ᠱᠢ ᠡᠯ ᠯᠢᠶᠠᠨ ᠴᠧᠩ ᠰᠢᠶᠠᠩ ᠭᠤᠸᠠ ᠵᠢᠮᠢᠰ ᠢᠳᠡᠰᠢᠨ ᠨᠣᠭᠤᠭ᠎ᠠ ᠶᠢ ︽ᠰᠢᠨ᠎ᠠ ᠰᠤᠷᠭᠤᠭ︾ ᠢᠶᠠᠷ ᠨᠢ ᠵᠠᠬ᠎ᠠ ᠳᠡᠯᠭᠡᠭᠦᠷ ᠲᠤ ᠭᠠᠷᠭᠠᠨ᠎ᠠ
ᠨᠡᠶᠢᠲᠡᠯᠡᠭᠰᠡᠨ ᠴᠠᠭ᠄
2022/4/25
    ᠳᠥᠷᠪᠡᠳᠦᠭᠡᠷ ᠰᠠᠷ᠎ᠠ ᠂ ᠪᠠᠰᠠ ᠯᠠ ᠭᠤᠸᠠ ᠵᠢᠮᠢᠰ ᠢᠳᠡᠳᠡᠭ ᠤᠯᠠᠷᠢᠯ ᠪᠣᠯᠣᠯ᠎ᠠ︕    ᠱᠢ ᠡᠯ ᠯᠢᠶᠠᠨ ᠴᠧᠩ ᠰᠢᠶᠠᠩ ᠬᠦᠯᠡᠮᠵᠢᠨ ᠳᠠᠬᠢ ᠡᠯ᠎ᠡ ᠲᠦᠷᠦᠯ ᠤᠨ ᠭᠤᠸᠠ ᠵᠢᠮᠢᠰ ᠢᠳᠡᠰᠢᠨ ᠨᠣᠭᠤᠭ᠎ᠠ ᠪᠠᠨ ︽ᠰᠢᠨ᠎ᠡ ᠰᠣᠷᠭᠤᠭ︾︾  ᠢᠶᠠᠷ ᠨᠢ ᠵᠠᠬ᠎ᠠ ᠳᠡᠯᠭᠡᠭᠦᠷ ᠲᠤ ᠭᠠᠷᠭᠠᠬᠤ ᠪᠠᠷ ᠴᠢᠷᠮᠠᠶᠢᠵᠤ᠂ ᠤᠶᠢᠷ᠎ᠠ ᠬᠠᠪᠢ ᠶᠢᠨ ᠤᠯᠠᠨ ᠲᠦᠮᠡᠨ ᠤ ︽ᠢᠳᠡᠰᠢᠨ ᠨᠣᠭᠤᠭ᠎ᠠ ᠶᠢᠨ ᠰᠠᠬᠰᠤ︾ ᠶᠢ ᠪᠠᠶᠠᠯᠢᠭᠵᠢᠭᠤᠯᠬᠤ ᠶᠢᠨ ᠬᠠᠮᠲᠤ᠂ ᠲᠠᠷᠢᠮᠠᠯ ᠤᠨ ᠡᠷᠦᠭᠡ ᠴᠦ ᠰᠠᠶᠢᠨ ᠰᠠᠶᠢᠬᠠᠨ ᠰᠢᠨ᠎ᠡ ᠬᠦᠰᠡᠯ ᠡᠷᠡᠮᠡᠯᠵᠡᠯ ᠲᠠᠢ ᠪᠣᠯᠵᠤ  ᠪᠠᠶᠢᠨ᠎ᠠ᠃
果1.jpg   ᠱᠢ ᠡᠯ ᠯᠢᠶᠠᠨ ᠴᠧᠩ ᠰᠢᠶᠠᠩ ᠤᠨ ᠦ᠋ ᠵᠢᠶᠠ ᠶᠣᠣ ᠲᠣᠰᠬᠤᠨ ᠤ ᠶᠠᠩ ᠮᠧᠢ ᠷᠧᠨ ᠤ  ᠬᠦᠯᠡᠮᠵᠢᠨ ᠳᠤ ᠣᠷᠣᠬᠤ ᠳᠤ᠂ ᠲᠣᠮᠣ ᠠᠮᠲᠠᠲᠤ ᠬᠡᠮᠬᠡ
ᠣᠷᠢᠶᠠᠩᠭᠤ ᠶᠢᠨ ᠵᠡᠯ᠎ᠡ ᠳᠡᠭᠡᠷ᠎ᠡ ᠡᠯᠭᠦᠭᠳᠡᠨ᠂ ᠨᠣᠭᠤᠭᠠᠨ ᠨᠠᠪᠴᠢᠷᠭ᠎ᠠ ᠶᠢᠨ ᠳᠤᠮᠳᠠ ᠪᠦᠷᠦᠭ ᠪᠠᠷᠤᠭ ᠬᠠᠷᠠᠭᠳᠠᠵᠤ᠂ ᠠᠩᠬᠢᠯᠤᠮ᠎ᠠ ᠦᠨᠦᠷ  ᠬᠠᠩᠬᠤᠯᠤᠨ᠎ᠠ᠃ ᠲᠡᠳᠡ ᠭᠡᠷ ᠢᠶᠠᠷ ᠢᠶᠠᠨ ᠪᠣᠯᠪᠠᠰᠤᠷᠠᠭᠰᠠᠨ ᠠᠮᠲᠠᠲᠤ ᠬᠡᠮᠬᠡ ᠪᠠᠨ ᠲᠡᠭᠦᠵᠦ᠂ ᠰᠢᠭᠰᠢᠨ ᠰᠣᠩᠭᠤᠵᠤ᠂ ᠬᠠᠶᠢᠷᠴᠠᠭ ᠲᠤ ᠰᠠᠪᠠᠯᠠᠨ  ᠵᠢᠩᠯᠡᠨ᠎ᠠ᠃ ︽ᠪᠢ ᠠᠷᠪᠠᠭᠠᠳ ᠵᠢᠯ  ᠬᠦᠯᠡᠮᠵᠢᠨ ᠳᠤ ᠭᠤᠸᠠ ᠵᠢᠮᠢᠰ ᠢᠳᠡᠰᠢᠨ ᠨᠤᠭᠤᠭ᠎ᠠ ᠳᠠᠷᠢᠵᠠᠢ᠂ ᠡᠨᠡ ᠵᠢᠯ ᠨᠢᠭᠡ  ᠬᠦᠯᠡᠮᠵᠢᠨ ᠤ ᠠᠮᠲᠠᠲᠤ ᠬᠡᠮᠬᠡ᠂ ᠬᠤᠶᠠᠷ  ᠬᠦᠯᠡᠮᠵᠢᠨ ᠤ ᠲᠥᠪᠡᠳ ᠬᠠᠰᠢ ᠳᠠᠷᠢᠪᠠ᠂ ᠡᠨᠡ ᠬᠤᠶᠠᠷ ᠡᠳᠦᠷ ᠠᠮᠳᠠᠳᠤ ᠭᠡᠮᠭᠡ ᠨᠢ ᠵᠠᠬ᠎ᠠ ᠳᠡᠯᠭᠡᠭᠦᠷ ᠲᠤ ᠭᠠᠷᠴᠤ ᠪᠠᠶᠢᠨ᠎ᠠ᠂  ᠮᠠᠨᠠᠶᠢᠬᠢᠨ  ᠡᠨᠡ ᠵᠢᠯ 3000 ᠭᠠᠷᠤᠢ ᠵᠢᠩ ᠠᠮᠳᠠᠳᠤ ᠭᠡᠮᠭᠡ ᠬᠤᠷᠢᠶᠠᠵᠤ᠂ ᠨᠢᠭᠡ ᠵᠢᠩ ᠢ ᠨᠢ 12 ᠲᠥᠭᠦᠷᠢᠭ ᠢᠶᠠᠷ ᠪᠤᠳᠤᠪᠠᠯ᠂ ᠭᠤᠷᠪᠠ ᠲᠦᠷᠪᠡᠨ ᠲᠦᠮᠡᠨ ᠲᠥᠭᠦᠷᠢᠭ ᠤᠨ ᠣᠷᠣᠯᠭ᠎ᠠ ᠣᠯᠬᠤ ᠪᠣᠯᠣᠨ᠎ᠠ︾ ᠭᠡᠮᠡᠨ ᠶᠠᠩ ᠮᠧᠶ ᠷᠧᠨ ᠲᠠᠨᠢᠯᠴᠠᠭᠤᠯᠤᠨ᠎ᠠ᠂ ᠡᠨᠡ ᠵᠢᠯ ᠤᠨ ᠠᠮᠲᠠᠲᠤ ᠬᠡᠮᠬᠡ ᠶᠢᠨ ᠶᠡᠷᠦᠩᠬᠡᠢ ᠤᠷᠭᠤᠴᠠ ᠪᠠ ᠭᠠᠷᠤᠯᠲᠠ ᠨᠢ ᠴᠥᠮ ᠵᠦᠭᠡᠷ ᠪᠠᠶᠢᠨ᠎ᠠ᠂ ᠳᠡᠷᠡᠴᠢᠯᠡᠨ ᠡᠨᠡ ᠵᠢᠯ  ᠹᠦ᠋ ᠰᠢᠨ ᠤ ᠲᠥᠷᠥᠯ ᠢ ᠰᠢᠨ᠎ᠡ ᠪᠠᠷ ᠰᠣᠩᠭᠤᠭᠰᠠᠨ  ᠶᠤᠮ᠂ ᠡᠨᠡ ᠨᠢ ᠶᠢᠨ ᠹᠧᠢ  ᠶᠢᠨ ᠳᠦᠷᠤᠯ ᠤᠨ ᠠᠮᠲᠠᠲᠤ ᠬᠡᠮᠬᠡ  ᠲᠠᠢ ᠠᠳᠠᠯᠢᠳᠬᠠᠪᠠᠯ ᠬᠠᠯᠢᠰᠤ ᠨᠢ ᠨᠢᠮᠭᠡᠨ᠂ ᠠᠮᠲᠠ ᠨᠢ ᠰᠠᠶᠢᠨ ᠪᠠᠶᠢᠵᠤ᠂ ᠠᠳᠠᠯᠢ ᠨᠥᠬᠦᠴᠡᠯ ᠳᠣᠣᠷ᠎ᠠ ᠹᠦ᠋ ᠰᠢᠨ ᠤ ᠳᠦᠷᠤᠯ ᠤᠨ ᠠᠮᠳᠠᠳᠤ ᠭᠡᠮᠭᠡ ᠨᠢ ᠪᠤᠷᠤᠯᠠᠭᠤᠯᠭ᠎ᠠ ᠪᠠᠷ ᠨᠠᠩ ᠰᠠᠶᠢᠨ ᠪᠠᠶᠢᠨ᠎ᠠ ᠭᠡᠬᠦ ᠶᠤᠮ᠃
果2.jpg
    ᠳᠡᠷᠭᠡᠨ ᠳᠡᠭᠡᠨ ᠭᠤᠸᠠ ᠲᠡᠭᠡᠭᠡᠵᠦ ᠪᠠᠶᠢᠭᠰᠠᠨ ᠬᠤᠳᠠᠯᠳᠤᠭᠠᠴᠢᠨ ᠴᠧᠨ ᠳ᠋ᠡ ᠯᠧᠢ ᠄ ︽ᠪᠢ  ᠳ᠋ᠦᠩᠱᠧᠩ ᠠᠴᠠ ᠢᠷᠡᠵᠤ ᠠᠮᠲᠠᠲᠤ ᠬᠡᠮᠬᠡ ᠲᠡᠭᠡᠭᠡᠵᠦ ᠪᠠᠶᠢᠨ᠎ᠠ᠂ ᠮᠠᠨ ᠤ ᠠᠳᠡᠬᠢ ᠠᠮᠲᠠᠲᠤ ᠬᠡᠮᠬᠡ ᠶᠢᠨ ᠠᠮᠲᠠ  ᠰᠠᠶᠢᠬᠠᠨ᠂  ᠪᠤᠬᠢᠷᠳᠤᠯ ᠦᠭᠡᠢ ᠪᠠᠶᠢᠵᠤ᠂ ᠵᠢᠭᠠᠬᠠᠨ ᠴᠤ ᠲᠠᠷᠢᠶᠠᠨ ᠡᠮ ᠰᠠᠴᠤᠬᠰᠠᠨ ᠦᠭᠡᠢ ᠪᠠᠷ ᠢᠶᠠᠨ᠂ ᠵᠠᠬ᠎ᠠ ᠳᠡᠯᠭᠡᠭᠦᠷ  ᠳᠡᠭᠡᠷ᠎ᠠ ᠰᠠᠶᠢᠨ ᠰᠤᠷᠠᠭ ᠲᠠᠢ ᠪᠠᠶᠢᠵᠤ᠂ ᠪᠣᠷᠤᠯᠠᠭᠤᠯᠭ᠎ᠠ ᠶᠢᠨ ᠵᠠᠮ  ᠮᠦᠷ ᠨᠢ ᠴᠤ ᠮᠠᠰᠢ ᠰᠠᠶᠢᠨ᠂ ᠬᠤᠳᠠᠯᠳᠤᠬᠤ ᠠᠴᠠ ᠵᠢᠭᠠᠬᠠᠨ ᠴᠤ ᠵᠣᠪᠠᠭ᠋ᠤ ᠦᠭᠡᠢ ︾  ᠭᠡᠵᠤ ᠶᠠᠷᠢᠨ᠎ᠠ᠃
果3.jpg
果4.jpg
果5.png    ᠱᠢ ᠡᠯ ᠯᠢᠶᠠᠨ ᠴᠧᠩ ᠰᠢᠶᠠᠩ ᠤᠨ ᠰᠠᠨ ᠱᠢ ᠴᠢᠩ ᠳ᠋ᠢ ᠲᠣᠰᠬᠤᠨ ᠳᠤ᠂ ᠲᠣᠰᠬᠤᠨ ᠤ ᠠᠷᠠᠳ ᠢᠦᠢ ᠹᠧᠩ ᠬᠤᠸᠠᠩ ᠬᠦᠯᠡᠮᠵᠢ ᠳᠡᠭᠡᠨ ᠰᠠᠶ᠋ᠢᠬᠠᠨ
ᠪᠣᠯᠪᠠᠰᠤᠷᠠᠭᠰᠠᠨ ᠳᠤᠰᠤᠯᠢᠭ ᠲᠤᠭᠤᠷ᠂ ᠥᠯᠵᠡᠶᠢᠲᠦ ᠲᠤᠭᠤᠷ  ᠢ ᠲᠡᠭᠦᠵᠦ᠂ ᠲᠦᠷᠦᠯ ᠬᠤᠪᠢᠶᠠᠨ ᠬᠠᠶᠢᠷᠴᠠᠭᠯᠠᠵᠤ ᠪᠠᠶᠢᠯ᠎ᠠ᠃ ᠢᠦᠢ ᠹᠧᠩ ᠬᠤᠸᠠᠩ ᠰᠤᠷᠪᠤᠯᠵᠢᠯᠠᠭᠴᠢ ᠳᠤ᠂ ᠡᠨᠡ ᠵᠢᠯ  ᠳᠡᠳᠡᠨᠡᠶᠢᠬᠢᠨ 30 ᠮᠦ  ᠶᠢᠨ ᠬᠦᠯᠡᠮᠵᠢ ᠳᠠᠷᠢᠵᠤ᠂ ᠴᠥᠮ ᠲᠣᠰᠣᠯᠢᠭ ᠲᠤᠭᠤᠷ᠂  ᠥᠯᠵᠡᠶᠢᠲᠦ ᠲᠤᠭᠤᠷ ᠮᠡᠲᠦ ᠶᠢᠨ ᠭᠤᠸᠠ ᠵᠢᠮᠢᠰ ᠳᠠᠷᠢᠵᠠᠢ᠃ ᠱᠢ ᠡᠯ ᠯᠢᠶᠠᠨ ᠴᠧᠩ ᠰᠢᠶᠠᠩ ᠤᠨ ᠤᠰᠤᠨ ᠤ ᠡᠬᠢ ᠰᠤᠷᠪᠤᠯᠵᠢ ᠡᠯᠪᠡᠭ᠂ ᠤᠰᠤᠯᠠᠯᠲᠠ ᠳᠤ ᠠᠰᠢᠭᠲᠠᠢ᠂ ᠬᠥᠷᠥᠰᠥ ᠰᠢᠷᠣᠢ  ᠨᠢ ᠰᠢᠮ᠎ᠡ ᠰᠠᠶᠢᠲᠠᠢ ᠪᠠᠶᠢᠳᠠᠭ ᠳᠠᠪᠠᠭᠤᠯᠢᠭ ᠲᠤ ᠲᠦᠰᠢᠭᠯᠡᠭᠰᠡᠨ ᠶᠤᠮ᠂  ᠳᠡᠶᠢᠮᠤ ᠪᠠᠷ ᠢᠶᠠᠨ ᠡᠯ᠎ᠡ ᠲᠥᠷᠥᠯ ᠤᠨ ᠭᠤᠸᠠ ᠵᠢᠮᠢᠰ ᠤᠨ ᠠᠮᠲᠠ ᠨᠢ ᠮᠠᠰᠢ ᠰᠠᠶᠢᠨ ᠮᠥᠷᠲᠡᠭᠡᠨ ᠪᠣᠬᠢᠷᠳᠤᠯ ᠦᠭᠡᠢ ᠡᠷᠡᠭᠦᠯ  ᠮᠡᠨᠳᠤ ᠳᠤ ᠳᠤᠰᠠᠳᠠᠢ ᠪᠠᠶᠢᠵᠤ᠂ ᠬᠤᠰᠢᠭᠤᠨ ᠤ ᠳᠣᠲᠣᠨ᠎ᠠ ᠭᠠᠳᠠᠨᠠᠬᠢ  ᠭᠡᠷᠡᠭᠯᠡᠭᠴᠢᠳ ᠤᠨ ᠲᠠᠭᠠᠰᠢᠶᠠᠯ ᠢ ᠶᠡᠬᠡᠳᠡ ᠣᠯᠣᠭᠰᠠᠨ ᠪᠠᠶᠢᠨ᠎ᠠ᠃ ᠵᠢᠯ ᠪᠦᠷᠢ ᠵᠠᠬ᠎ᠠ ᠳᠡᠯᠭᠡᠭᠦᠷ ᠲᠤ ᠭᠠᠷᠤᠮᠠᠭᠴᠠ ᠶᠡᠭᠡ ᠬᠡᠮᠵᠢᠶᠡᠨ ᠤ ᠬᠤᠳᠠᠯᠳᠤᠭᠠᠴᠢᠨ ᠢᠷᠡᠵᠦ ᠬᠤᠳᠠᠯᠳᠤᠨ ᠠᠪᠲᠠᠭ ᠭᠡᠵᠤ ᠶᠠᠷᠢᠨ᠎ᠠ᠃
果6.jpg     ᠣᠶᠢᠷ᠎ᠠ ᠶᠢᠨ ᠵᠢᠯ ᠠᠴᠠ ᠨᠠᠭᠠᠰᠢ᠂ ᠱᠢ ᠡᠯ ᠯᠢᠶᠠᠨ ᠴᠧᠩ ᠰᠢᠶᠠᠩ ᠤᠨ ᠬᠢᠨ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ᠂ ᠲᠥᠬᠦᠭᠡᠷᠦᠮᠵᠢᠲᠦ
ᠲᠠᠷᠢᠶᠠᠯᠠᠩ ᠢ ᠶᠡᠬᠡᠪᠡᠷ ᠬᠥᠭᠵᠢᠭᠦᠯᠵᠦ᠂ ᠬᠡᠳᠦᠨ ᠵᠢᠯ ᠤᠨ ᠬᠥᠭᠵᠢᠯᠲᠡ ᠪᠠᠷ ᠳᠠᠮᠵᠢᠭᠠᠳ᠂ ᠤᠳᠤ ᠲᠤᠰᠤᠯᠢᠭ ᠲᠤᠭᠤᠷ᠂ ᠠᠮᠲᠠᠲᠤ ᠬᠡᠮᠬᠡ᠂ ᠥᠯᠵᠡᠶᠢᠲᠦ ᠲᠤᠭᠤᠷ ᠵᠡᠷᠭᠡ ᠡᠯ᠎ᠡ ᠲᠦᠷᠦᠯ ᠤᠨ ᠭᠤᠸᠠ ᠵᠢᠮᠢᠰ ᠤᠨ ᠲᠠᠷᠢᠮᠠᠯ ᠤᠨ ᠬᠡᠪᠴᠢᠶᠡᠵᠢᠯ ᠢ ᠪᠦᠷᠢᠯᠳᠦᠭᠦᠯᠵᠦ᠂ ᠲᠤᠬᠠᠢ ᠶᠢᠨ ᠭᠠᠵᠠᠷ ᠤᠨ ᠣᠨᠴᠠᠯᠢᠭᠲᠤ ᠠᠵᠤ ᠦᠢᠯᠡᠰ ᠪᠣᠯᠵᠤ᠂ ᠲᠣᠰᠬᠤᠨ ᠤ ᠠᠷᠠᠳ ᠤᠨ ᠵᠣᠭᠤᠰ ᠤᠨ ᠴᠦᠩᠬᠦ ᠶᠢ  ᠳᠦᠨᠳᠦᠶᠢᠯᠭᠡᠭᠰᠡᠨ ᠢᠶᠠᠷ ᠪᠠᠷᠠᠬᠤ ᠦᠭᠡᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠷᠬᠡᠭ ᠶᠡᠭᠡ ᠬᠥᠳᠡᠯᠭᠡᠭᠦ ᠬᠦᠴᠦᠨ ᠨᠡᠮᠡᠷᠢᠯᠡᠵᠤ ᠪᠠᠶᠢᠨ᠎ᠠ᠃
ᠢᠷᠡᠯᠲᠡ᠄ ︽ᠥᠨᠥᠳᠥᠷ ᠤᠨ ᠵᠡᠭᠦᠨᠭᠠᠷ︾ ᠳᠠᠪᠴᠠᠩ