ᠡᠷᠳᠡ ᠲᠡᠭᠡᠷ᠎ᠡ ᠦᠶ᠎ᠡ ᠠᠴᠠ ᠬᠦᠮᠦᠰ ᠮᠦᠡᠭᠬᠦᠨ ᠡᠳ᠋ᠯᠡᠯ ᠬᠡᠷᠡᠭᠰᠡᠯ᠂ ᠵᠠᠰᠠᠯ ᠵᠢᠮᠰᠡᠭ ᠢ ᠲᠦᠭᠡᠮᠡᠯ ᠬᠡᠷᠡᠭᠯᠡᠭᠰᠡᠭᠡᠷ ᠢᠷᠡᠭᠰᠡᠨ ᠶᠤᠮ᠃ ᠡᠬᠦᠨ ᠳᠤ | ᠮᠤᠩᠭᠤᠯᠴᠤᠳ ᠤᠨ ᠦᠷᠭᠡᠨ ᠬᠡᠷᠡᠭᠯᠡᠳᠡᠭ ᠮᠦᠡᠭᠭᠦᠨ ᠡᠳ᠋ᠯᠡᠯ ᠬᠡᠷᠡᠭᠰᠡᠯ ᠢᠶᠠᠷ ᠵᠢᠱᠢᠶᠡᠯᠡᠬᠦ ᠳᠤ ᠭᠤᠤᠯᠳᠠᠭᠤ ᠮᠦᠡᠭᠬᠦᠨ ᠠᠶᠠᠭ᠎ᠠ᠂ ᠮᠦᠡᠭᠭᠦᠨ ᠬᠤᠨᠳᠠᠭ᠎ᠠ᠂ ᠮᠦᠡᠭᠭᠦᠨ | ᠲᠠᠪᠠᠭ᠂ ᠮᠦᠡᠭᠭᠦᠨ ᠬᠠᠯᠪᠠᠭ᠎ᠠ᠂ ᠮᠦᠡᠭᠭᠦᠨ ᠰᠠᠪᠬ᠎ᠠ᠂ ᠮᠦᠡᠭᠭᠦᠨ ᠬᠢᠳᠤᠭ᠎ᠠ ᠬᠡᠬᠦ ᠮᠡᠳᠦᠴᠢᠯᠡᠨ ᠤᠯᠠᠨ ᠪᠠᠶᠢᠳᠠᠭ ᠪᠤᠯ ᠵᠠᠰᠠᠯ ᠵᠢᠮᠰᠡᠭ ᠤᠨ ᠬᠤᠪᠢ ᠳᠤ | ᠲᠤᠯᠤᠭᠠᠢ ᠶᠢᠨ ᠵᠠᠰᠠᠯ ᠠᠴᠠ ᠡᠬᠢᠯᠡᠭᠡᠳ ᠮᠦᠡᠭᠭᠦᠨ ᠡᠭᠡᠮᠦᠭ ᠪᠦᠭᠡᠵᠢ᠂ ᠮᠦᠡᠭᠭᠦᠨ ᠰᠤᠨᠳᠤᠷ᠂ ᠮᠦᠡᠭᠭᠦᠨ ᠪᠠᠭᠤᠤ ᠭᠡᠳ ᠪᠠᠰᠠ ᠤᠯᠠᠨ ᠲᠦᠷᠦᠯ ᠪᠤᠢ᠃ | ᠮᠦᠡᠭᠭᠦᠨ ᠤ ᠵᠦᠢᠯᠡᠰ ᠨᠢ ᠬᠦᠮᠦᠨ ᠢ ᠤᠯᠠᠮ ᠡᠷᠬᠢᠮᠰᠦᠭ ᠭᠤᠸ᠎ᠠ ᠬᠠᠷᠠᠭᠳᠠᠭᠤᠯᠬᠤ ᠮᠦᠷᠳᠡᠭᠡᠨ ᠲᠡᠭᠦᠨ ᠳᠤ ᠪᠠᠺᠲ᠋ᠧᠷᠢ ᠠᠯᠠᠬᠤ᠂ ᠬᠤᠤᠷ ᠲᠠᠨᠢᠬᠤ᠂ ᠶᠠᠰᠦ | ᠬᠠᠮᠠᠭᠠᠯᠠᠬᠤ ᠵᠡᠷᠭᠡ ᠪᠡᠶ᠎ᠡ ᠶᠢᠨ ᠡᠷᠡᠬᠦᠯ ᠮᠡᠨᠳᠦ ᠳᠤ ᠠᠴᠢ ᠲᠤᠰᠠ ᠲᠠᠢ ᠰᠢᠨᠵᠢᠯᠡᠬᠦ ᠤᠬᠠᠭᠠᠨᠴᠢ ᠴᠢᠨᠠᠷ ᠤᠷᠤᠰᠢᠳᠠᠭ᠃ ᠴᠡᠭᠡ ᠶᠢ ᠮᠦᠡᠭᠭᠦᠨ ᠠᠶᠠᠭᠠᠨ ᠳᠤ ᠬᠢᠪᠡᠯ᠂ | ᠰᠢᠨ᠎ᠡ ᠰᠤᠷᠭᠤᠭ ᠢ ᠨᠢ ᠪᠠᠳᠤᠯᠠᠳᠠᠭ᠃ ᠡᠨᠡ ᠨᠢ ᠲᠠᠷᠤᠢ ᠮᠦᠡᠭᠭᠦᠨ ᠳᠤ ᠪᠠᠺᠲ᠋ᠧᠷᠢ ᠤᠰᠠᠳᠬᠠᠬᠤ ᠦᠢᠯᠡᠳᠦᠯ ᠲᠠᠢ ᠭᠡᠳᠡᠭ ᠢ ᠬᠠᠷᠠᠭᠤᠯᠵᠤ ᠪᠠᠶᠢᠭ᠎ᠠ ᠨᠢᠭᠡ ᠵᠢᠱᠢᠶ᠎ᠡ | ᠶᠤᠮ᠃ ᠲᠤᠰᠬᠠᠢ ᠮᠡᠷᠭᠡᠵᠢᠯᠳᠡᠳ ᠰᠤᠳᠤᠯᠭᠠᠨ ᠢᠶᠠᠷ ᠲᠠᠮᠵᠢᠨ ᠡᠩ ᠤᠨ ᠡᠪᠡᠳᠴᠢᠨ ᠡᠰᠡᠷᠬᠦᠴᠡᠬᠦ ᠡᠯᠧᠮᠧᠨ᠋ᠲ ᠨᠢ ᠵᠢᠷᠭᠤᠭᠠᠨ ᠵᠦᠢᠯ ᠤᠨ ᠠᠳᠠᠯᠢ ᠪᠤᠰᠤ | ᠡᠪᠡᠳᠴᠢᠨ ᠤ ᠡᠬᠦᠰᠪᠦᠷᠢ ᠴᠤᠭᠴᠠ ᠶᠢ ᠤᠰᠠᠳᠬᠠᠵᠤ ᠴᠢᠳᠠᠳᠠᠭ ᠪᠤᠯ ᠮᠦᠡᠭᠬᠦ ᠠᠭᠤᠯᠤᠭᠰᠠᠨ ᠡᠪᠡᠳᠴᠢᠨ ᠢ ᠡᠰᠡᠷᠬᠦᠴᠡᠬᠦ ᠡᠯᠧᠮᠧᠨ᠋ᠲ ᠨᠢ ᠬᠠᠷᠢᠨ 650 ᠵᠦᠢᠯ ᠠᠴᠠ | ᠲᠡᠭᠡᠭᠰᠢᠬᠢ ᠡᠪᠡᠳᠴᠢᠨ ᠤ ᠡᠬᠦᠰᠪᠦᠷᠢ ᠴᠤᠭᠴᠠ ᠶᠢ ᠤᠰᠠᠳᠬᠠᠳᠠᠭ ᠭᠡᠵᠤ ᠬᠡᠷᠡᠴᠢᠯᠡᠭᠰᠡᠨ ᠶᠤᠮ᠃ | ᠡᠶᠢᠨ ᠬᠦ ᠮᠦᠡᠭᠭᠦᠨ ᠠᠶᠠᠭ᠎ᠠ ᠰᠠᠪᠬ᠎ᠠ ᠶᠢ ᠦᠷᠬᠦᠯᠵᠢ ᠡᠳ᠋ᠯᠡᠵᠤ ᠬᠡᠷᠡᠭᠯᠡᠬᠦ ᠨᠢ ᠬᠤᠳᠤᠭᠤᠳᠤ ᠬᠡᠳᠡᠰᠦ ᠶᠢ ᠠᠷᠢᠭᠤᠳᠬᠠᠨ ᠠᠯᠢᠪᠠ ᠡᠪᠡᠳᠴᠢᠨ ᠡᠬᠦᠰᠭᠡᠭᠴᠢ | ᠨᠢᠶᠠᠨ ᠪᠢᠴᠢᠯ ᠡᠯᠧᠮᠧᠨ᠋ᠲ ᠢ ᠤᠰᠠᠳᠬᠠᠬᠤ ᠦᠢᠯᠡᠳᠦᠯ ᠲᠠᠢ ᠪᠠᠶᠢᠳᠠᠭ᠃ ᠲᠡᠭᠡᠪᠡᠯ ᠮᠦᠡᠭᠬᠦᠨ ᠤ ᠬᠤᠤᠷ ᠢ ᠲᠠᠨᠢᠬᠤ ᠦᠢᠯᠡᠳᠦᠯ ᠤᠨ ᠲᠠᠯ᠎ᠠ ᠪᠠᠷ ᠪᠢᠳᠡ ᠨᠡᠩ ᠴᠦ | ᠠᠨᠳᠠᠬᠤ ᠦᠭᠡᠢ ᠰᠠᠶᠢᠨ ᠮᠡᠳᠡᠳᠡᠭ᠃ ᠡᠷᠳᠡ ᠦᠶ᠎ᠡ ᠠᠴᠠ ᠬᠦᠮᠦᠰ ᠭᠤᠤᠯᠳᠠᠭᠤ ᠮᠦᠡᠭᠬᠦᠨ ᠠᠶᠠᠭ᠎ᠠ ᠰᠠᠪᠬ᠎ᠠ᠂ ᠮᠦᠡᠭᠬᠦᠨ ᠰᠠᠪᠠ ᠰᠠᠭᠤᠯᠠᠭ᠎ᠠ ᠵᠡᠷᠭᠡ ᠶᠢ ᠬᠡᠷᠡᠭᠯᠡᠵᠤ᠂ | ᠢᠳᠡᠭᠡᠨ ᠤᠮᠳᠠᠭᠠᠨ ᠳᠤ ᠬᠦᠷᠦᠯᠴᠡᠭᠰᠡᠨ ᠮᠦᠡᠭᠭᠦᠨ ᠤ ᠦᠡᠭᠭᠡ ᠬᠤᠪᠢᠷᠠᠪᠠᠯ ᠬᠤᠤᠷ ᠲᠠᠢ ᠭᠡᠵᠤ ᠰᠢᠯᠭᠠᠨ ᠲᠠᠨᠢᠳᠠᠭ ᠪᠠᠶᠢᠨ᠎ᠠ᠃ ᠲᠠᠭᠠᠤ ᠳᠤᠨᠢ ᠶᠠᠷᠢᠬᠤ ᠳᠤ᠂ | ᠭᠤᠪᠢ ᠨᠤᠳᠤᠭ ᠲᠤ ᠤᠷᠤᠰᠢᠨ ᠠᠮᠢᠳᠤᠷᠠᠳᠠᠭ ᠬᠦᠮᠦᠰ ᠤᠰᠤᠨ ᠭᠠᠩ ᠤᠨ ᠢᠶᠠᠨ ᠢᠷᠤᠭᠠᠷ ᠲᠤ ᠬᠡᠰᠡᠭ ᠮᠦᠡᠭᠬᠦ ᠲᠠᠯᠪᠢᠳᠠᠭ᠃ ᠢᠡᠭᠬᠢᠵᠤ ᠮᠦᠡᠭᠬᠦ ᠬᠢᠭᠰᠡᠨ ᠢᠶᠠᠷ | ᠵᠤᠨ ᠤ ᠬᠠᠯᠠᠭᠤᠨ ᠳᠤ ᠤᠰᠤ ᠨᠢ ᠦᠨᠦᠷ ᠤᠷᠤᠬᠤ ᠦᠭᠡᠢ ᠪᠠᠶᠢᠳᠠᠭ ᠭᠡᠨ᠎ᠡ᠃ | ᠮᠦᠡᠭᠭᠦᠨ ᠤ ᠤᠯᠠᠨ ᠲᠠᠪᠠᠭᠤᠯᠢᠭ ᠴᠢᠨᠠᠷ ᠢ ᠠᠯᠢ ᠡᠷᠳᠡ ᠲᠠᠨᠢᠵᠤ ᠮᠡᠳᠡᠷᠡᠨ᠂ ᠠᠮᠢᠳᠤᠷᠠᠯ ᠠᠬᠤᠢ ᠳᠠᠭᠠᠨ ᠵᠤᠬᠢᠴᠠᠭᠤᠯᠤᠨ ᠬᠡᠷᠡᠭᠯᠡᠵᠤ ᠢᠷᠡᠭᠰᠡᠨ ᠨᠢ ᠪᠢᠳᠡᠨ ᠤ | ᠡᠪᠦᠭᠡ ᠲᠡᠭᠡᠳᠦᠰ ᠤᠨ ᠭᠡᠭᠡᠨ ᠮᠡᠷᠭᠡᠨ ᠤᠢ ᠤᠬᠠᠭᠠᠨ ᠪᠤᠶᠤ᠃ ᠬᠡᠪᠡᠴᠦ ᠡᠨᠡ ᠬᠦ ᠤᠯᠠᠮᠵᠢᠯᠠᠯ ᠨᠢ ᠠᠯᠭᠤᠷ ᠠᠭᠠᠵᠢᠮ ᠢᠶᠠᠷ ᠭᠡᠭᠡᠭᠳᠡᠨ ᠤᠷᠬᠢᠭᠳᠠᠭᠰᠠᠭᠠᠷ ᠪᠠᠶᠢᠵᠤ᠂ | ᠮᠦᠡᠭᠬᠦ ᠶᠢ ᠤᠤᠯ ᠰᠢᠬ ᠬᠦᠨᠳᠦᠳᠬᠡᠨ ᠦᠷᠭᠡᠨ ᠢᠶᠠᠷ ᠬᠡᠷᠡᠭᠯᠡᠬᠦ ᠦᠬᠡᠢ ᠪᠤᠯᠵᠠᠢ᠃ ᠡᠶᠢᠮᠦ ᠠᠴᠠ ᠮᠦᠡᠭᠭᠦᠨ ᠤ ᠦᠢᠯᠡᠳᠦᠯ ᠬᠡᠷᠡᠭᠴᠡᠭᠡ ᠶᠢ ᠰᠢᠨᠵᠢᠯᠡᠬᠦ ᠤᠬᠠᠭᠠᠨ ᠢᠶᠠᠷ | ᠰᠤᠳᠤᠯᠤᠨ ᠰᠢᠨᠵᠢᠯᠡᠵᠤ᠂ ᠨᠡᠩ ᠤᠯᠠᠨ ᠬᠦᠮᠦᠰ ᠲᠤ ᠤᠶᠢᠢᠯᠠᠭᠠᠭᠤᠯᠤᠨ ᠲᠠᠨᠢᠭᠤᠯᠪᠠᠯ ᠵᠤᠬᠢᠰᠳᠠᠢ ᠶᠤᠮ᠃ |