ᠲᠡᠭᠷᠢ ᠲᠤᠯᠠᠭᠠᠷᠠᠵᠦ᠂ ᠬᠦᠢᠯᠡᠰᠤᠨ ᠴᠡᠴᠡᠭ ᠦᠡᠭᠬᠡ ᠪᠤᠯᠢᠶᠠᠯᠳᠤᠨ ᠲᠠᠯᠬᠡᠷᠡᠨᠠ᠃ ᠡᠨᠡ ᠬᠠᠪᠤᠷ ᠤᠨ ᠡᠬᠢ ᠪᠠᠷ᠂ ᠤᠮᠠᠷᠠᠳᠤ ᠤᠷᠤᠨ ᠤ ᠲᠡᠭᠷᠢ ᠶᠡᠭᠡ ᠤᠷᠤᠢ | ᠲᠤᠯᠭᠠᠷᠠᠵᠦ᠂ ᠡᠪᠡᠰᠤ ᠨᠤᠭᠤᠭ᠎ᠠ ᠰᠠᠶ᠋ᠢ ᠯᠠ ᠡᠬᠢᠯᠡᠨ ᠨᠤᠭᠤᠭᠠᠷᠠᠵᠦ᠂ ᠬᠦᠢᠯᠡᠰᠦᠨ ᠴᠡᠴᠡᠭ ᠲᠡᠯᠬᠡᠷᠡᠨ ᠬᠠᠪᠤᠷ ᠤᠨ ᠦᠵᠡᠮᠵᠢ ᠶᠢ ᠰᠠᠶ᠋ᠢ ᠯᠠ ᠲᠤᠷᠠᠶᠢᠯᠭᠠᠵᠦ | ᠦᠵᠡᠬᠦᠯᠦᠯᠠ᠃ | ᠡᠨᠡ ᠦᠶᠡᠰ ᠤᠨ ᠵᠠᠬᠦᠠᠭᠠᠷ ᠤᠨ ᠦᠵᠡᠮᠵᠢ ᠰᠠᠶᠢᠬᠠᠨ ᠪᠠᠶᠢᠯ᠎ᠠ᠃ ᠱᠠᠬᠳᠠᠷ ᠪᠠᠯᠭᠠᠰᠤᠨ ᠤ ᠹᠥ᠋ ᠯᠤ᠋ ᠼᠦᠨ ᠲᠤᠰᠬᠤᠨ ᠤ ᠲᠦᠮᠡᠨ ᠮᠤ᠋ ᠶᠢᠨ ᠬᠦᠢᠯᠡᠰᠦᠨ ᠤᠢ | ᠶᠢᠨ ᠰᠠᠭᠤᠷᠢᠨ ᠭᠠᠵᠠᠷ ᠲᠤ ᠬᠦᠢᠯᠡᠰᠦᠨ ᠴᠡᠴᠡᠭ ᠤᠳ ᠦᠡᠭᠬᠡ ᠪᠤᠯᠢᠶᠠᠯᠳᠤᠨ ᠲᠡᠯᠬᠡᠷᠡᠵᠦ᠂ ᠦᠨᠦᠷ ᠲᠠᠨᠤᠷ ᠨᠢ ᠠᠩᠬᠢᠯᠤᠨ᠎ᠠ᠃ ᠬᠤᠨᠳᠠᠨ ᠴᠠᠭᠠᠨ ᠴᠡᠴᠡᠭ ᠨᠢ | ᠬᠠᠪᠤᠷ ᠤᠨ ᠤᠷᠢᠨ ᠢ ᠮᠡᠳᠡᠬᠡᠯᠡᠵᠦ᠂ ᠪᠤᠶᠢᠳᠠ ᠪᠦᠭᠯᠡᠬᠦᠦ ᠭᠠᠵᠠᠷ ᠨᠤᠳᠤᠭ ᠤᠨ ᠭᠤᠶᠢᠳᠠ ᠦᠵᠡᠮᠵᠢ ᠪᠤᠯᠵᠦ ᠠᠮᠢᠵᠢᠷᠠᠯ ᠤᠨ ᠬᠦᠴᠦᠨ ᠪᠢᠯᠬᠠᠷᠠᠨ᠎ᠠ᠃ | ᠬᠦᠢᠯᠡᠰᠦᠨ ᠴᠡᠴᠡᠭ ᠬᠠᠮᠤᠭ ᠤᠨ ᠰᠠᠶᠢᠬᠠᠨ ᠦᠶ᠎ᠠ ᠪᠠᠷ᠂ ᠬᠦᠮᠦᠰ ᠠᠶᠠᠷᠬᠠᠨ ᠠᠯᠬᠤᠯᠠᠵᠦ ᠬᠤᠸᠠᠷ ᠴᠡᠴᠡᠭ ᠢ ᠰᠤᠨᠢᠷᠬᠠᠨ ᠦᠨᠦᠷ ᠲᠠᠨᠤᠷ ᠢ ᠨᠢ ᠦᠨᠦᠷᠯᠡᠨ | ᠰᠡᠳᠬᠢᠯ ᠢᠶᠠᠨ ᠪᠠᠶᠠᠰᠬᠠᠨ᠎ᠠ᠃《ᠲᠡᠨᠳᠡᠬᠢ ᠬᠦᠢᠯᠡᠰᠦᠨ ᠴᠡᠴᠡᠭ ᠰᠠᠶᠢᠬᠠᠨ ᠲᠡᠯᠬᠡᠷᠡᠵᠦ ᠦᠡᠭᠬᠡ ᠨᠢ ᠶᠡᠭᠡ ᠰᠠᠶᠢᠬᠠᠨ ᠭᠤᠶᠢᠳᠠ ᠬᠠᠷᠠᠬᠳᠠᠨ᠎ᠠ᠃ ᠲᠡᠭᠷᠢ ᠴᠤ | ᠰᠠᠶᠢᠬᠠᠨ ᠪᠤᠯᠬᠤᠷ ᠬᠡᠤᠬᠡᠳ ᠤᠳ ᠲᠤᠬᠯᠠᠯᠴᠠᠨ ᠬᠦᠶᠦᠯᠳᠦᠵᠦ ᠰᠤᠨᠢᠷᠬᠠᠵᠠᠭᠠᠨᠠ 》ᠬᠡᠵᠦ ᠬᠦᠢᠯᠡᠰᠦᠨ ᠴᠡᠴᠡᠭ ᠤᠨ ᠰᠠᠭᠤᠷᠢᠨ ᠭᠠᠵᠠᠷ ᠲᠤ ᠬᠦᠷᠦᠭᠰᠡᠨ ᠯᠢᠤ ᠯᠢ | ᠮᠸᠢ ᠶᠠᠷᠢᠨ᠎ᠠ᠃ ᠡᠨᠡ ᠬᠤᠶᠠᠷ ᠵᠢᠯ ᠬᠢᠵᠢᠭ ᠤᠨ ᠨᠦᠯᠦᠬᠡᠯᠡᠯ ᠢᠶᠠᠷ᠂ ᠵᠠᠬᠦᠠᠭᠠᠷ ᠬᠤᠰᠢᠭᠤᠨ ᠤ ᠬᠦᠢᠯᠡᠰᠦᠨ ᠴᠡᠴᠡᠭ ᠤᠨ ᠨᠠᠶᠢᠷ ᠪᠤᠯᠵᠤᠭ᠎ᠠ ᠶᠤᠰᠤᠭᠠᠷ ᠶᠠᠪᠤᠬᠳᠠᠵᠦ | ᠴᠢᠳᠠᠬᠤ ᠦᠬᠡᠢ ᠪᠤᠯᠪᠠᠴᠤ ᠵᠢᠭᠤᠯᠴᠢᠳ ᠲᠠᠰᠤᠷᠠᠬᠤ ᠦᠬᠡᠢ ᠪᠠᠶᠢᠬᠰᠠᠭᠠᠷ᠃ ᠬᠦᠢᠯᠡᠰᠤᠨ ᠴᠡᠴᠡᠭ ᠤᠨ ᠨᠠᠶᠢᠷ ᠨᠢ ᠹᠦ᠋ ᠯᠤ᠋ ᠼᠦᠨ ᠲᠤᠰᠬᠤᠨ ᠴᠢᠨᠠᠬᠰᠢᠯᠠᠨ | ᠵᠠᠬᠦᠠᠭᠠᠷ ᠬᠤᠰᠢᠭᠤᠨ ᠤ ᠬᠦᠳᠡᠭᠡ ᠲᠤᠰᠬᠤᠨ ᠤ ᠵᠢᠭᠤᠯᠴᠢᠯᠠᠯ ᠢ ᠠᠬᠢᠭᠤᠯᠬᠤ《 ᠠᠯᠳᠠᠨ ᠦᠰᠦᠭᠳᠤ ᠫᠠᠶᠢᠰᠠ 》ᠪᠤᠯᠤᠬᠰᠠᠨ ᠪᠠᠶᠢᠯ᠎ᠠ᠃ | ᠦᠨᠦᠳᠦᠷ ᠤᠨ ᠲᠦᠮᠡᠨ ᠮᠤ᠋ ᠶᠢᠨ ᠬᠦᠢᠯᠡᠰᠦᠨ ᠤᠢ ᠶᠢᠨ ᠰᠠᠭᠤᠷᠢᠨ ᠭᠠᠵᠠᠷ ᠨᠢ 2007 ᠤᠨ ᠠᠴᠠ ᠡᠮᠦᠨ᠎ᠠ ᠪᠤᠯ ᠠᠬᠯᠠᠭ ᠠᠭᠤᠯᠠ ᠪᠠᠶᠢᠪᠠ᠃ ᠴᠢᠶᠠᠨ | ᠱᠠᠨ ᠲᠤᠪᠤᠴᠠᠭ ᠲᠤ ᠪᠠᠶᠢᠷᠢᠰᠢᠭ᠎ᠠ ᠹᠦ᠋ ᠯᠤ᠋ ᠼᠦᠨ ᠲᠤᠰᠬᠤᠨ ᠭᠠᠨᠭ᠌ ᠬᠠᠭᠤᠷᠡᠢ ᠠᠴᠠ ᠰᠢᠯᠳᠠᠭᠠᠯᠠᠬᠳᠠᠨ ᠤᠰᠤ ᠲᠤᠳᠠᠬᠳᠠᠵᠦ᠂ ᠡᠨᠡᠬᠦ ᠪᠤᠭᠤᠮᠢ ᠨᠢ ᠲᠤᠬᠠᠢ ᠶᠢᠨ | ᠭᠠᠵᠠᠷ ᠤᠨ ᠲᠠᠷᠢᠶᠠᠯᠠᠩ ᠤᠨ ᠬᠦᠭᠵᠢᠯᠳᠠ ᠶᠢ ᠬᠠᠷᠰᠢᠯᠠᠵᠦ᠂ ᠲᠤᠰᠬᠤᠨ ᠤ ᠠᠷᠠᠳ ᠲᠡᠭᠷᠢ ᠶᠢᠨ ᠴᠢᠷᠡᠢ ᠶᠢ ᠬᠠᠷᠠᠨ ᠤᠷᠤᠯᠭ᠎ᠠ ᠪᠠᠭᠠᠳᠡᠢ ᠪᠠᠶᠢᠵᠡᠢ᠃ ᠲᠤᠰᠬᠤᠨ ᠤ | ᠠᠷᠠᠳ ᠪᠠᠳᠠᠷᠠᠨ ᠲᠡᠯᠬᠡᠷᠡᠭᠰᠡᠨ ᠲᠦᠮᠡᠨ ᠮᠤ᠋ ᠶᠢᠨ ᠬᠦᠢᠯᠡᠰᠦᠨ ᠤᠢ ᠪᠠᠨ ᠵᠢᠭᠠᠭᠠᠳ᠄《ᠡᠳᠡᠬᠡᠷ ᠭᠠᠵᠠᠷ ᠤᠤᠯ ᠳᠠᠭᠠᠨ ᠪᠤᠯ ᠤᠰᠤᠨ ᠭᠠᠵᠠᠷ ᠪᠢᠰᠢ ᠪᠠᠶᠢᠯ᠎ᠠ᠂ | ᠲᠡᠷᠡ ᠦᠶᠡᠰ ᠪᠦᠷ ᠲᠡᠭᠷᠢ ᠶᠢᠨ ᠴᠢᠷᠡᠢ ᠶᠢ ᠬᠠᠷᠠᠨ᠂ ᠴᠠᠭ ᠵᠢᠯ ᠰᠠᠶᠢᠨ ᠪᠤᠯ ᠵᠢᠭᠠᠬᠠᠨ ᠤᠷᠤᠯᠭ᠎ᠠ ᠤᠯᠵᠦ᠂ ᠴᠠᠭ ᠵᠢᠯ ᠮᠠᠭᠤ ᠪᠤᠯ ᠨᠢᠬᠡ ᠵᠢᠯ ᠴᠢᠷᠮᠠᠶᠢᠭᠠᠳ ᠴᠤ | ᠶᠠᠮᠠᠷ ᠴᠤ ᠤᠷᠤᠯᠭ᠎ᠠ ᠦᠬᠡᠢ ᠰᠠᠭᠤᠳᠠᠭ》ᠬᠡᠵᠦ ᠡᠷᠬᠢᠴᠡᠬᠦᠯᠦᠯᠠ᠃ | ᠬᠠᠳᠤᠨ ᠭᠤᠤᠯ ᠤᠨ ᠬᠦᠪᠡᠬᠡᠨ ᠳᠤ ᠪᠠᠶᠢᠷᠢᠰᠢᠬᠰᠠᠨ ᠵᠠᠬᠦᠠᠭᠠᠷ ᠬᠤᠰᠢᠭᠤ ᠲᠤᠪᠤ ᠲᠤᠪᠤᠴᠠᠭ ᠤᠯᠠᠨᠳᠡᠢ᠂ ᠭᠤᠤ ᠭᠠᠨᠭ᠍ᠭ᠎ᠠ ᠰᠦᠯᠵᠢᠯᠳᠦᠵᠦ᠂ ᠨᠡᠶᠢᠳᠡᠯᠢᠭ | ᠬᠠᠭᠠᠰ ᠭᠠᠨᠭ᠌ ᠬᠠᠭᠤᠷᠡᠢ ᠤᠷᠤᠨ ᠳᠤ ᠬᠠᠷᠢᠶᠠᠯᠠᠬᠳᠠᠵᠦ᠂ ᠠᠭᠤᠯᠠᠨ ᠭᠠᠵᠠᠷ ᠤᠯᠠᠨ ᠲᠠᠯ᠎ᠠ ᠭᠠᠵᠠᠷ ᠴᠦᠬᠡᠨᠳᠡᠢ᠂ ᠤᠯᠠᠩᠬᠢ ᠨᠢ ᠠᠬᠯᠠᠭ ᠠᠭᠤᠯᠠ᠂ ᠠᠳᠠᠷ ᠲᠠᠩ᠂ | ᠤᠨᠠᠯᠳᠠ ᠪᠠᠭ᠎ᠠ ᠬᠦᠳᠦᠯ ᠤᠨ ᠲᠠᠷᠢᠶᠠᠯᠠᠬᠤ ᠭᠠᠵᠠᠷ ᠪᠠᠶᠢᠵᠦ᠂ ᠠᠮᠤ ᠪᠤᠳᠠᠭ᠎ᠠ ᠲᠠᠷᠢᠬᠤ ᠳᠤ ᠲᠤᠬᠢᠷᠠᠬᠤ ᠦᠬᠡᠢ ᠪᠤᠯᠬᠤᠷ ᠠᠭᠤᠯᠠᠨ ᠬᠦᠢᠯᠡᠰᠤ ᠲᠠᠷᠢᠬᠤ ᠳᠤ ᠬᠠᠷᠢᠨ | ᠲᠤᠬᠢᠷᠠᠬᠰᠠᠨ ᠪᠠᠶᠢᠯ᠎ᠠ᠃ | | ᠨᠤᠳᠤᠭ ᠤᠨ ᠠᠵᠤ ᠠᠬᠤᠶᠢᠯᠠᠯ ᠪᠤᠯᠬᠤ ᠦᠪᠦᠷ ᠮᠤᠩᠭᠤᠯ ᠤᠨ ᠭᠤᠤ ᠶᠤᠸᠡᠨ ᠬᠦᠢᠯᠡᠰᠦᠨ ᠴᠦᠮ᠎ᠠ ᠶᠢᠨ ᠤᠮᠳᠠᠭᠠᠨ ᠤ ᠬᠢᠵᠠᠭᠠᠷᠳᠤ ᠺᠤᠮᠫᠠᠨᠢ | ᠪᠠᠶᠢᠭᠤᠯᠤᠬᠳᠠᠭᠠᠳ ᠠᠷᠪᠠᠭᠠᠳ ᠵᠢᠯ ᠪᠤᠯᠵᠦ᠂ ᠬᠦᠢᠯᠡᠰᠦᠨ ᠴᠦᠮ᠎ᠠ ᠶᠢᠨ ᠰᠢᠷᠢᠰ ᠦᠢᠯᠡᠳᠬᠦᠨ ᠢ ᠭᠤᠤᠯᠳᠠᠭᠤᠯᠤᠨ ᠦᠢᠯᠡᠳᠪᠤᠷᠢᠯᠡᠵᠦ᠂ ᠦᠢᠯᠡᠳᠪᠤᠷᠢᠯᠡᠬᠦ | ᠶᠠᠪᠤᠴᠠ ᠲᠤᠮᠳᠠ ᠪᠠᠨ ᠺᠤᠮᠫᠠᠨᠢ ᠨᠢ ᠦᠢᠯᠡᠳᠪᠤᠷᠢᠯᠡᠯ ᠤᠨ ᠲᠦᠬᠦᠬᠡᠢ ᠮᠠᠲ᠋ᠧᠷᠢᠶᠠᠯ ᠬᠦᠷᠦᠯᠴᠡᠬᠦ ᠦᠬᠡᠢ ᠬᠦᠴᠢᠷᠳᠡᠯ ᠳᠤ ᠲᠤᠯᠭᠠᠷᠠᠪᠠ᠃ ᠲᠦᠬᠦᠬᠡᠢ ᠮᠠᠲ᠋ᠧᠷᠢᠶᠠᠯ ᠤᠨ | ᠬᠠᠨᠭ᠍ᠭᠠᠯᠭ᠎ᠠ ᠶᠢ ᠪᠠᠳᠤᠯᠠᠬᠤ ᠪᠠᠷ᠂ 2008 ᠤᠨ ᠠᠴᠠ ᠡᠬᠢᠯᠡᠨ᠂ ᠺᠤᠮᠫᠠᠨᠢ ᠨᠢ ᠰᠢᠨᠵᠢᠯᠡᠬᠦ ᠤᠬᠠᠭᠠᠨᠴᠢ ᠪᠠᠷ ᠨᠤᠳᠠᠯᠠᠯᠳᠠ ᠬᠢᠭᠰᠡᠨ ᠤ ᠲᠠᠷᠠᠭ᠎ᠠ᠂ ᠹᠦ᠋ ᠯᠤ᠋ ᠼᠦᠨ | ᠲᠤᠰᠬᠤᠨ ᠳᠤ ᠲᠦᠮᠡᠨ ᠮᠤ᠋ ᠶᠢᠨ ᠬᠦᠢᠯᠡᠰᠦᠨ ᠤᠢ ᠶᠢᠨ ᠦᠵᠡᠬᠦᠯᠬᠡ ᠶᠢᠨ ᠬᠦᠷᠢᠶᠠᠯᠠᠩ ᠪᠠ ᠢᠵᠢ ᠪᠦᠷᠢᠳᠦᠬᠦᠯᠦᠭᠰᠡᠨ 2000 ᠮᠤ᠋ ᠰᠤᠶᠤᠭ᠎ᠠ ᠪᠤᠶᠢᠵᠢᠭᠤᠯᠬᠤ | ᠰᠠᠭᠤᠷᠢᠨ ᠭᠠᠵᠠᠷ᠂ 100 ᠲᠦᠮᠡᠨ ᠮᠤ᠋ ᠬᠦᠢᠯᠡᠰᠦᠨ ᠤᠢ ᠶᠢᠨ ᠲᠦᠬᠦᠬᠡᠢ ᠮᠠᠲ᠋ᠧᠷᠢᠶᠠᠯ ᠤᠨ ᠰᠠᠭᠤᠷᠢᠨ ᠭᠠᠵᠠᠷ ᠢ ᠲᠦᠯᠦᠪᠵᠢᠬᠦᠯᠵᠦ ᠪᠠᠶᠢᠭᠤᠯᠪᠠ᠃ ᠺᠤᠮᠫᠠᠨᠢ ᠨᠢ | ᠭᠠᠵᠠᠷ ᠰᠢᠷᠤᠢ ᠶᠢ ᠲᠠᠭᠠᠭᠠᠴᠢᠯᠠᠭᠤᠯᠬᠤ ᠬᠡᠯᠪᠡᠷᠢ ᠪᠠᠷ ᠱᠠᠬᠳᠠᠷ ᠪᠠᠯᠭᠠᠰᠤ ᠶᠢᠨ ᠹᠦ᠋ ᠯᠤ᠋ ᠼᠦᠨ ᠲᠤᠰᠬᠤᠨ ᠪᠠ ᠲᠧ ᠯᠠ ᠭᠸᠤ ᠮᠧᠨ ᠲᠤᠰᠬᠤᠨ ᠲᠠᠢ ᠬᠤᠷᠰᠢᠨ | ᠠᠵᠢᠯᠯᠠᠬᠤ ᠵᠦᠪᠳᠡᠯᠴᠡᠬᠡᠷ ᠲᠤᠭᠳᠠᠵᠦ᠂ ᠲᠤᠰᠬᠤᠨ ᠤ ᠠᠷᠠᠳ ᠤᠨ ᠭᠠᠵᠠᠷ ᠰᠢᠷᠤᠢ ᠶᠢ ᠲᠦᠷᠢᠶᠡᠰᠦᠯᠡᠨ ᠬᠦᠢᠯᠡᠰᠦᠨ ᠮᠤᠳᠤ ᠲᠠᠷᠢᠵᠦ᠂ ᠨᠢᠬᠡᠳᠦᠬᠡᠷ ᠦᠢᠯᠡᠳᠪᠤᠷᠢ | ᠶᠢᠨ ᠲᠠᠰᠤᠭ ᠢᠶᠠᠨ ᠠᠭᠤᠯᠠᠨ ᠬᠦᠳᠦᠯ ᠤᠷᠤᠭᠤ ᠤᠷᠳᠤᠳᠬᠠᠵᠦ᠂ ᠬᠦᠢᠯᠡᠰᠦᠨ ᠤᠢ ᠶᠢᠨ ᠲᠦᠬᠦᠬᠡᠢ ᠮᠠᠲ᠋ᠧᠷᠢᠶᠠᠯ ᠤᠨ ᠰᠠᠭᠤᠷᠢᠨ ᠭᠠᠵᠠᠷ ᠨᠢ ᠭᠤᠤ ᠶᠤᠸᠡᠨ | ᠬᠦᠢᠯᠡᠰᠦᠨ ᠴᠦᠮ᠎ᠠ ᠶᠢᠨ ᠺᠤᠮᠫᠠᠨᠢ ᠶᠢᠨ《ᠲᠦᠬᠦᠬᠡᠢ ᠮᠠᠲ᠋ᠧᠷᠢᠶᠠᠯ ᠤᠨ ᠦᠢᠯᠡᠳᠪᠤᠷᠢ ᠶᠢᠨ ᠲᠠᠰᠤᠭ》ᠪᠤᠯᠵᠦ᠂ ᠲᠠᠷᠢᠶᠠᠯᠠᠬᠤ ᠪᠠᠨ ᠪᠤᠯᠢᠵᠦ ᠤᠢ ᠮᠤᠳᠤ ᠲᠠᠷᠢᠬᠰᠠᠨ | ᠮᠠᠯᠴᠢᠨ ᠲᠠᠷᠢᠶᠠᠴᠢᠳ ᠠᠵᠤ ᠦᠢᠯᠡᠰ ᠤᠨ ᠠᠵᠢᠯᠴᠢᠨ ᠪᠤᠯᠤᠬᠰᠠᠨ ᠪᠠᠶᠢᠨ᠎ᠠ᠃ ᠲᠦᠮᠡᠨ ᠮᠤ᠋ ᠶᠢᠨ ᠬᠦᠢᠯᠡᠰᠦᠨ ᠤᠢ ᠶᠢᠨ ᠦᠵᠡᠬᠦᠯᠬᠡ ᠶᠢᠨ ᠬᠦᠷᠢᠶᠠᠯᠠᠩ ᠨᠢ ᠹᠦ᠋ | ᠯᠤ᠋ ᠼᠦᠨ ᠲᠤᠰᠬᠤᠨ ᠢ ᠦᠢᠷ᠎ᠠ ᠬᠠᠪᠢ ᠳᠠᠭᠠᠨ ᠨᠠᠷᠡᠳᠡᠢ《 ᠬᠦᠢᠯᠡᠰᠦᠨ ᠬᠤᠸᠠᠷ ᠤᠨ ᠲᠤᠰᠬᠤᠨ》ᠪᠤᠯᠭᠠᠨ ᠠᠯᠳᠠᠷᠰᠢᠭᠤᠯᠵᠡᠢ᠃ ᠲᠠᠷᠢᠶᠠᠴᠢᠳ ᠬᠦᠢᠯᠡᠰᠦᠨ ᠤᠢ | ᠶᠢ ᠬᠠᠮᠢᠶᠠᠷᠤᠨ ᠬᠠᠮᠠᠭᠠᠯᠠᠬᠤ ᠠᠵᠢᠯ ᠢᠶᠠᠷ ᠲᠤᠬᠳᠠᠮᠠᠯ ᠴᠠᠯᠢᠩ ᠬᠦᠯᠦᠰᠤ ᠤᠯᠬᠤ ᠳᠤ ᠠᠵᠤ ᠠᠬᠤᠶᠢᠯᠠᠯ ᠨᠢ ᠲᠦᠬᠦᠬᠡᠢ ᠮᠠᠲ᠋ᠧᠷᠢᠶᠠᠯ ᠤᠨ ᠬᠦᠢᠴᠡᠳ ᠪᠠᠳᠤᠯᠠᠭ᠎ᠠ | ᠲᠠᠢ ᠪᠤᠯᠵᠦ᠂ ᠺᠤᠮᠫᠠᠨᠢ ᠨᠢ ᠪᠦᠬᠦ ᠬᠤᠰᠢᠭᠤᠨ ᠤ 10 ᠰᠤᠮᠤ ᠰᠢᠶᠠᠩ ᠪᠠᠯᠭᠠᠰᠤ᠂ 3.5 ᠲᠦᠮᠡᠨ ᠮᠠᠯᠴᠢᠨ ᠲᠠᠷᠢᠶᠠᠴᠢᠨ ᠡᠷᠦᠬᠡ ᠶᠢ ᠨᠦᠯᠦᠬᠡᠯᠡᠨ ᠲᠠᠶᠢᠴᠢᠯᠠᠵᠦ᠂ | ᠡᠬᠦᠨ ᠤ ᠤᠯᠠᠮ ᠢᠶᠠᠷ ᠬᠤᠤᠰ ᠠᠰᠢᠭ ᠬᠦᠷᠳᠡᠬᠦ ᠶᠢ ᠪᠡᠶᠡᠯᠡᠬᠦᠯᠦᠭᠰᠡᠨ ᠪᠠᠶᠢᠨ᠎ᠠ᠃ | ᠠᠭᠤᠯᠠᠨ ᠬᠦᠢᠯᠡᠰᠤ ᠪᠦᠬᠦᠨ ᠢᠶᠠᠷ ᠢᠶᠠᠨ ᠡᠷᠳᠡᠨᠢ ᠪᠢᠯᠡ᠃ ᠮᠠᠨ ᠤ ᠤᠯᠤᠰ ᠤᠨ ᠡᠷᠳᠡᠨ ᠤ ᠡᠮ ᠡᠮᠨᠡᠯᠬᠡ ᠶᠢᠨ ᠠᠯᠳᠠᠷᠳᠤ ᠪᠦᠳᠦᠬᠡᠯ ᠪᠤᠯᠬᠤ《 ᠡᠪᠡᠰᠦᠨ | ᠡᠮ ᠤᠨ ᠲᠤᠪᠴᠢ》 ᠳᠤ ᠲᠡᠮᠳᠡᠭᠯᠡᠭᠰᠡᠨ ᠢᠶᠠᠷ᠂ ᠠᠭᠤᠯᠠᠨ ᠬᠦᠢᠯᠡᠰᠤ ᠨᠢ ᠠᠭᠤᠰᠬᠢ ᠶᠢ ᠰᠠᠶᠢᠷᠡᠭᠵᠢᠬᠦᠯᠵᠦ ᠴᠡᠷ ᠢ ᠬᠤᠪᠬᠤᠯᠬᠤ᠂ ᠬᠠᠨᠢᠶᠠᠬᠤ ᠶᠢ ᠵᠤᠬᠰᠤᠭᠠᠬᠤ᠂ | ᠠᠮᠢᠰᠬᠤᠯ ᠢ ᠲᠡᠭᠰᠢᠳᠬᠡᠬᠦ᠂ ᠨᠠᠷᠠᠰᠢᠬᠤ ᠶᠢ ᠰᠡᠷᠬᠡᠶᠢᠯᠡᠬᠦ ᠴᠢᠳᠠᠪᠬᠢ ᠲᠠᠢ ᠬᠡᠵᠡᠢ᠃ ᠬᠦᠢᠯᠡᠰᠦ ᠨᠢ ᠠᠮᠳᠡᠳᠡᠢ ᠮᠦᠷᠳᠡᠬᠡᠨ ᠦᠡᠭᠬᠡ ᠨᠢ ᠲᠤᠳᠤ᠂ ᠦᠨᠦᠷ ᠨᠢ | ᠰᠤᠷᠭᠤᠭ᠂ ᠤᠯᠠᠨ ᠵᠦᠢᠯ ᠤᠨ ᠤᠷᠭᠠᠨᠢᠭ ᠪᠦᠷᠢᠯᠳᠦᠬᠦᠨ ᠪᠠ ᠬᠦᠮᠦᠨ ᠤ ᠪᠡᠶ᠎ᠠ ᠳᠤ ᠱᠠᠭᠠᠷᠳᠠᠬᠳᠠᠬᠤ ᠸᠢᠲ᠋ᠠᠮᠢᠨ ᠵᠢᠴᠢ ᠤᠷᠭᠠᠨᠢᠭ ᠪᠤᠰᠤ ᠲᠠᠪᠤᠰᠤᠨ ᠲᠦᠷᠦᠯ | ᠠᠭᠤᠯᠤᠬᠳᠠᠵᠦ ᠪᠤᠢ᠃ ᠠᠵᠤ ᠦᠢᠯᠡᠰ ᠤᠨ ᠬᠡᠯᠬᠢᠶ᠎ᠠ ᠪᠠᠨ ᠤᠷᠳᠤᠳᠬᠠᠬᠤ ᠪᠠᠷ᠂ ᠺᠤᠮᠫᠠᠨᠢ ᠨᠢ ᠬᠦᠢᠯᠡᠰᠤ ᠪᠠᠷ ᠲᠦᠬᠦᠬᠡᠢ ᠮᠠᠲ᠋ᠧᠷᠢᠶᠠᠯ ᠪᠤᠯᠭᠠᠨ ᠬᠦᠢᠯᠡᠰᠦᠨ | ᠴᠦᠮ᠎ᠠ ᠶᠢᠨ ᠤᠮᠳᠠᠭᠠᠨ ᠢ ᠦᠢᠯᠡᠳᠪᠤᠷᠢᠯᠡᠵᠦ᠂ ᠲᠤᠬᠠᠢ ᠶᠢᠨ ᠭᠠᠵᠠᠷ ᠤᠨ ᠵᠢᠮᠢᠰ ᠤᠨ ᠵᠦᠢᠯ ᠢᠶᠠᠷ ᠭᠤᠤᠯ ᠮᠠᠲ᠋ᠧᠷᠢᠶᠠᠯ ᠪᠤᠯᠭᠠᠬᠰᠠᠨ ᠬᠠᠳᠠᠭᠠᠵᠦ ᠬᠠᠭᠤᠷᠬᠤ | ᠲᠦᠷᠦᠯ ᠤᠨ ᠦᠢᠯᠡᠳᠬᠦᠨ ᠵᠢᠴᠢ ᠵᠢᠮᠢᠰ ᠤᠨ ᠲᠠᠷᠤᠰᠢ ᠶᠢᠨ ᠲᠦᠷᠦᠯ ᠤᠨ ᠰᠢᠬᠢᠷᠯᠡᠭᠰᠡᠨ ᠵᠢᠮᠢᠰ ᠤᠨ ᠦᠢᠯᠡᠳᠬᠦᠨ ᠢ ᠪᠤᠯᠪᠠᠰᠤᠷᠠᠭᠤᠯᠵᠦ᠂ ᠨᠢᠬᠡᠨ ᠵᠢᠵᠢᠭᠭᠡᠨ | ᠠᠭᠤᠯᠠᠨ ᠬᠦᠢᠯᠡᠰᠤ ᠨᠢ ᠬᠦᠭᠰᠢᠨ ᠵᠠᠯᠠᠭᠤ ᠶᠢᠨ ᠢᠳᠡᠬᠦ ᠲᠤᠷ᠎ᠠ ᠲᠠᠢ ᠰᠤᠯᠠ ᠢᠳᠡᠬᠡᠨ ᠪᠤᠯᠤᠬᠰᠠᠨ ᠪᠠᠶᠢᠨ᠎ᠠ᠃ | ᠺᠤᠮᠫᠠᠨᠢ ᠶᠢᠨ ᠬᠡᠷᠡᠭ ᠮᠡᠳᠡᠭᠴᠢᠳ ᠤᠨ ᠲᠠᠷᠤᠭ᠎ᠠ ᠯᠢᠤ ᠵᠠᠨ ᠰᠢᠶᠠᠨ᠂《 ᠮᠢᠨᠤ ᠬᠦᠰᠠᠯᠠᠩ ᠪᠤᠯ ᠠᠬᠯᠠᠭ ᠠᠭᠤᠯᠠᠨ ᠳᠤ ᠨᠤᠭᠤᠭᠠᠨ ᠬᠦᠷᠮ᠎ᠠ ᠨᠦᠮᠦᠷᠬᠡᠵᠦ᠂ | ᠠᠷᠠᠳ ᠤᠯᠠᠨ ᠢ ᠪᠠᠶᠠᠵᠢᠭᠤᠯᠵᠦ᠂ ᠪᠤᠬᠢᠷᠳᠤᠯ ᠦᠬᠡᠢ ᠠᠵᠤ ᠠᠬᠤᠶᠢᠯᠠᠯ ᠢᠶᠠᠨ ᠴᠤᠬᠴᠠᠯᠠᠬᠤ ᠶᠠᠪᠤᠳᠠᠯ ᠪᠤᠯᠤᠨ᠎ᠠ》ᠬᠡᠵᠦ ᠬᠡᠯᠡᠵᠦ ᠦᠡᠭᠬᠡᠷᠡᠭᠰᠡᠨ ᠪᠠᠶᠢᠳᠠᠭ᠃ | ᠰᠢᠭᠤᠷᠬᠠᠢ ᠵᠤᠷᠢᠭ᠂ ᠤᠮᠤᠭ ᠲᠡᠬᠦᠯᠳᠡᠷ ᠦᠬᠡ ᠶᠠᠷᠢᠶ᠎ᠠ ᠨᠢ ᠢᠳᠡᠷᠡᠬᠦᠨ ᠬᠦᠴᠦᠳᠡᠢ᠃ ᠦᠨᠦᠳᠦᠷ᠂ ᠲᠡᠷᠡ《 ᠠᠬᠯᠠᠭ ᠠᠭᠤᠯᠠ ᠶᠢ ᠨᠤᠭᠤᠭᠠᠷᠠᠭᠤᠯᠵᠦ᠂ | ᠮᠠᠯᠴᠢᠨ ᠲᠠᠷᠢᠶᠠᠴᠢᠳ ᠢ ᠪᠠᠶᠠᠵᠢᠭᠤᠯᠬᠤ》ᠠᠭᠤᠤ ᠬᠠᠷᠠᠯᠳᠠ ᠪᠠᠨ ᠦᠢᠯᠡᠳᠦᠯᠬᠡᠵᠢᠬᠦᠯᠵᠦ᠂ ᠨᠢᠬᠡᠨ ᠵᠤᠷᠪᠤᠰ《 ᠬᠦᠢᠯᠡᠰᠤ》 ᠶᠢᠨ ᠠᠵᠤ ᠦᠢᠯᠡᠰ ᠤᠨ ᠬᠡᠯᠬᠢᠶ᠎ᠠ ᠨᠢ | ᠶᠠᠭ ᠰᠠᠶᠢᠬᠠᠨ ᠲᠡᠷᠡᠬᠦ ᠦᠡᠭᠬᠡᠷᠡᠭᠰᠡᠨ ᠤ ᠲᠠᠴᠢᠷ ᠨᠢᠮᠬᠡᠨ ᠭᠠᠵᠠᠷ ᠰᠢᠷᠤᠢ ᠶᠢ ᠲᠠᠰᠤᠷᠠᠯᠳᠠ ᠦᠬᠡᠢ ᠠᠮᠢᠯᠠᠭᠤᠯᠤᠨ ᠡᠷᠡᠬᠦᠯ ᠢᠶᠠᠷ ᠬᠦᠭᠵᠢᠬᠦᠯᠵᠦ ᠪᠠᠶᠢᠨ᠎ᠠ᠃ | ᠯᠢᠤ ᠵᠢᠶᠠ ᠴᠢᠤᠢ ᠼᠦᠨ ᠲᠤᠰᠬᠤᠨ ᠤ 2000 ᠮᠤ᠋ ᠬᠦᠢᠯᠡᠰᠦᠨ ᠤᠢ ᠲᠤᠮᠳᠠ᠂ ᠲᠤᠬᠠᠢ ᠶᠢᠨ ᠭᠠᠵᠠᠷ ᠠᠴᠠ ᠨᠢ ᠮᠠᠲ᠋ᠧᠷᠢᠶᠠᠯ ᠠᠪᠴᠤ ᠢᠳᠡᠬᠡᠨ | ᠪᠤᠯᠪᠠᠰᠤᠷᠠᠭᠤᠯᠬᠤ ᠦᠢᠯᠡᠳᠪᠤᠷᠢ ᠪᠠᠶᠢᠵᠦ᠂ ᠲᠡᠷᠡ ᠪᠤᠯ ᠸᠠᠩ ᠽᠧ ᠶᠤᠸᠡᠨ ᠡᠴᠢᠬᠡ ᠬᠦᠪᠡᠬᠦᠨ ᠤ ᠡᠷᠬᠢᠯᠡᠭᠰᠡᠨ ᠬᠦᠢᠯᠡᠰᠦᠨ ᠴᠦᠮ᠎ᠠ ᠬᠠᠭᠤᠷᠬᠤ ᠦᠢᠯᠡᠳᠪᠤᠷᠢ | ᠮᠦᠨ᠃ ᠦᠢᠯᠡᠳᠪᠤᠷᠢ ᠳᠤ ᠨᠢ ᠬᠦᠷᠦᠬᠡᠳᠦᠢ ᠪᠠᠶᠢᠬᠤ ᠳᠤ᠂ ᠬᠠᠭᠤᠷᠤᠬᠰᠠᠨ ᠬᠦᠢᠯᠡᠰᠦᠨ ᠴᠦᠮ᠎ᠠ ᠶᠢᠨ ᠦᠨᠦᠷ ᠬᠤᠯᠠ ᠠᠴᠠ ᠦᠨᠦᠷᠳᠦᠭᠰᠡᠬᠡᠷ ᠪᠠᠶᠢᠯ᠎ᠠ᠃ ᠡᠨᠡ | ᠦᠢᠯᠡᠳᠪᠤᠷᠢ ᠨᠢ ᠲᠤᠬᠠᠢ ᠶᠢᠨ ᠭᠠᠵᠠᠷ ᠤᠨ ᠬᠡᠬᠡᠷ᠎ᠠ ᠶᠢᠨ ᠬᠦᠢᠯᠡᠰᠦᠨ ᠴᠦᠮ᠎ᠠ ᠪᠠᠷ ᠲᠦᠬᠦᠬᠡᠢ ᠮᠠᠲ᠋ᠧᠷᠢᠶᠠᠯ ᠪᠤᠯᠭᠠᠵᠦ᠂ ᠬᠦᠢᠯᠡᠰᠦᠨ ᠴᠦᠮ᠎ᠠ ᠶᠢ ᠬᠠᠭᠤᠷᠤᠨ | ᠦᠢᠯᠡᠳᠪᠤᠷᠢᠯᠡᠳᠡᠭ ᠪᠠᠶᠢᠪᠠ᠃ ᠦᠢᠯᠡᠳᠪᠤᠷᠢ ᠶᠢᠨ ᠲᠠᠰᠤᠭ ᠲᠤ ᠬᠦᠢᠯᠡᠰᠦᠨ ᠴᠦᠮ᠎ᠡ ᠶᠢᠨ ᠠᠷᠠᠰᠤ ᠱᠠᠭᠠᠯᠬᠤ ᠮᠠᠰᠢᠨ ᠤ ᠲᠦᠷᠬᠡᠨ ᠡᠷᠬᠢᠯᠳᠦᠬᠡᠨ ᠢᠶᠠᠷ ᠬᠦᠢᠯᠡᠰᠦᠨ | ᠴᠦᠮ᠎ᠠ ᠪᠤᠷᠤᠭᠠᠨ ᠤ ᠲᠤᠰᠤᠯ ᠰᠢᠭ᠋ ᠰᠠᠭᠤᠯᠠᠭᠠᠨ ᠤᠷᠤᠭᠤ ᠪᠠᠭᠤᠵᠦ᠂ ᠦᠢᠯᠡᠳᠪᠤᠷᠢᠯᠡᠯ ᠤᠨ ᠱᠤᠭᠤᠮ ᠲᠡᠭᠡᠷ᠎ᠠ ᠨᠢᠬᠡᠨᠳᠠ ᠲᠡᠪᠳᠦᠬᠡᠭᠰᠡᠨ ᠬᠦᠢᠯᠡᠰᠦᠨ ᠴᠦᠮ᠎ᠠ ᠨᠢ | ᠬᠠᠭᠤᠷᠬᠤ ᠮᠠᠰᠢᠨ ᠲᠤᠳᠤᠷ᠎ᠠ ᠡᠷᠬᠢᠯᠳᠦᠵᠦ᠂ ᠰᠡᠬᠦᠯᠴᠢ ᠶᠢᠨ ᠦᠢᠯᠡᠳᠪᠤᠷᠢᠯᠡᠯ ᠤᠨ ᠱᠤᠭᠤᠮ ᠲᠡᠭᠡᠷ᠎ᠠ᠂ ᠬᠠᠭᠤᠷᠤᠭᠠᠳ ᠭᠠᠷᠭᠠᠵᠦ ᠬᠦᠷᠦᠬᠡᠭᠰᠡᠨ ᠬᠦᠢᠯᠡᠰᠦᠨ | ᠴᠦᠮ᠎ᠠ ᠶᠢ ᠪᠤᠭᠤᠳᠠᠯᠯᠠᠵᠦ᠂ ᠠᠮᠠ ᠶᠢ ᠨᠢ ᠪᠢᠳᠡᠬᠦᠮᠵᠢᠯᠡᠬᠡᠳ ᠲᠤᠭ᠎ᠠ ᠲᠡᠮᠳᠡᠭ ᠢ ᠨᠢ ᠰᠦᠷᠴᠢᠬᠦ ᠵᠡᠷᠬᠡ ᠰᠢᠷᠢᠰ ᠠᠵᠢᠯᠯᠠᠭ᠎ᠠ ᠪᠠᠷ ᠵᠠᠬ᠎ᠠ ᠳᠤ ᠤᠷᠤᠭᠤᠯᠬᠤ | ᠦᠢᠯᠡᠳᠬᠦᠨ ᠪᠤᠯᠭᠠᠨ ᠪᠦᠷᠢᠯᠳᠦᠬᠦᠯᠵᠡᠢ᠃ | 2016 ᠤᠨ ᠳᠤ᠂ ᠸᠠᠩ ᠽᠧ ᠶᠤᠸᠡᠨ ᠲᠤᠬᠳᠠᠪᠤᠷᠢᠳᠡᠢ ᠠᠵᠢᠯ ᠢᠶᠠᠨ ᠤᠷᠬᠢᠭᠠᠳ ᠠᠪᠤ ᠸᠠᠩ ᠢᠤᠢ ᠯᠢᠨ ᠲᠠᠢ ᠪᠠᠨ ᠬᠠᠮᠳᠤ ᠨᠤᠳᠤᠭ ᠲᠠᠭᠠᠨ ᠬᠠᠷᠢᠵᠦ᠂ | ᠵᠠᠬᠦᠠᠭᠠᠷ ᠬᠤᠰᠢᠭᠤᠨ ᠤ ᠶᠤᠸᠡᠨ ᠵᠢᠢ ᠢᠳᠡᠬᠡᠨ ᠤ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠪᠠᠶᠢᠭᠤᠯᠵᠦ᠂ ᠬᠠᠭᠤᠷᠤᠬᠰᠠᠨ ᠢᠳᠡᠬᠡᠨ᠂ ᠬᠠᠳᠠᠭᠤ ᠵᠢᠮᠢᠰ | ᠲᠤᠰᠬᠠᠶᠢᠯᠠᠨ ᠪᠤᠯᠪᠠᠰᠤᠷᠠᠭᠤᠯᠪᠠ᠃ ᠲᠡᠳᠡ ᠲᠤᠰᠬᠤᠨ ᠤ ᠠᠷᠠᠳ ᠠᠴᠠ ᠬᠦᠢᠯᠡᠰᠦᠨ ᠴᠦᠮ᠎ᠠ᠂ ᠬᠦᠢᠯᠡᠰᠦᠨ ᠭᠤᠤᠯ ᠢ ᠬᠤᠷᠢᠶᠠᠨ ᠠᠪᠴᠤ᠂ ᠦᠢᠯᠡᠳᠪᠤᠷᠢᠯᠡᠬᠦ ᠭᠠᠷ | ᠤᠷᠠᠯᠠᠯ ᠤᠨ ᠶᠠᠪᠤᠴᠠ ᠪᠠᠨ ᠤᠯᠠᠨ ᠲᠠᠬᠢᠨ ᠲᠤᠷᠰᠢᠵᠦ ᠬᠦᠢᠯᠡᠰᠦᠨ ᠴᠦᠮ᠎ᠠ ᠶᠢ ᠬᠠᠭᠤᠷᠤᠭᠠᠳ ᠬᠠᠮᠤᠭ ᠤᠨ ᠤᠬᠢ ᠠᠮᠳᠠ ᠭᠠᠷᠭᠠᠵᠦ᠂《 ᠮᠸᠡᠭ ᠢ | ᠶᠤᠸᠡᠨ》ᠨᠡᠷᠡᠳᠤ ᠲᠡᠮᠳᠡᠭᠳᠤ ᠶᠢ ᠵᠠᠬ᠎ᠠ ᠲᠡᠯᠬᠡᠬᠦᠷ ᠲᠤ ᠤᠷᠤᠭᠤᠯᠵᠡᠢ᠃ ᠦᠢᠯᠡᠳᠬᠦᠨ ᠢᠶᠠᠨ ᠰᠦᠯᠵᠢᠶᠠᠨ ᠲᠡᠭᠡᠷᠡᠬᠢ ᠲᠤᠤ ᠪᠤᠤ᠂ ᠫᠢᠨ ᠳ᠋ᠥᠸᠧ ᠳ᠋ᠥᠸᠧ ᠵᠡᠷᠬᠡ | ᠲᠡᠯᠬᠡᠬᠦᠷ ᠢᠶᠠᠷ ᠬᠤᠳᠠᠯᠳᠤᠵᠦ᠂ ᠡᠯ᠎ᠠ ᠭᠠᠵᠠᠷ ᠤᠨ ᠲᠠᠮᠵᠢᠭᠤᠯᠤᠨ ᠪᠤᠷᠤᠯᠠᠭᠤᠯᠬᠤ ᠬᠤᠳᠠᠯᠳᠤᠭᠠᠴᠢᠨ ᠢ ᠡᠷᠢᠨ ᠡᠯᠰᠡᠵᠦ᠂ ᠵᠢᠭᠤᠯᠴᠢᠯᠠᠯ ᠤᠨ ᠵᠠᠬ᠎ᠠ ᠲᠡᠯᠬᠡᠬᠦᠷ | ᠤᠷᠤᠭᠤ ᠭᠤᠤᠯᠳᠠᠭᠤᠯᠤᠨ ᠦᠪᠦᠷ ᠮᠤᠩᠭᠤᠯ ᠤᠨ ᠬᠡᠪᠴᠢᠶᠡᠨ ᠲᠤᠳᠤᠷᠠᠬᠢ ᠡᠯ᠎ᠠ ᠵᠢᠭᠤᠯᠴᠢᠯᠠᠯ ᠤᠨ ᠤᠷᠤᠨ᠂ ᠤᠨᠴᠠ ᠭᠠᠷᠤᠯᠳᠠ ᠶᠢᠨ ᠲᠡᠯᠬᠡᠬᠦᠷ ᠢᠶᠠᠷ | ᠪᠤᠷᠤᠯᠠᠭᠤᠯᠪᠠ᠃ ᠬᠡᠳᠦᠨ ᠵᠢᠯ ᠤᠨ ᠲᠤᠷᠰᠢ ᠵᠠᠬ᠎ᠠ ᠲᠡᠯᠬᠡᠬᠦᠷ ᠢᠶᠠᠨ ᠦᠷᠬᠡᠳᠬᠡᠬᠦ ᠪᠠᠷ ᠲᠠᠮᠵᠢᠨ᠂《 ᠮᠸᠡᠭ ᠢ ᠶᠤᠸᠡᠨ》 ᠤ ᠨᠡᠷ᠎ᠠ ᠮᠠᠨᠳᠤᠵᠦ ᠦᠪᠦᠷ ᠮᠤᠩᠭᠤᠯ | ᠠᠴᠠ ᠪᠠᠨ ᠪᠦᠬᠦ ᠤᠯᠤᠰ ᠤᠨ ᠡᠯ᠎ᠠ ᠭᠠᠵᠠᠷ ᠲᠤ ᠲᠠᠷᠬᠠᠵᠦ᠂ ᠴᠢᠨᠠᠬᠰᠢᠯᠠᠨ ᠭᠠᠳᠠᠭᠠᠳᠤ ᠳᠤ ᠴᠤ ᠪᠤᠷᠤᠯᠠᠭᠤᠯᠤᠬᠳᠠᠪᠠ᠃ ᠸᠠᠩ ᠽᠧ ᠶᠤᠸᠡᠨ ᠤ《 | ᠬᠦᠢᠯᠡᠰᠦᠨ》ᠠᠮᠵᠢᠯᠳᠠ ᠶᠢᠨ ᠵᠠᠮ ᠢᠡᠭᠬᠢᠵᠦ ᠨᠡᠬᠡᠬᠡᠷᠡᠵᠦ ᠪᠢᠯᠡ᠃ | 2021 ᠤᠨ ᠳᠤ᠂ ᠹᠦ᠋ ᠯᠤ᠋ ᠼᠦᠨ ᠲᠤᠰᠬᠤᠨ ᠲᠤᠬᠠᠢ ᠶᠢᠨ ᠭᠠᠵᠠᠷ ᠤᠨ ᠢᠶᠠᠨ ᠲᠦᠮᠡᠨ ᠮᠤ᠋ ᠬᠦᠢᠯᠡᠰᠦᠨ ᠤᠢ ᠶᠢᠨ ᠰᠠᠭᠤᠷᠢᠨ ᠭᠠᠵᠠᠷ ᠲᠠᠭᠠᠨ ᠲᠦᠰᠢᠭᠯᠡᠨ | ᠦᠪᠦᠷ ᠮᠤᠩᠭᠤᠯ ᠤᠨ ᠯᠢᠶᠠᠩ ᠹᠸᠡᠭ ᠶᠤᠸᠡᠨ ᠮᠠᠯ ᠲᠠᠷᠢᠶᠠᠯᠠᠩ ᠤᠨ ᠦᠢᠯᠡᠰ ᠤᠨ ᠬᠢᠵᠠᠭᠠᠷᠳᠤ ᠺᠤᠮᠫᠠᠨᠢ ᠶᠢ ᠲᠠᠩᠰᠠᠯᠠᠭᠤᠯᠵᠦ᠂ ᠤᠯᠠᠮᠵᠢᠯᠠᠯᠳᠤ ᠬᠦᠢᠯᠡᠰᠦᠨ ᠴᠡᠢ ᠶᠢ | ᠦᠢᠯᠡᠳᠪᠤᠷᠢᠯᠡᠨ ᠪᠤᠷᠤᠯᠠᠭᠤᠯᠵᠦ ᠬᠦᠭᠵᠢᠬᠦᠯᠦᠨ᠂ ᠤᠯᠠᠨ ᠡᠰᠢᠵᠢᠭᠰᠡᠨ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠵᠬᠠᠪᠤᠷ ᠢ ᠡᠷᠢᠯᠬᠢᠯᠡᠨ᠂ ᠲᠤᠰᠬᠤᠨ ᠤ ᠬᠠᠮᠳᠤ | ᠶᠢᠨ ᠠᠵᠤ ᠠᠬᠤᠢ ᠶᠢ ᠤᠯᠠᠨ ᠲᠠᠯ᠎ᠠ ᠪᠠᠷ ᠬᠦᠭᠵᠢᠬᠦᠯᠵᠦ《ᠤᠨᠴᠠᠯᠢᠬᠳᠤ ᠬᠦᠳᠡᠭᠡ ᠲᠤᠰᠬᠤᠨ ᠤ ᠵᠢᠭᠤᠯᠴᠢᠯᠠᠯ᠂ ᠰᠠᠭᠤᠬᠤ ᠳᠤ ᠲᠠᠭᠠᠳᠡᠢ ᠠᠮᠢ ᠠᠬᠤᠢ ᠶᠢᠨ | ᠲᠤᠰᠬᠤᠨ》 ᠢᠶᠠᠷ ᠨᠢᠬᠡ ᠴᠤᠬᠴᠠᠵᠢᠭᠤᠯᠤᠬᠰᠠᠨ ᠦᠵᠡᠰᠬᠦᠯᠠᠩᠳᠤ ᠰᠠᠶᠢᠬᠠᠨ ᠬᠦᠳᠡᠭᠡ ᠲᠤᠰᠬᠤᠨ ᠢ ᠴᠤᠬᠴᠠᠯᠠᠵᠡᠢ᠃ ᠢᠡᠭᠬᠢᠬᠡᠳ《 ᠬᠦᠢᠯᠡᠰᠦᠨ ᠴᠡᠢ 》 ᠶᠢ《 | ᠬᠦᠢᠯᠡᠰᠦᠨ ᠠᠮᠳᠠᠳᠤ ᠴᠡᠢ》ᠪᠤᠯᠭᠠᠨ ᠬᠤᠪᠢᠷᠠᠭᠤᠯᠵᠡᠢ᠃ | ᠵᠢᠵᠢᠭᠭᠡᠨ ᠬᠦᠢᠯᠡᠰᠦ ᠪᠠᠶᠢᠳᠠᠯ᠎ᠠ ᠲᠠᠷᠢᠶᠠᠴᠢᠳ ᠢ ᠲᠠᠶᠢᠴᠢᠯᠠᠨ ᠤᠷᠤᠯᠭ᠎ᠠ ᠶᠢ ᠨᠢ ᠨᠡᠮᠡᠭᠳᠡᠬᠦᠯᠵᠦ ᠪᠠᠶᠠᠵᠢᠭᠤᠯᠤᠨ᠂ ᠨᠢᠬᠡᠨ ᠠᠵᠤ ᠦᠢᠯᠡᠰ ᠢ ᠬᠦᠭᠵᠢᠬᠦᠯᠦᠨ᠂ | 《 ᠠᠵᠤ ᠦᠢᠯᠡᠰ ᠬᠦᠭᠵᠢᠭᠰᠡᠨ᠂ ᠠᠮᠢ ᠠᠬᠤᠢ ᠶᠢᠨ ᠰᠠᠭᠤᠷᠢᠰᠢᠬᠤ ᠳᠤ ᠲᠠᠭᠠᠳᠡᠢ᠂ ᠠᠮᠢᠳᠤᠷᠠᠯ ᠴᠢᠨᠡᠬᠡᠯᠢᠭ》ᠪᠠᠶᠠᠵᠢᠯ ᠤᠨ ᠬᠠᠷᠭᠤᠢ ᠶᠢ ᠨᠡᠬᠡᠬᠡᠵᠦ᠂ ᠲᠤᠰᠬᠤᠨ | ᠤ ᠠᠷᠠᠳ ᠲᠤ ᠠᠯᠳᠠ ᠮᠦᠡᠭᠬᠦᠨ ᠠᠭᠤᠯᠠ ᠶᠢ ᠨᠡᠬᠡᠬᠡᠵᠦ ᠦᠭᠬᠦᠭᠰᠡᠨ ᠮᠦᠷᠳᠡᠬᠡᠨ ᠬᠦᠬᠡᠮᠳᠦᠭ ᠨᠤᠭᠤᠭᠠᠨ ᠠᠭᠤᠯᠠ ᠤᠰᠤ ᠶᠢ ᠪᠤᠢ ᠪᠤᠯᠭᠠᠵᠦ ᠦᠭᠴᠡᠢ᠃ | | | | |