ᠰᠢᠨ᠎ᠡ ᠬᠦᠰᠡᠯ ᠡᠷᠡᠮᠡᠯᠵᠡᠯ ᠢ ᠵᠢᠷᠤᠭᠯᠠᠵᠤ᠂ ᠰᠢᠨ᠎ᠡ ᠠᠶᠠᠨ ᠵᠠᠮ ᠳᠠᠭᠠᠨ ᠮᠣᠷᠳᠠᠨ᠎ᠠ᠃ ᠳ᠋ᠠ ᠯᠦ ᠪᠠᠯᠭᠠᠰᠤᠨ ᠤ ᠤᠯᠠᠭᠠᠨᠪᠤᠯᠠᠭ ᠲᠣᠰᠬᠤᠨ ᠤ ᠵᠠᠩ ᠯᠢᠶᠠᠩ | ᠬᠤᠨᠢᠨ ᠳᠠᠭᠠᠨ ᠡᠪᠡᠰᠦ ᠪᠣᠷᠳᠤᠭ᠎ᠠ ᠦᠭᠴᠤ ᠶᠠᠭᠠᠷᠠᠵᠤ ᠪᠠᠶᠢᠯ᠎ᠠ᠃ ᠬᠠᠪᠤᠷ ᠤᠨ ᠡᠭᠡᠯᠢᠳᠡᠢ ᠨᠡᠷᠡᠨ ᠳᠤ ᠬᠠᠰᠢᠶᠠᠨ ᠳᠠᠬᠢ ᠬᠤᠨᠢ ᠢᠮᠠᠭᠠᠳ ᠳᠠᠭᠠᠳᠠᠶᠢᠬᠠᠨ ᠭᠡᠪᠳᠡᠵᠤ | ᠭᠡᠪᠢᠬᠦ ᠶᠢ ᠬᠠᠷᠠᠭᠠᠳ ᠵᠠᠩ ᠯᠢᠶᠠᠩ ᠤᠨ ᠰᠡᠳᠬᠢᠯ ᠵᠢᠷᠦᠬᠡᠨ ᠳᠤ ᠬᠦᠰᠡᠯ ᠡᠷᠡᠮᠡᠯᠵᠡᠯ ᠢᠶᠠᠷ ᠪᠢᠯᠬᠠᠨ᠎ᠠ᠃ | | ᠳ᠋ᠠ ᠯᠦ ᠪᠠᠯᠭᠠᠰᠤᠨ ᠤ ᠤᠯᠠᠭᠠᠨᠪᠤᠯᠠᠭ ᠲᠣᠰᠬᠤᠨ ᠤ ᠵᠠᠩ ᠯᠢᠶᠠᠩ ᠤᠨ ᠲᠡᠵᠢᠭᠡᠪᠦᠷᠢ ᠶᠢᠨ ᠰᠠᠷᠠᠪᠴᠢᠨ ᠳᠤ ᠣᠷᠣᠬᠤ ᠳᠤ᠂ ᠱᠦᠬᠦᠷᠳᠡᠵᠤ ᠴᠡᠪᠡᠷᠯᠡᠭᠰᠡᠨ | ᠬᠤᠨᠢᠨ ᠤ ᠰᠠᠷᠠᠪᠴᠢᠨ ᠳᠤ ᠳᠠᠷᠭᠤ ᠰᠠᠶᠢᠲᠠᠢ ᠬᠤᠨᠢᠳ ᠳᠤᠳᠤᠬᠠᠨ ᠬᠠᠷᠠᠬᠳᠠᠨ᠎ᠠ᠃ ᠵᠠᠩ ᠯᠢᠶᠠᠩ 2013 ᠣᠨ ᠠᠴᠠ ᠡᠬᠢᠯᠡᠨ ᠮᠠᠯ ᠲᠡᠵᠢᠭᠡᠵᠦ᠂ ᠣᠯᠠᠨ | ᠵᠢᠯ ᠤᠨ ᠲᠤᠷᠰᠢ ᠲᠠᠰᠤᠷᠠᠯᠲᠠ ᠦᠭᠡᠢ ᠬᠠᠶᠢᠨ ᠰᠦᠪᠡᠭᠴᠢᠯᠡᠵᠦ᠂ ᠲᠤᠷᠰᠢᠯᠭ᠎ᠠ ᠪᠠᠨ ᠳ᠋ᠦᠩᠨᠡᠬᠦ ᠪᠠᠷ ᠳᠡᠮᠵᠢᠨ᠂ ᠲᠡᠭᠦᠨ ᠤ ᠲᠡᠵᠢᠭᠡᠨ ᠦᠷᠡᠵᠢᠭᠦᠯᠬᠦ ᠬᠡᠪᠴᠢᠶ᠎ᠡ ᠨᠢ | ᠬᠠᠮᠤᠭ ᠠᠩᠬᠠᠨ ᠳᠤ 200 ᠭᠠᠷᠤᠢ ᠳᠤᠯᠤᠭᠠᠢ ᠪᠠᠶᠢᠭᠰᠠᠨ ᠠᠴᠠ ᠪᠠᠨ ᠨᠡᠮᠡᠭᠳᠡᠭᠡᠳ ᠣᠲᠣ 1200 ᠭᠠᠷᠤᠢ ᠳᠤᠯᠤᠭᠠᠢ ᠪᠣᠯᠵᠤ᠂ ᠲᠤᠬᠠᠢ ᠶᠢᠨ ᠭᠠᠵᠠᠷ ᠤᠨ ᠮᠠᠯ | ᠲᠡᠵᠢᠭᠡᠬᠦ ᠲᠣᠮᠣ ᠡᠷᠦᠬᠡ ᠪᠣᠯᠵᠤ᠂ ᠪᠠᠶᠠᠵᠢᠯ ᠤᠨ ᠵᠠᠮ ᠢᠶᠠᠷ ᠠᠮᠵᠢᠯᠲᠠ ᠲᠠᠢ ᠵᠠᠮᠨᠠᠭᠰᠠᠨ ᠪᠠᠶᠢᠨ᠎ᠠ᠃ ︽ᠡᠨᠡ ᠰᠦᠷᠦᠭ ᠮᠠᠯ ᠢᠶᠠᠨ ᠬᠠᠷᠠᠬᠤ ᠳᠤ᠂ ᠰᠡᠳᠬᠢᠯ ᠮᠠᠨᠢ | ᠠᠭᠤᠵᠢᠷᠠᠵᠤ᠂ ᠡᠷᠴᠢ ᠬᠦᠴᠤ ᠨᠡᠩ ᠨᠡᠮᠡᠭᠳᠡᠨ᠎ᠠ᠂ ᠤᠳᠤᠬᠠᠨ ᠳᠤ ᠮᠠᠨᠠᠶᠢᠬᠢᠨ 1000 ᠠᠴᠠ 1200 ᠮᠠᠯ ᠲᠠᠢ ᠪᠠᠶᠢᠵᠤ ᠂ ᠵᠢᠯ ᠳᠤ 500 ᠮᠠᠯ ᠢᠶᠠᠨ | ᠪᠤᠷᠤᠯᠠᠭᠤᠯᠳᠠᠭ᠂ ᠤᠳᠤ ᠵᠢᠯ ᠤᠨ ᠪᠦᠬᠦ ᠣᠷᠣᠯᠭ᠎ᠠ 110 ᠳᠦᠮᠡᠨ ᠳᠦᠬᠦᠷᠢᠭ ᠣᠷᠴᠢᠮ ᠪᠠᠶᠢᠵᠤ᠂ ᠢᠮᠠᠭᠠᠨ ᠨᠤᠯᠤᠤᠭᠤᠷ ᠤᠨ ᠣᠷᠣᠯᠭ᠎ᠠ ᠴᠦ 30 ᠲᠦᠮᠡ | ᠭᠠᠷᠤᠢ ᠳᠦᠬᠦᠷᠢᠭ ᠪᠠᠶᠢᠨ᠎ᠠ︾ ᠭᠡᠮᠡᠨ ᠪᠠᠶᠠᠵᠢᠬᠰᠠᠨ ᠦᠯᠢᠭᠡᠷ ᠢᠶᠠᠨ ᠵᠠᠩ ᠯᠢᠶᠠᠩ ᠠᠮᠠ ᠬᠠᠮᠬᠢᠯ ᠦᠭᠡᠢ ᠳᠡᠯᠭᠡᠨ᠎ᠠ᠃ | ᠡᠬᠢᠨ ᠳᠡᠭᠡᠨ ᠮᠡᠷᠭᠡᠵᠢᠯ ᠮᠡᠳᠡᠬᠦ ᠦᠭᠡᠢ᠂ ᠲᠡᠵᠢᠭᠡᠨ ᠦᠷᠡᠵᠢᠭᠦᠯᠬᠦ ᠲᠤᠷᠰᠢᠯᠭ᠎ᠠ ᠪᠠ ᠪᠡᠯᠡ ᠮᠥᠩᠭᠦ ᠪᠠᠷ ᠳᠤᠲᠠᠮᠠᠭ ᠪᠠᠶᠢᠭᠰᠠᠨ ᠠᠴᠠ ᠠᠩᠬᠠᠨ ᠤ | ᠬᠤᠭᠤᠴᠠᠭᠠᠨ ᠳᠤ 200 ᠭᠠᠷᠤᠢ ᠬᠤᠨᠢ ᠳᠡᠵᠢᠭᠡᠵᠤ᠂ ᠮᠠᠯ ᠤᠨ ᠲᠤᠭ᠎ᠠ ᠳᠤᠯᠤᠭᠠᠢ ᠶᠡᠷᠦ ᠨᠢ ᠨᠡᠮᠡᠭᠳᠡᠵᠤ ᠳᠡᠶᠢᠯᠬᠦ ᠦᠭᠡᠢ ᠪᠠᠶᠢᠪᠠ᠃ ᠲᠠᠰᠤᠷᠠᠯᠲᠠ ᠦᠭᠡᠢ | ᠬᠠᠶᠢᠨ ᠰᠦᠪᠡᠭᠴᠢᠯᠡᠵᠦ᠂ ᠲᠤᠷᠰᠢᠯᠭ᠎ᠠ ᠪᠠᠨ ᠳ᠋ᠦᠩᠨᠡᠬᠦ ᠪᠠᠷ ᠳᠡᠮᠵᠢᠨ᠂ ᠵᠠᠩ ᠯᠢᠶᠠᠩ ᠬᠤᠨᠢ ᠢᠮᠠᠭ᠎ᠠ ᠲᠡᠵᠢᠭᠡᠬᠦ ᠤᠷ᠎ᠠ ᠮᠡᠷᠭᠡᠵᠢᠯ ᠢ ᠡᠵᠡᠮᠰᠢᠭᠰᠡᠨ ᠢᠶᠠᠷ ᠪᠠᠷᠠᠬᠤ | ᠦᠭᠡᠢ᠂ ᠪᠠᠰᠠ ᠥᠪᠡᠷ ᠤᠨ ᠭᠡᠰᠡᠨ ᠲᠡᠵᠢᠭᠡᠨ ᠦᠷᠡᠵᠢᠭᠦᠯᠬᠦ ᠠᠷᠭ᠎ᠠ ᠪᠠᠷᠢᠯ ᠢ ᠳ᠋ᠦᠩᠨᠡᠨ ᠭᠠᠷᠭᠠᠵᠤ᠂ ᠲᠤᠬᠠᠢ ᠶᠢᠨ ᠭᠠᠵᠠᠷ ᠤᠨ ᠲᠡᠵᠢᠭᠡᠨ ᠦᠷᠡᠵᠢᠭᠦᠯᠬᠦ ︽ | ᠨᠤᠲᠤᠭ ᠤᠨ ᠮᠡᠷᠭᠡᠵᠢᠯᠲᠡᠨ︾ ᠪᠣᠯᠤᠭᠰᠠᠨ ᠪᠠᠶᠢᠨ᠎ᠠ᠃ ᠣᠶᠢᠷ᠎ᠠ ᠬᠠᠪᠢ ᠶᠢᠨ ᠲᠡᠵᠢᠭᠡᠨ ᠦᠷᠡᠵᠢᠭᠦᠯᠬᠦ ᠡᠷᠦᠭᠡ ᠨᠢ ᠮᠠᠯ ᠲᠡᠵᠢᠭᠡᠬᠦ ᠲᠠᠯ᠎ᠠ ᠪᠠᠷ ᠠᠰᠠᠭᠤᠳᠠᠯ ᠳᠤ | ᠲᠤᠯᠭᠠᠷᠠᠪᠠᠯ ᠲᠡᠷᠡ ᠴᠦᠮ ᠬᠠᠯᠠᠭᠤᠨ ᠢᠶᠠᠷ ᠬᠠᠪᠰᠤᠷᠤᠨ ᠵᠢᠯᠤᠭᠤᠳᠤᠳᠠᠭ ᠪᠠᠶᠢᠨ᠎ᠠ᠃ ᠡᠨᠡ ᠨᠢ ᠪᠠᠰᠠ ᠵᠠᠩ ᠯᠢᠶᠠᠩ ᠤᠨ ᠦᠢᠯᠡᠰ ᠴᠣᠭᠴᠠᠯᠠᠬᠤ ᠬᠠᠯᠠᠭᠤᠨ | ᠰᠡᠳᠬᠢᠯᠭᠡ ᠶᠢ ᠬᠥᠭᠵᠢᠭᠡᠵᠦ᠂ 2018 ᠣᠨ ᠳᠤ ᠲᠡᠷᠡ ᠯᠢᠶᠣᠤᠨᠢᠩ ᠤᠨ ᠭᠠᠢ ᠰᠢᠶᠠᠨ ᠳᠤ ᠬᠦᠷᠴᠦ ᠨᠢᠭᠡ ᠯᠡ ᠤᠳᠠᠭ᠎ᠠ ᠳᠤ 350 ᠡᠮ᠎ᠡ ᠬᠤᠨᠢ ᠬᠤᠳᠠᠯᠳᠤᠨ | ᠠᠪᠤᠭᠰᠠᠨ ᠪᠥᠭᠡᠳ ᠵᠡᠭᠦᠨᠭᠠᠷ ᠬᠤᠰᠢᠭᠤᠨ ᠤ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠶᠢᠨ ᠲᠥᠷᠥ ᠶᠢᠨ ᠪᠣᠳᠣᠯᠭ᠎ᠠ ᠶᠢᠨ ᠳᠡᠮᠵᠢᠯᠭᠡ ᠪᠠᠷ ᠳᠡᠮᠵᠢᠨ᠂ | ᠵᠢᠭᠡᠯᠡᠯᠭᠡᠠᠪᠴᠤ ᠪᠠᠶᠢᠭᠠᠳ ᠬᠠᠰᠢᠶ᠎ᠠ ᠰᠠᠷᠠᠪᠴᠢ ᠪᠠᠷᠢᠵᠤ᠂ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠥᠷᠭᠡᠳᠬᠡᠵᠡᠢ᠃ 2019 ᠣᠨ ᠳᠤ ᠲᠡᠭᠦᠨ ᠤ ᠲᠡᠵᠢᠭᠡᠨ | ᠦᠷᠡᠵᠢᠭᠦᠯᠦᠭᠰᠡᠨ ᠵᠡᠭᠦᠨᠭᠠᠷ ᠰᠡᠷᠭᠡᠨᠢ ᠪᠦᠬᠦ ᠤᠯᠤᠰ ᠤᠨ ᠨᠡᠷᠡᠳᠦ ᠣᠨᠴᠠ ᠰᠢᠯᠢᠳᠡᠭ ᠰᠢᠨ᠎ᠡ ᠲᠠᠷᠢᠶᠠᠯᠠᠩ ᠤᠨ ᠪᠦᠲᠦᠭᠡᠭᠳᠡᠬᠦᠨ ᠤ ᠭᠠᠷᠴᠠᠭ ᠲᠤ ᠵᠢᠬᠰᠠᠭᠠᠬᠳᠠᠨ | ᠤᠷᠤᠬᠰᠠᠨ ᠪᠠᠶᠢᠨ᠎ᠠ᠃ | ︽ᠰᠠᠶ᠋ᠢ ᠡᠬᠢᠯᠡᠵᠦ ᠲᠡᠵᠢᠭᠡᠨ ᠦᠷᠡᠵᠢᠭᠦᠯᠬᠦ ᠳᠤ ᠪᠢᠳᠡ ᠲᠤᠷᠰᠢᠯᠭ᠎ᠠ ᠮᠡᠬᠦᠰ᠂ ᠡᠯ᠎ᠡ ᠲᠠᠯ᠎ᠠ ᠶᠢ ᠴᠤ ᠣᠶᠢᠯᠠᠭᠠᠬᠤ ᠦᠭᠡᠢ ᠪᠠᠶᠢᠪᠠ᠂ ᠰᠡᠬᠦᠯᠡᠷ ᠨᠢ ᠵᠠᠰᠠᠭ ᠤᠨ | ᠣᠷᠳᠣᠨ ᠤ ᠵᠤᠬᠢᠶᠠᠨ ᠪᠠᠶᠢᠭᠤᠯᠤᠬᠰᠠᠨ ᠪᠣᠯᠪᠠᠰᠤᠷᠠᠯ ᠳᠤ ᠤᠷᠤᠯᠴᠠᠬᠤ ᠠᠴᠠ ᠭᠠᠳᠠᠨ᠎ᠠ᠂ ᠪᠡᠶ᠎ᠡ ᠪᠠᠨ ᠳᠠᠭᠠᠭᠠᠨ ᠭᠠᠳᠠᠭᠰᠢ ᠪᠠᠨ ᠭᠠᠷᠴᠤ ᠰᠤᠷᠤᠯᠴᠠᠨ᠂ ᠵᠣᠬᠢᠬᠤ | ᠬᠡᠮᠵᠢᠶᠡᠨ ᠤ ᠬᠤᠨᠢ ᠢᠮᠠᠭ᠎ᠠ ᠲᠡᠵᠢᠭᠡᠬᠦ ᠮᠡᠷᠭᠡᠵᠢᠯ ᠢ ᠡᠵᠡᠮᠰᠢᠭᠰᠡᠨ ᠶᠤᠮ᠂ ᠰᠢᠨᠵᠢᠯᠡᠬᠦ ᠤᠬᠠᠭᠠᠨᠴᠢ ᠪᠠᠷ ᠲᠡᠵᠢᠭᠡᠨ ᠦᠷᠡᠵᠢᠭᠦᠯᠬᠦ ᠪᠠ ᠤᠯᠠᠮᠵᠢᠯᠠᠯᠲᠤ ᠬᠤᠨᠢ ᠢᠮᠠᠭ᠎ᠠ | ᠲᠡᠵᠢᠭᠡᠬᠦ ᠶᠢ ᠤᠶᠠᠯᠳᠤᠭᠤᠯᠤᠭᠰᠠᠨ ᠤ ᠳᠡᠭᠡᠷ᠎ᠡ ᠵᠠᠰᠠᠭ ᠤᠨ ᠣᠷᠳᠣᠨ ᠤ ᠲᠥᠷᠥ ᠶᠢᠨ ᠪᠣᠳᠣᠯᠭ᠎ᠠ ᠶᠢᠨ ᠳᠡᠮᠵᠢᠯᠭᠡ ᠪᠠᠷ᠂ ᠤᠳᠤᠬᠠᠨ ᠳᠤ ᠬᠤᠨᠢ ᠢᠮᠠᠭ᠎ᠠ ᠲᠡᠵᠢᠭᠡᠬᠦ | ᠦᠷ᠎ᠡ ᠠᠰᠢᠭ ᠨᠢ ᠴᠦ ᠰᠠᠶᠢᠨ ᠪᠣᠯᠵᠤ᠂ ᠬᠡᠪ ᠴᠢᠨᠠᠷ ᠨᠢ ᠴᠦ ᠥᠨᠳᠥᠷ ᠪᠣᠯᠵᠤ᠂ ᠣᠳᠣᠬᠠᠨ ᠳᠤ ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ ᠶᠢ | ᠦᠨᠳᠦᠰᠦᠨ ᠳᠡᠭᠡᠨ ᠪᠡᠶᠡᠯᠡᠭᠦᠯᠵᠡᠢ᠃ ᠳᠠᠷᠠᠭᠠᠴᠢ ᠶᠢᠨ ᠠᠯᠬᠤᠮ ᠳᠤ᠂ ᠪᠢ ᠪᠡᠯᠡ ᠮᠥᠩᠭᠦ ᠪᠠᠨ ᠴᠢᠯᠦᠭᠡᠳᠡᠢ ᠪᠤᠯᠭᠠᠨ᠂ ᠬᠡᠪᠴᠢᠶ᠎ᠡ ᠪᠠᠨ ᠦᠷᠭᠦᠯᠵᠢᠯᠡᠨ ᠥᠷᠭᠡᠳᠬᠡᠵᠦ | ᠂ ᠮᠠᠯ ᠲᠡᠵᠢᠭᠡᠬᠦ ᠰᠠᠶᠢᠨ ᠠᠷᠭ᠎ᠠ ᠲᠤᠷᠰᠢᠯᠭ᠎ᠠ ᠶᠢ ᠲᠣᠰᠬᠤᠨ ᠤ ᠠᠷᠠᠳ ᠲᠠᠢ ᠬᠠᠮᠲᠤᠪᠠᠷ ᠬᠤᠪᠢᠶᠠᠯᠴᠠᠨ᠂ ᠤᠯᠠᠨ ᠢ ᠬᠠᠮᠲᠤᠪᠠᠷ ᠪᠠᠶᠠᠵᠢᠭᠤᠯᠤᠨ᠎ᠠ︾ ᠭᠡᠵᠦ ᠵᠠᠩ | ᠯᠢᠶᠠᠩ ᠢᠲᠡᠭᠡᠯ ᠳᠦᠭᠦᠷᠡᠩ ᠶᠠᠷᠢᠨ᠎ᠠ᠃ | | | |