᠤᠳᠠᠯᠳᠤᠨ ᠠᠪᠴᠤ ᠦᠭᠬᠦ ᠪᠠᠷ ᠪᠤᠯᠪᠠ᠃ ᠰᠢᠨ᠎ᠡ ᠳᠠᠭᠠᠳᠬᠠᠯ ᠤᠨ ᠬᠤᠭᠤᠴᠠᠭ᠎ᠠ ᠨᠢ᠄ 2022 ᠤᠨ ᠤ 4 ᠰᠠᠷ᠎ᠡ ᠶᠢᠨ 7 ᠤ ᠡᠳᠦᠷ ᠤᠨ 0 ᠴᠠᠭ ᠠᠴᠠ 2023 ᠤᠨ ᠤ 4 ᠰᠠᠷ᠎ᠡ ᠶᠢᠨ 6 ᠤ ᠡᠳᠦᠷ ᠤᠨ 24 ᠴᠠᠭ ᠪᠤᠯᠳᠠᠯ᠎ᠠ᠃      ᠳᠠᠭᠠᠳᠬᠠᠯ ᠤᠨ ᠳᠦᠰᠤᠯ ᠢ ᠦᠨᠳᠦᠰᠦᠯᠡᠪᠡᠯ᠂ ᠳᠠᠭᠠᠳᠬᠠᠯ ᠳᠤ ᠤᠷᠤᠬᠰᠠᠳ ᠪᠦᠬᠦ ᠤᠯᠤᠰ ᠤᠨ ᠬᠡᠪᠴᠢᠶᠡᠨ ᠳᠤ ︵ᠰᠢᠶᠠᠩᠭᠠᠡᠭ᠂ ᠤᠤᠮᠧᠨ᠂ ᠳᠠᠶᠢᠸᠠᠨ  ᠠᠴᠠ ᠭᠠᠳᠠᠨ᠎ᠠ︶  ᠰᠠᠨᠠᠭᠠᠨ ᠳᠤ ᠦᠬᠡᠢ ᠠᠳᠡᠯ ᠳᠤ ᠤᠴᠠᠷᠠᠨ ᠨᠠᠰᠤ ᠪᠠᠷᠠᠬᠰᠠᠨ᠂ ᠵᠡᠮᠳᠡᠭ ᠪᠤᠯᠤᠬᠰᠠᠨ ᠪᠤᠶᠤ ᠡᠰᠡᠬᠦᠯ᠎ᠠ ᠡᠮᠨᠡᠬᠦᠯᠦᠭᠰᠡᠨ ᠪᠠᠶᠢᠪᠠᠯ ᠬᠡᠷ᠎ᠡ ᠳᠤ ᠪᠤᠯᠵᠤᠨ ᠳᠤᠬᠳᠠᠬᠰᠠᠨ ᠶᠤᠰᠤᠭᠠᠷ ᠰᠠᠨᠠᠭᠠᠨ ᠳᠤ ᠦᠬᠡᠢ ᠨᠠᠰᠤ ᠪᠠᠷᠠᠬᠰᠠᠨ ᠳᠠᠭᠠᠳᠬᠠᠯ ᠤᠨ ᠮᠦᠡᠭᠬᠦ᠂ ᠰᠠᠨᠠᠭᠠᠨ ᠳᠤ ᠦᠬᠡᠢ ᠵᠡᠮᠳᠡᠭ ᠪᠤᠯᠤᠬᠰᠠᠨ ᠳᠠᠭᠠᠳᠬᠠᠯ ᠪᠤᠶᠤ ᠬᠡᠨᠡᠳᠡᠯ ᠤᠨ ᠡᠮ ᠡᠮᠨᠡᠯᠬᠡ ᠶᠢᠨ ᠳᠠᠭᠠᠳᠬᠠᠯ ᠤᠨ ᠮᠦᠡᠭᠬᠦ ᠶᠢ ᠤᠯᠭᠤᠨ᠎ᠠ᠃ ᠰᠠᠨᠠᠭᠠᠨ ᠳᠤ ᠦᠬᠡᠢ ᠬᠡᠮᠳᠤᠯ ᠳᠤ ᠬᠡᠷ ᠤᠨ ᠳᠤᠳᠤᠨ᠎ᠡ ᠭᠠᠳᠠᠨᠠᠬᠢ ᠪᠠ ᠤᠯᠠᠨ ᠨᠡᠶᠢᠳᠡ  ᠶᠢᠨ ᠳᠠᠯᠠᠪᠤᠷ ᠲᠤ ᠡᠬᠦᠰᠦᠭᠰᠡᠨ ᠰᠠᠨᠠᠭᠠᠨ ᠳᠤ ᠦᠬᠡᠢ ᠬᠡᠮᠳᠤᠯ  ︵ᠨᠤᠳᠤᠷᠴᠤ ᠮᠦᠷᠬᠦᠬᠦ᠂ ᠦᠨᠳᠦᠷ ᠳᠡᠬᠡᠷ᠎ᠡ ᠠᠴᠠ ᠪᠤᠳᠠᠰ ᠤᠨᠠᠬᠤ᠂ ᠵᠠᠮ ᠶᠠᠪᠤᠭᠠᠳ ᠤᠶᠢᠴᠢᠬᠤ ᠂ ᠴᠠᠬᠢᠯᠭᠠᠨ ᠳᠤ ᠲᠠᠭᠠᠷᠢᠬᠳᠠᠬᠤ᠂ ᠤᠰᠤᠨ ᠳᠤ ᠵᠢᠪᠬᠦ ᠵᠡᠷᠬᠡ ᠪᠠᠭᠳᠠᠨ᠎ᠠ︶ ᠵᠢᠴᠢ ᠳᠡᠷᠬᠡ ᠮᠠᠰᠢᠨ ᠳᠤ ᠰᠠᠭᠤᠬᠤ᠂ ᠤᠯᠠᠨ ᠨᠡᠶᠢᠳᠡ ᠶᠢᠨ ᠳᠠᠯᠠᠪᠤᠷ ᠤᠨ ᠠᠵᠢᠯᠯᠠᠭ᠎ᠠ  ᠳᠤ ᠤᠷᠤᠯᠴᠠᠬᠤ᠂ ᠨᠠᠰᠤᠳᠠᠨ ᠢ ᠠᠰᠠᠷᠡᠬᠤ ᠬᠦᠷᠢᠶᠡᠯᠡᠩ ᠳᠤ ᠰᠠᠭᠤᠬᠤ᠂ ᠭᠠᠳᠠᠬᠰᠢ ᠭᠠᠷᠴᠤ ᠵᠤᠭᠠᠴᠠᠭᠠᠳ ᠡᠬᠦᠰᠦᠭᠰᠡᠨ ᠰᠠᠨᠠᠭᠠᠨ ᠳᠤ ᠦᠬᠡᠢ ᠬᠡᠮᠳᠦᠯ ᠵᠡᠷᠬᠡ ᠪᠠᠭᠳᠠᠨ᠎ᠠ᠃       ᠳᠠᠭᠠᠳᠬᠠᠯ ᠳᠤ ᠤᠷᠤᠬᠰᠠᠳ ᠨᠢ᠄ 2022 ᠤᠨ ᠤ 3 ᠰᠠᠷ᠎ᠡ ᠶᠢᠨ 15 ᠤ ᠡᠳᠦᠷ ︵ᠲᠤᠰ ᠡᠳᠦᠷ ᠢ ᠪᠠᠭᠳᠠᠭᠠᠨ᠎ᠠ︶ ᠠᠴᠠ ᠡᠮᠦᠨ᠎ᠡ ᠤᠷᠳᠤᠰ ᠤᠨ ᠡᠷᠦᠬᠡ ᠠᠮᠠ ᠶᠢᠨ ᠲᠤᠭ᠎ᠠ ᠲᠠᠢ 60  ᠪᠦᠬᠦᠯᠢ ᠨᠠᠰᠤᠨ ᠠᠴᠠ ᠲᠡᠭᠡᠭᠰᠢᠬᠢ ︵60  ᠪᠦᠬᠦᠯᠢ ᠨᠠᠰᠤ ᠶᠢ ᠪᠠᠭᠳᠠᠭᠠᠨ᠎ᠠ︶ ᠨᠠᠰᠤᠳᠠᠶᠢᠴᠤᠳ ᠪᠤᠯᠤᠨ᠎ᠠ᠃ ᠤᠷᠳᠤᠰ ᠬᠤᠳᠠ ᠶᠢᠨ ᠨᠠᠰᠤᠳᠠᠶᠢᠴᠤᠳ ᠤᠨ ᠰᠠᠨᠠᠭᠠᠨ ᠳᠤ ᠦᠬᠡᠢ ᠬᠡᠮᠳᠦᠯ ᠤᠨ ᠳᠠᠭᠠᠳᠬᠠᠯ ᠨᠢ ᠨᠠᠰᠤᠨ ᠤ ᠬᠢᠵᠠᠭᠠᠷ ᠬᠡᠵᠦ ᠦᠬᠡᠢ ᠪᠠᠶᠢᠵᠦ᠂ ᠳᠠᠭᠠᠳᠬᠠᠯ ᠤᠨ ᠰᠦᠢᠳᠬᠡᠯ  ᠢ ᠵᠠᠰᠠᠭ ᠤᠨ ᠤᠷᠳᠤᠨ ᠠᠴᠠ ᠳᠠᠭᠠᠭᠠᠨ᠎ᠠ᠃       ᠳᠠᠭᠠᠳᠬᠠᠯ ᠤᠨ ᠲᠦᠯᠦᠪᠤᠷᠢ ᠶᠢᠨ ᠪᠠᠷᠢᠮᠵᠢᠶ᠎ᠡ᠄ ᠶᠡᠷᠦᠩᠬᠡᠢ ᠲᠠᠭᠠᠳᠬᠠᠯ ᠤᠨ ᠳᠤᠭ᠎ᠠ ᠨᠢ ᠬᠦᠮᠦᠨ ᠪᠦᠷᠢ 25000 ᠳᠦᠬᠦᠷᠢᠭ ᠪᠠᠶᠢᠵᠦ᠂ ᠡᠬᠦᠨ ᠳᠤ ᠰᠠᠨᠠᠭᠠᠨ ᠳᠤ ᠦᠬᠡᠢ ᠬᠡᠮᠳᠦᠯ ᠢᠶᠠᠷ ᠨᠠᠰᠤ ᠪᠠᠷᠠᠬᠰᠠᠨ᠂ ᠵᠡᠮᠳᠡᠭ ᠪᠤᠯᠤᠬᠰᠠᠨ ᠳᠠᠭᠠᠳᠬᠠᠯ ᠤᠨ ᠮᠦᠡᠭᠬᠦ ᠨᠢ 20000 ᠳᠦᠬᠦᠷᠢᠭ᠂ ᠰᠠᠨᠠᠭᠠᠨ ᠳᠤ ᠦᠬᠡᠢ ᠬᠡᠮᠳᠤᠯ  ᠤᠨ ᠡᠮᠴᠢᠯᠡᠭᠡ ︵ᠡᠬᠦᠳᠡᠨ ᠡᠮᠨᠡᠯᠬᠡ ᠪᠠ ᠡᠮᠨᠡᠯᠬᠡ ᠶᠢᠨ ᠬᠤᠷᠢᠶ᠎ᠡ ᠳᠤ ᠰᠠᠭᠤᠬᠤ ᠪᠠᠭᠳᠠᠨ᠎ᠠ︶  ᠨᠢ 5000 ᠳᠦᠬᠦᠷᠢᠭ ᠪᠤᠢ  ︵ᠡᠬᠦᠨ ᠳᠤ ᠤᠨᠴᠠᠭᠠᠢ ᠬᠦᠴᠢᠷᠳᠡᠯ  ᠲᠠᠢ ᠨᠠᠰᠤᠳᠠᠶᠢᠴᠤᠳ〈 ᠨᠠᠭᠠᠳᠤ ᠵᠠᠬ᠎ᠠ ᠶᠢᠨ ᠪᠠᠳᠤᠯᠠᠭ᠎ᠠ ᠲᠠᠢ᠂ ᠤᠨᠴᠠ ᠬᠦᠴᠢᠷᠳᠡᠯ ᠲᠠᠢ᠂ ᠬᠠᠷᠠᠭᠠᠯᠵᠠᠬᠤ ᠡᠳᠡᠬᠡᠳ᠂ ᠳᠦᠯᠦᠪᠯᠡᠬᠡᠳᠦ ᠬᠦᠡᠭᠬᠡᠵᠢᠯ ᠤᠨ ᠤᠨᠴᠠᠭᠠᠢ ᠬᠡᠷ ᠪᠦᠯᠢ᠂ ᠵᠡᠮᠳᠡᠭ ᠵᠡᠷᠬᠡ ᠨᠠᠰᠤᠳᠠᠶᠢᠴᠤᠳ ᠪᠠᠭᠳᠠᠨ᠎ᠠ 〉ᠰᠠᠨᠠᠭᠠᠨ ᠳᠤ ᠦᠬᠡᠢ ᠬᠡᠮᠳᠦᠯ ᠤᠨ ᠡᠮᠴᠢᠯᠡᠭᠡ〈 ᠡᠬᠦᠳᠡᠨ ᠡᠮᠨᠡᠯᠬᠡ ᠪᠠ ᠡᠮᠨᠡᠯᠬᠡ ᠶᠢᠨ ᠬᠤᠷᠢᠶ᠎ᠡ ᠳᠤ ᠰᠠᠭᠤᠬᠤ ᠪᠠᠭᠳᠠᠨ᠎ᠠ 〉 ᠶᠢᠨ ᠲᠠᠭᠠᠳᠬᠠᠯ ᠤᠨ ᠳᠤᠭ᠎ᠠ ᠶᠢ ᠦᠰᠬᠡᠬᠡᠳ 8000 ᠳᠦᠬᠦᠷᠢᠭ ᠪᠤᠯᠭᠠᠪᠠ︶᠃       ᠳᠠᠭᠠᠳᠬᠠᠯ ᠢ ᠲᠠᠭᠠᠭᠠᠴᠢᠯᠠᠬᠰᠠᠨ ᠺᠤᠮᠫᠠᠨᠢ ᠪᠤᠯ᠄ ᠳ᠋ᠦᠡᠭᠱᠸᠡᠭ ᠳᠤᠭᠤᠷᠢᠭ᠂ ᠳᠠᠯᠠᠳ ᠬᠤᠰᠢᠭᠤ᠂ ᠬᠢᠶ᠎ᠡ ᠪᠠᠭᠰᠢ ᠳᠤᠭᠤᠷᠢᠭ ᠤᠨ ᠳᠠᠭᠠᠳᠬᠠᠯ ᠢ ᠲᠠᠭᠠᠭᠠᠴᠢᠯᠠᠬᠰᠠᠨ ᠺᠤᠮᠫᠠᠨᠢ ᠨᠢ ᠳᠤᠮᠳᠠᠳᠤ ᠤᠯᠤᠰ ᠤᠨ ᠫᠢᠡᠭ ᠠᠨ ᠡᠳ᠋ ᠬᠦᠷᠦᠩᠬᠡ ᠶᠢᠨ ᠳᠠᠭᠠᠳᠬᠠᠯ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠶᠢᠨ ᠤᠷᠳᠤᠰ ᠲᠠᠬᠢ ᠬᠤᠪᠢᠶᠠᠷᠢ ᠺᠤᠮᠫᠠᠨᠢ ︵ᠬᠡᠷᠡᠭ ᠮᠡᠳᠡᠬᠦᠯᠦᠨ ᠳᠦᠯᠦᠬᠦᠯᠬᠦ ᠤᠳᠠᠰᠤ 95511︶︔ ᠡᠵᠡᠨ ᠬᠤᠷᠤᠭ᠎ᠠ ᠬᠤᠰᠢᠭᠤ᠂ ᠵᠡᠬᠦᠡᠭᠠᠷ ᠬᠤᠰᠢᠭᠤ᠂ ᠦᠤᠰᠢᠨ ᠬᠤᠰᠢᠭᠤᠨ ᠤ ᠳᠠᠭᠠᠳᠬᠠᠯ ᠢ ᠲᠠᠭᠠᠭᠠᠴᠢᠯᠠᠬᠰᠠᠨ ᠺᠤᠮᠫᠠᠨᠢ ᠨᠢ ᠰᠢᠨ ᠬᠤᠸᠠ ᠠᠮᠢ ᠨᠠᠰᠤᠨ ᠤ ᠳᠠᠭᠠᠳᠬᠠᠯ ᠤᠨ ᠬᠤᠪᠢ ᠤᠷᠤᠭᠤᠯᠤᠬᠰᠠᠨ ᠬᠢᠵᠠᠭᠠᠷᠳᠤ ᠺᠤᠮᠫᠠᠨᠢ ᠶᠢᠨ ᠤᠷᠳᠤᠰ ᠲᠠᠬᠢ ᠬᠤᠪᠢᠶᠠᠷᠢ ᠺᠤᠮᠫᠠᠨᠢ  ︵ᠬᠡᠷᠡᠭ ᠮᠡᠳᠡᠬᠦᠯᠦᠨ ᠳᠦᠯᠦᠬᠦᠯᠬᠦ ᠤᠳᠠᠰᠤ 95567︶︔ ᠬᠠᠨᠭ᠍ᠬᠢᠨ ᠬᠤᠰᠢᠭᠤ᠂ ᠤᠳᠤᠭ ᠬᠤᠰᠢᠭᠤ᠂ ᠤᠳᠤᠭ ᠤᠨ ᠡᠮᠦᠨᠡᠳᠤ ᠬᠤᠰᠢᠭᠤᠨ ᠤ ᠳᠠᠭᠠᠳᠬᠠᠯ ᠢ ᠲᠠᠭᠠᠭᠠᠴᠢᠯᠠᠬᠰᠠᠨ ᠺᠤᠮᠫᠠᠨᠢ ᠨᠢ ᠳᠤᠮᠳᠠᠳᠤ ᠤᠯᠤᠰ ᠤᠨ ᠲᠠᠢ ᠫᠢᠡᠭ ᠶᠠᠩ ᠡᠳ᠋ ᠬᠦᠷᠦᠩᠬᠡ ᠶᠢᠨ ᠳᠠᠭᠠᠳᠬᠠᠯ ᠤᠨ ᠺᠤᠮᠫᠠᠨᠢ  ᠶᠢᠨ ᠤᠷᠳᠤᠰ ᠲᠠᠬᠢ ᠬᠤᠪᠢᠶᠠᠷᠢ ᠺᠤᠮᠫᠠᠨᠢ ︵ᠬᠡᠷᠡᠭ ᠮᠡᠳᠡᠬᠦᠯᠦᠨ ᠳᠦᠯᠦᠬᠦᠯᠬᠦ ᠤᠳᠠᠰᠤ 95500︶  ᠪᠤᠯᠤᠨ᠎ᠠ᠃      ᠬᠡᠷᠡᠭ ᠮᠡᠳᠡᠬᠦᠯᠬᠦ ᠵᠢᠴᠢ ᠠᠰᠠᠭᠤᠨ ᠯᠠᠪᠯᠠᠬᠤ ᠤᠳᠠᠰᠤ᠄ ᠳᠠᠭᠠᠳᠬᠠᠯ ᠳᠤ ᠤᠷᠤᠬᠰᠠᠳ ᠬᠡᠷᠪᠡ ᠰᠠᠨᠠᠭᠠᠨ ᠳᠤ ᠦᠬᠡᠢ ᠠᠳᠡᠭᠳᠡᠯ ᠭᠠᠷᠪᠠᠯ᠂ 48 ᠴᠠᠭ ᠤᠨ ᠳᠤᠳᠤᠷ᠎ᠡ ᠳᠠᠭᠠᠳᠬᠠᠯ ᠢ ᠲᠠᠭᠠᠭᠠᠴᠢᠯᠠᠬᠰᠠᠨ ᠺᠤᠮᠫᠠᠨᠢ ᠶᠢᠨ ᠦᠢᠯᠡᠴᠢᠯᠡᠬᠡᠨ ᠤ ᠤᠳᠠᠰᠤ ᠶᠢ ᠤᠳᠠᠰᠤᠳᠠᠵᠦ ᠬᠡᠷᠡᠭ ᠮᠡᠳᠡᠬᠦᠯᠦᠨ᠎ᠡ᠃ ᠡᠬᠦᠨ ᠤ ᠬᠠᠮᠳᠤ᠂ ᠤᠷᠳᠤᠰ ᠬᠤᠳᠠ ᠶᠢᠨ ᠠᠷᠠᠳ ᠤᠨ ᠶᠠᠪᠤᠳᠠᠯ ᠤᠨ ᠳᠤᠪᠴᠢᠶᠡᠨ ᠤ ᠬᠢᠨᠠᠯᠳᠠ ᠳᠠᠯᠪᠢᠬᠤ ᠤᠳᠠᠰᠤ 0477—8588235 ᠴᠤ ᠨᠠᠰᠤᠳᠠᠶᠢᠴᠤᠳ ᠤᠨ ᠰᠠᠨᠠᠭᠠᠨ ᠳᠤ ᠦᠬᠡᠢ ᠬᠡᠮᠳᠦᠯ ᠤᠨ ᠳᠠᠭᠠᠳᠬᠠᠯ ᠤᠨ ᠳᠦᠷᠦ ᠶᠢᠨ ᠪᠤᠳᠤᠯᠭ᠎ᠠ ᠶᠢᠨ ᠠᠰᠠᠭᠤᠨ ᠯᠠᠪᠯᠠᠬᠤ ᠶᠢ ᠬᠠᠷᠢᠭᠤᠴᠠᠵᠦ  ᠲᠠᠶᠢᠯᠪᠤᠷᠢᠯᠠᠨ᠎ᠠ᠃
ᠢᠷᠡᠯᠲᠡ᠄ ᠵᠡᠬᠦᠡᠭᠠᠷ ᠬᠤᠰᠢᠭᠤᠨ ᠤ ᠨᠡᠶᠢᠳᠡᠯᠡᠯ