| ︽ ᠢᠳᠡᠵᠦ ᠪᠣᠯᠣᠨ᠎ᠠ ᠂ ᠬᠤᠨᠣᠵᠤ ᠪᠣᠯᠣᠨ᠎ᠠ ᠂ ᠪᠠᠰᠠ ᠪᠥᠭᠡᠮ ᠬᠦᠴᠢᠯ ᠤᠨ ᠪᠠᠶᠢᠴᠠᠭᠠᠯᠳᠠ ᠬᠢᠵᠦ ᠪᠣᠯᠣᠨ᠎ᠠ ᠁ ︾ ᠡᠨᠡ ᠬᠦ ︽ ᠳᠤᠯᠠᠭᠠᠨ ᠪᠠᠭᠤᠴᠠ ︾ | ᠨᠢ ᠮᠠᠰᠢ ᠤᠳᠬ᠎ᠠ ᠠᠭᠤᠯᠭ᠎ᠠ ᠲᠠᠢ ︕ | ︽ ᠬᠠᠩᠭᠠᠯᠭ᠎ᠠ ᠶᠢ ᠨᠦᠬᠦᠪᠤᠷᠢᠯᠡᠵᠤ ᠂ ᠠᠮᠤᠷ ᠲᠦᠪᠰᠢᠨ ᠢ ᠪᠠᠲᠤᠯᠠᠨ ᠂ ᠠᠮᠠᠷᠠᠭᠤᠯᠤᠨ ᠴᠡᠭᠴᠡᠯᠡᠵᠦ ᠴᠢᠳᠠᠨ᠎ᠠ ᠁ ︾ ᠭᠡᠬᠦ ᠡᠨᠡᠬᠦ ︽ ᠳᠤᠯᠠᠭᠠᠨ ᠪᠠᠭᠤᠴᠠ ︾ | ᠨᠢ ᠰᠡᠳᠬᠢᠯ ᠢ ᠨᠡᠭᠡᠷᠡᠨ ᠳᠤᠯᠠᠭᠠᠴᠠᠭᠤᠯᠤᠨ᠎ᠠ ︕ | ᠡᠨᠧᠷᠭᠢ ᠪᠣᠯᠣᠨ ᠬᠠᠩᠭᠠᠯᠭ᠎ᠠ ᠶᠢ ᠪᠠᠲᠤᠯᠠᠬᠤ ᠳᠤᠮᠤ ᠬᠤᠰᠢᠭᠤ ᠪᠣᠯᠤᠭᠰᠠᠨ ᠤ ᠬᠤᠪᠢ ᠳᠤ ᠂ ᠵᠡᠭᠦᠨᠭᠠᠷ ᠬᠤᠰᠢᠭᠤ ᠨᠢᠭᠡ ᠲᠠᠯ᠎ᠠ ᠪᠠᠷ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠶᠢ ᠠᠳᠬᠤᠨ ᠂ ᠨᠦᠬᠦᠭᠡ ᠲᠠᠯ᠎ᠠ ᠪᠠᠷ ᠠᠵᠤ ᠠᠬᠤᠢ ᠶᠢᠨ ᠬᠥᠭᠵᠢᠯᠲᠡ ᠶᠢ ᠠᠳᠬᠤᠵᠤ ᠂ ᠵᠠᠮ ᠬᠠᠷᠢᠯᠴᠠᠭ᠎ᠠ ᠳᠡᠭᠡᠭᠡᠪᠤᠷᠢ ᠶᠢᠨ ᠡᠨᠡᠬᠦ ᠴᠢᠬᠤᠯᠠ | ᠶᠡᠭᠡ ᠬᠦᠴᠢᠷ ᠠᠰᠠᠭᠤᠳᠠᠯ ᠠᠴᠠ ᠵᠠᠶᠢᠯᠠᠰᠬᠢᠵᠤ ᠴᠢᠳᠠᠬᠤ ᠦᠭᠡᠢ ᠶᠤᠮ ᠃ ᠳᠡᠷᠭᠡ ᠮᠠᠰᠢᠨ ᠤ ᠵᠠᠮ ᠢ ᠰᠢᠯᠤᠭᠤᠳᠬᠠᠨ ᠂ ᠪᠠᠷᠠᠭᠠᠨ ᠤ ᠬᠦᠢᠯᠭᠡᠭᠡ ᠶᠢ | ᠰᠢᠯᠤᠭᠤᠳᠬᠠᠬᠤ ᠶᠢ ᠪᠠᠲᠤᠯᠠᠬᠤ ᠮᠥᠷᠲᠡᠭᠡᠨ ᠪᠠᠰᠠ ᠬᠢᠵᠢᠭ ᠤᠨ ᠪᠠᠶᠢᠳᠠᠯ ᠢ ᠰᠡᠷᠭᠡᠶᠢᠯᠡᠵᠦ ᠂ ᠵᠢᠯᠣᠭᠤᠴᠢ ᠪᠠ ᠳᠡᠷᠭᠡ ᠮᠠᠰᠢᠨ ᠤ ᠠᠮᠤᠷ ᠲᠦᠪᠰᠢᠨ ᠢ ᠪᠠᠲᠤᠯᠠᠬᠤ | ᠬᠡᠷᠡᠭᠲᠡᠢ ᠪᠠᠶᠢᠨ᠎ᠠ ᠂ ᠬᠡᠷᠬᠢᠨ ᠬᠢᠵᠤ ᠳᠡᠶᠢᠯᠬᠦ ᠪᠢᠯᠡ ︖ ᠴᠡᠭ ᠠᠴᠠ ᠴᠡᠭ ᠬᠦᠷᠬᠦ ᠲᠡᠭᠡᠭᠡᠪᠦᠷᠢ ᠂ ᠪᠦᠬᠦ ᠶᠠᠪᠤᠴᠠ ᠶᠢᠨ ᠪᠢᠳᠡᠬᠦᠮᠵᠢᠯᠡᠭᠰᠡᠨ ᠬᠠᠮᠢᠶᠠᠷᠤᠯᠲᠠ ᠨᠢ | ᠵᠡᠭᠦᠨᠭᠠᠷ ᠬᠤᠰᠢᠭᠤᠨ ᠤ ᠡᠳᠡᠭᠡᠷ ᠬᠦᠴᠢᠷ ᠠᠰᠠᠭᠤᠳᠠᠯ ᠳᠤ ᠦᠭᠬᠦᠭᠰᠡᠨ ᠪᠦᠳᠤᠮᠵᠢᠳᠡᠢ ᠬᠠᠷᠢᠭᠤᠯᠲᠠ ᠪᠤᠯᠤᠨ᠎ᠠ ᠃ | ᠡᠭᠦᠨ ᠤ ᠳᠠᠭᠠᠤ ᠳᠤ ᠨᠢᠭᠡᠨ ᠰᠢᠨ᠎ᠡ ᠠᠰᠠᠭᠤᠳᠠᠯ ᠭᠠᠷᠴᠤ ᠢᠷᠡᠯ᠎ᠠ ᠂ ᠵᠠᠮ ᠵᠠᠭᠤᠷ᠎ᠠ ᠪᠠᠨ ᠢᠳᠡᠵᠦ ᠤᠤᠭᠤᠬᠤ ᠬᠤᠨᠣᠵᠤ ᠬᠡᠪᠲᠡᠬᠦ ᠂ ᠬᠢᠵᠢᠭ ᠰᠡᠷᠭᠡᠶᠢᠯᠡᠬᠦ | ᠠᠵᠢᠯ ᠢ ᠬᠡᠷᠬᠢᠨ ᠬᠠᠮᠢᠶᠠᠷᠬᠤ ᠪᠢᠯᠡ︖ | ︽ ᠵᠢᠯᠣᠭᠤᠴᠢ ᠶᠢᠨ ᠳᠤᠯᠠᠭᠠᠨ ᠪᠠᠭᠤᠴᠠ ︾ ᠂ ᠵᠢᠯᠣᠭᠤᠴᠢ ᠶᠢᠨ ᠥᠷᠲᠡᠭᠡ ᠂ ᠵᠢᠯᠣᠭᠤᠴᠢ ᠶᠢᠨ ᠭᠡᠷ ᠪᠦᠯᠢ ᠪᠣᠶ ᠪᠤᠯᠤᠬᠰᠠᠨ ᠨᠢ ᠂ ᠲᠥᠷᠥ ᠶᠢᠨ | ᠪᠣᠳᠣᠯᠭ᠎ᠠ ᠶᠢᠨ ᠬᠡᠷᠡᠭᠵᠢᠭᠦᠯᠦᠯᠲᠡ ᠶᠢ ᠬᠠᠮᠠᠭᠠᠯᠠᠬᠤ ᠴᠢᠬᠤᠯᠠ ᠠᠴᠢᠶᠠᠯᠠᠪᠤᠷᠢ ᠪᠣᠯᠤᠭᠰᠠᠨ ᠪᠥᠭᠡᠳ ᠵᠠᠮ ᠥᠩᠭᠡᠷᠡᠬᠦ ᠵᠢᠯᠣᠭᠤᠴᠢ ᠶᠢᠨ ᠦᠢᠯᠡᠴᠢᠯᠡᠭᠡᠨ ᠤ ᠴᠢᠬᠤᠯᠠ | ᠬᠡᠰᠡᠭ ᠪᠣᠯᠤᠭᠰᠠᠨ ᠪᠠᠶᠢᠨ᠎ᠠ ᠃ | ︽ ᠬᠢᠵᠢᠭ ︾ ᠢ ᠰᠡᠷᠭᠡᠶᠢᠯᠡᠬᠦ ᠵᠠᠮ ᠳᠤ ︽ ᠵᠢᠯᠣᠭᠤᠴᠢ ᠶᠢᠨ ᠳᠤᠯᠠᠭᠠᠨ ᠪᠠᠭᠤᠴᠠ ︾ ᠪᠠᠷ ︽ ᠨᠦᠬᠦᠪᠤᠷᠢ ︾ ᠶᠢ ᠬᠠᠩᠭᠠᠨ᠎ᠠ | ︽ ᠳᠤᠯᠠᠭᠠᠨ ᠪᠠᠭᠤᠴᠠ ︾ ᠭᠡᠳᠡᠭ ᠨᠢ ᠬᠢᠵᠢᠭ ᠤᠨ ᠪᠠᠶᠢᠳᠠᠯ ᠤᠨ ᠬᠤᠭᠤᠴᠠᠭᠠᠨ ᠳᠤ ᠬᠥᠮᠥᠰ ᠤᠨ ᠪᠦᠷᠢᠯᠳᠦᠬᠦᠯᠦᠭᠰᠡᠨ ᠨᠢᠭᠡᠨ ᠪᠢᠲᠡᠭᠦᠮᠵᠢᠯᠡᠭᠰᠡᠨ ᠵᠢᠵᠢᠭ | ᠬᠠᠮᠲᠤᠯᠢᠭ ᠪᠤᠶᠤ ᠵᠢᠵᠢᠭ ᠪᠦᠯᠬᠦᠮ ᠢ ᠵᠢᠭᠠᠵᠤ ᠪᠠᠶᠢᠨ᠎ᠠ ᠃ ︽ ᠵᠢᠯᠣᠭᠤᠴᠢ ᠶᠢᠨ ᠳᠤᠯᠠᠭᠠᠨ ᠪᠠᠭᠤᠴᠠ ︾ ᠭᠡᠳᠡᠭ ᠨᠢ ᠳᠠᠷᠤᠢ ᠨᠠᠭᠠᠰᠢ ᠴᠠᠭᠠᠰᠢ ᠶᠠᠪᠤᠬᠤ ᠵᠢᠯᠣᠭᠤᠴᠢ | ᠪᠠ ᠳᠡᠷᠭᠡᠨ ᠳᠤ ᠰᠠᠭᠤᠬᠰᠠᠳ ᠲᠤ ᠬᠠᠮᠢᠶᠠᠷᠤᠯᠲᠠ ᠪᠠ ᠦᠢᠯᠡᠴᠢᠯᠡᠭᠡᠨ ᠤ ᠴᠢᠳᠠᠮᠵᠢ ᠬᠠᠩᠭᠠᠬᠤ ︽ ᠵᠢᠵᠢᠭ ᠪᠦᠯᠬᠦᠮ ︾ ᠪᠤᠯᠤᠨ᠎ᠠ ᠭᠡᠵᠦ ᠶᠠᠷᠢᠵᠤ ᠪᠣᠯᠣᠨ᠎ᠠ ᠃ | ᠵᠡᠭᠦᠨᠭᠠᠷ ᠬᠤᠰᠢᠭᠤᠨ ᠳᠤ ︽ ᠵᠢᠯᠣᠭᠤᠴᠢ ᠶᠢᠨ ᠳᠤᠯᠠᠭᠠᠨ ᠪᠠᠭᠤᠴᠠ ︾ ᠨᠢ ᠨᠢᠭᠡᠨ ᠪᠦᠷᠢᠮᠦᠰᠦᠨ ᠪᠢᠲᠡᠭᠦᠮᠵᠢᠯᠡᠭᠰᠡᠨ ᠣᠷᠣᠨ ᠠᠴᠠ ᠬᠢᠯᠪᠠᠷᠬᠠᠨ ᠲᠤᠰᠠᠭᠠᠷᠯᠠᠨ | ᠭᠠᠷᠤᠭᠰᠠᠨ ᠪᠢᠰᠢ ᠂ ᠬᠠᠷᠢᠨ ᠲᠤᠭ᠎ᠠ ᠲᠣᠮᠰᠢ ᠦᠭᠡᠢ ᠵᠢᠵᠢᠭ ︽ ᠳᠤᠯᠠᠭᠠᠨ ᠪᠠᠭᠤᠴᠠ ︾ ᠠᠴᠠ ᠪᠦᠷᠢᠯᠳᠦᠭᠰᠡᠨ ᠪᠥᠭᠡᠳ ᠡᠯᠪᠡᠭ ᠪᠠᠶᠠᠯᠢᠭ ᠳᠣᠲᠣᠭᠠᠳᠤ ᠶᠢᠨ | ᠴᠢᠳᠠᠮᠵᠢ ᠲᠠᠢ ᠪᠠᠶᠢᠵᠤ ᠂ ᠲᠡᠷᠭᠡ ᠵᠣᠭᠰᠤᠭᠠᠬᠤ ᠂ ᠬᠤᠪᠴᠠᠰᠤ ᠤᠬᠢᠶᠠᠬᠤ ᠂ ᠬᠤᠭᠤᠯᠠ ᠢᠳᠡᠬᠦ ᠂ ᠠᠮᠠᠷᠠᠬᠤ ᠂ ᠬᠤᠨᠣᠬᠤ ᠂ ᠠᠷᠢᠭᠤᠳᠬᠠᠬᠤ ᠂ ᠪᠥᠭᠡᠮ ᠬᠦᠴᠢᠯ ᠤᠨ | ᠥᠯᠢᠭᠡᠷ ᠠᠪᠬᠤ ᠵᠡᠷᠭᠡ ᠦᠢᠯᠡᠴᠢᠯᠡᠭᠡ ᠶᠢ ᠬᠠᠩᠭᠠᠵᠤ ᠂ ᠬᠢᠵᠢᠭ ᠢ ᠰᠡᠷᠭᠡᠶᠢᠯᠡᠬᠦ ᠤᠷᠢᠲᠠᠯ ᠳᠣᠣᠷ᠎ᠠ ᠨᠠᠭᠠᠰᠢ ᠴᠠᠭᠠᠰᠢ ᠥᠩᠭᠡᠷᠡᠬᠦ ᠵᠢᠯᠣᠭᠤᠴᠢ ᠶᠢᠨ ᠠᠮᠢᠳᠤᠷᠠᠯ ᠪᠠ | ᠬᠢᠵᠢᠭ ᠢ ᠰᠡᠷᠭᠡᠶᠢᠯᠡᠬᠦ ᠬᠡᠷᠡᠭᠴᠡᠭᠡ ᠶᠢ ᠬᠥᠮᠥᠨᠴᠢ ᠴᠢᠨᠠᠷᠲᠠᠢ ᠪᠠᠷ ᠬᠠᠩᠭᠠᠬᠤ ᠶᠢ ᠪᠠᠲᠤᠯᠠᠭᠰᠠᠨ ᠪᠠᠶᠢᠨ᠎ᠠ ᠃ | | | | | ᠣᠶᠢᠷ᠎ᠠ ᠳᠤ ᠂ ᠵᠡᠭᠦᠨᠭᠠᠷ ᠵᠣᠣ ᠪᠠᠯᠭᠠᠰᠤᠨ ᠤ ︽ ᠯᠢᠤᠢ ᠵᠢᠤᠢ ᠷᠧᠨ ᠬᠤᠸᠠ ᠳᠡᠮᠡᠭᠡᠳᠤ ᠶᠢᠨ ᠶᠡᠷᠦᠩᠬᠡᠶᠢᠯᠡᠭᠰᠡᠨ ᠪᠠᠷᠠᠭᠠᠨ ᠤ ᠭᠦᠢᠯᠭᠡᠭᠡᠨ ᠤ ᠦᠢᠯᠡᠴᠢᠯᠡᠭᠡᠨ ᠤ | ᠲᠣᠭᠤᠷᠢᠭ ︾ ᠨᠢ ᠤᠤᠯ ᠤᠨ ᠪᠠᠶᠢᠭᠰᠠᠨ ᠰᠠᠭᠤᠷᠢ ᠲᠥᠬᠦᠭᠡᠷᠦᠮᠵᠢ ᠶᠢᠨ ᠲᠠᠯ᠎ᠠ ᠪᠠᠷ ︽ ᠲᠠᠰ ᠳᠡᠪᠰᠢᠭᠦᠯᠦᠨ ᠥᠭᠡᠷᠡᠴᠢᠯᠡᠬᠦ ︾ ᠶᠢ ᠪᠡᠶᠡᠯᠡᠭᠦᠯᠵᠦ ᠂ ᠤᠤᠯ ᠤᠨ | ᠴᠢᠳᠠᠮᠵᠢ ᠪᠠ ᠲᠥᠬᠦᠭᠡᠷᠦᠮᠵᠢ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠦᠭᠰᠡᠨ ᠰᠠᠭᠤᠷᠢᠨ ᠳᠡᠭᠡᠷ᠎ᠡ ᠂ ︽ ᠬᠢᠵᠢᠭ ᠢ ᠰᠡᠷᠭᠡᠶᠢᠯᠡᠬᠦ ᠳᠤᠯᠠᠭᠠᠨ ᠪᠠᠭᠤᠴᠠ ︾ ᠶᠢᠨ | ᠬᠢᠵᠢᠭ ᠢ ᠰᠡᠷᠭᠡᠶᠢᠯᠡᠨ ᠡᠵᠡᠮᠳᠡᠬᠦ ᠰᠢᠨ᠎ᠡ ᠵᠠᠭᠪᠤᠷ ᠢ ᠵᠢᠩᠬᠢᠨᠢ ᠪᠠᠷ ᠡᠬᠢᠯᠡᠭᠦᠯᠦᠭᠰᠡᠨ ᠪᠠᠶᠢᠨ᠎ᠠ ᠃ | ︽ ᠬᠢᠵᠢᠭ ᠤᠨ ᠦᠶ᠎ᠡ ᠳᠤ ᠪᠢᠳᠠᠨ ᠤ ᠲᠡᠷᠭᠡ ᠭᠦᠶᠦᠬᠦ ᠳᠤ ᠪᠦᠬᠦ ᠶᠠᠪᠤᠴᠠ ᠶᠢᠨ ᠪᠢᠳᠡᠬᠦᠮᠵᠢᠯᠡᠭᠰᠡᠨ ᠬᠠᠮᠢᠶᠠᠷᠤᠯᠲᠠ ᠶᠢ ᠬᠡᠷᠡᠭᠵᠢᠭᠦᠯᠵᠦ ᠪᠠᠶᠢᠭ᠎ᠠ ᠪᠣᠯᠬᠤᠷ | ᠢᠳᠡᠵᠦ ᠤᠤᠭᠤᠬᠤ ᠂ ᠭᠠᠳᠠᠭᠠᠯᠠᠬᠤ ᠵᠡᠷᠭᠡ ᠨᠢ ᠴᠥᠮ ᠠᠰᠠᠭᠤᠳᠠᠯ ᠪᠣᠯᠵᠤ ᠪᠠᠶᠢᠯ᠎ᠠ ᠂ ᠣᠳᠣ ᠪᠢᠳᠡ ᠵᠠᠮ ᠵᠠᠭᠤᠷ᠎ᠠ ᠪᠠᠨ ︿ ᠵᠢᠯᠣᠭᠤᠴᠢ ᠶᠢᠨ ᠳᠤᠯᠠᠭᠠᠨ ᠪᠠᠭᠤᠴᠠ ﹀ ᠂ | ᠵᠢᠯᠣᠭᠤᠴᠢ ᠶᠢᠨ ᠥᠷᠲᠡᠭᠡ ᠵᠡᠷᠭᠡ ᠲᠠᠢ ᠪᠣᠯᠤᠭᠰᠠᠨ ᠪᠣᠯᠬᠤᠷ ᠵᠠᠮ ᠵᠠᠭᠤᠷ᠎ᠠ ᠪᠠᠨ ᠲᠡᠷᠭᠡ ᠪᠠᠨ ᠵᠣᠭᠰᠣᠭᠠᠵᠤ ᠠᠮᠠᠷᠠᠨ ᠰᠠᠭᠤᠵᠤ ᠂ ᠬᠠᠯᠠᠭᠤᠨ ᠤᠰᠤ ᠤᠤᠭᠤᠵᠤ ᠂ | ᠬᠠᠯᠠᠭᠤᠨ ᠬᠤᠭᠤᠯᠠ ᠢᠳᠡᠵᠦ ᠪᠣᠯᠣᠨ᠎ᠠ ᠂ ᠡᠨᠡ ᠨᠢ ᠳᠤᠩ ᠬᠡᠷᠡᠭᠴᠡᠭᠡ ᠲᠠᠢ ᠶᠤᠮ ︾ ᠭᠡᠮᠡᠨ ᠨᠠᠭᠠᠰᠢ ᠴᠠᠭᠠᠰᠢ ᠶᠠᠪᠤᠬᠤ ᠵᠢᠯᠣᠭᠤᠴᠢ ᠵᠠᠯᠭ᠎ᠠ ᠵᠠᠯᠭ᠎ᠠ ᠪᠠᠷ ᠠᠮᠠ | ᠬᠠᠮᠬᠢᠯ ᠦᠭᠡᠢ ᠮᠠᠬᠳᠠᠵᠠᠭᠠᠨᠠ ᠃ | | | | | ᠬᠠᠮᠤᠭ ᠤᠨ ᠦᠨᠳᠦᠰᠦᠨ ᠦᠢᠯᠡᠴᠢᠯᠡᠭᠡᠨ ᠤ ᠴᠢᠳᠠᠮᠵᠢ ᠶᠢ ᠪᠦᠷᠢᠳᠦᠭᠦᠯᠬᠦ ᠶᠢᠨ ᠵᠡᠷᠭᠡ ᠳᠤ ᠂ ︽ ᠯᠢᠤᠢ ᠵᠢᠤᠢ ᠷᠧᠨ ᠬᠤᠸᠠ ᠳᠡᠮᠡᠭᠡᠳᠤ ᠶᠢᠨ ᠶᠡᠷᠦᠩᠬᠡᠶᠢᠯᠡᠭᠰᠡᠨ | ᠪᠠᠷᠠᠭᠠᠨ ᠤ ᠭᠦᠢᠯᠭᠡᠭᠡᠨ ᠤ ᠦᠢᠯᠡᠴᠢᠯᠡᠭᠡᠨ ᠤ ᠲᠣᠭᠤᠷᠢᠭ ︾ ᠲᠤ ᠪᠠᠰᠠ ᠲᠡᠷᠭᠡ ᠬᠥᠰᠬᠡ ᠰᠡᠯᠪᠢᠨ ᠵᠠᠰᠠᠬᠤ ᠂ ᠵᠠᠮ ᠬᠠᠷᠢᠯᠴᠠᠭᠠᠨ ᠤ ᠴᠠᠭᠳᠠᠭ᠎ᠠ ᠶᠢᠨ ᠢᠳᠬᠠᠨ | ᠰᠤᠷᠭᠠᠬᠤ ᠥᠷᠲᠡᠭᠡ ᠂ ᠨᠡᠭᠦᠷᠡᠰᠦᠨ ᠤ ᠮᠡᠳᠡᠭᠡ ᠵᠠᠩᠭᠢ ᠶᠢᠨ ᠭᠡᠯᠳᠡᠰ ᠵᠡᠷᠭᠡ ᠴᠢᠳᠠᠮᠵᠢ ᠶᠢᠨ ᠲᠥᠬᠦᠭᠡᠷᠦᠮᠵᠢ ᠶᠢ ᠢᠵᠢ ᠪᠦᠷᠢᠳᠦᠭᠦᠯᠵᠦ ᠂ ᠨᠠᠭᠠᠰᠢ ᠴᠠᠭᠠᠰᠢ | ᠥᠩᠭᠡᠷᠡᠬᠦ ᠵᠢᠯᠣᠭᠤᠴᠢ ᠳᠤ ᠨᠠᠩ ᠢᠯᠡᠭᠦᠦ ᠬᠡᠷᠡᠭᠴᠡᠭᠡ ᠲᠠᠢ ᠂ ᠰᠡᠳᠬᠢᠯ ᠢ ᠳᠤᠯᠠᠭᠠᠴᠠᠭᠤᠯᠬᠤ ᠦᠢᠯᠡᠴᠢᠯᠡᠭᠡ ᠪᠠ ᠬᠠᠪᠰᠤᠷᠤᠯᠭ᠎ᠠ ᠬᠠᠩᠭᠠᠭᠰᠠᠨ ᠪᠠᠶᠢᠨ᠎ᠠ ᠃ | ︽ ᠵᠢᠯᠣᠭᠤᠴᠢ ᠶᠢᠨ ᠳᠤᠯᠠᠭᠠᠨ ᠪᠠᠭᠤᠴᠠ︾ ᠭᠠᠷᠭᠠᠬᠤ ᠨᠥᠬᠦᠴᠡᠯ ᠦᠭᠡᠢ ᠲᠡᠭᠡᠭᠡᠪᠦᠷᠢ ᠶᠢᠨ ᠱᠤᠭᠤᠮ ᠳᠡᠭᠡᠷ᠎ᠡ ᠂ ᠵᠡᠭᠦᠨᠭᠠᠷ ᠬᠤᠰᠢᠭᠤ ᠵᠢᠯᠣᠭᠤᠴᠢ ᠶᠢᠨ ᠭᠡᠷ ᠂ | ᠵᠢᠯᠣᠭᠤᠴᠢ ᠶᠢᠨ ᠥᠷᠲᠡᠭᠡ ᠵᠡᠷᠭᠡ ᠶᠢ ᠨᠡᠭᠡᠭᠡᠨ ᠪᠠᠶᠢᠭᠤᠯᠵᠤ ᠂ ᠵᠢᠯᠣᠭᠤᠴᠢ ᠳᠤ ᠲᠡᠷᠭᠡ ᠵᠣᠭᠰᠤᠭᠠᠬᠤ ᠂ ᠠᠮᠠᠷᠠᠬᠤ ᠂ ᠪᠡᠶ᠎ᠡ ᠤᠬᠢᠶᠠᠬᠤ ᠵᠡᠷᠭᠡ ᠦᠢᠯᠡᠴᠢᠯᠡᠭᠡ | ᠬᠠᠩᠭᠠᠬᠤ ᠶᠢᠨ ᠬᠠᠮᠲᠤ ᠤᠤᠭᠤᠬᠤ ᠤᠰᠤ ᠂ ᠲᠦᠷᠭᠡᠨ ᠠᠪᠤᠷᠠᠯᠳᠠ ᠶᠢᠨ ᠡᠮ ᠵᠡᠷᠭᠡ ᠶᠢ ᠦᠨ᠎ᠡ ᠲᠥᠯᠥᠪᠦᠷᠢ ᠦᠭᠡᠢ ᠪᠠᠷ ᠬᠠᠩᠭᠠᠵᠤ ᠪᠠᠶᠢᠨ᠎ᠠ ᠃ | ᠣᠳᠣᠬᠠᠨ ᠳᠤ ᠂ ᠵᠡᠭᠦᠨᠭᠠᠷ ᠬᠤᠰᠢᠭᠤᠨ ᠳᠤ ᠨᠢᠭᠡᠨᠲᠡ ᠠᠩᠬ᠎ᠠ ᠠᠯᠬᠤᠮ ᠤᠨ ᠬᠡᠷᠡᠭᠯᠡᠬᠦ ᠨᠥᠬᠦᠴᠡᠯ ᠲᠠᠢ ︽ ᠵᠢᠯᠣᠭᠤᠴᠢ ᠶᠢᠨ ᠳᠤᠯᠠᠭᠠᠨ ᠪᠠᠭᠤᠴᠠ ︾ ᠶᠢ 11 | ᠪᠠᠶᠢᠭᠤᠯᠵᠤ ᠂ 4390 ᠮᠠᠰᠢᠨ ᠲᠡᠷᠭᠡ ᠶᠢ ᠵᠤᠬᠰᠤᠭᠠᠵᠤ ᠳᠡᠶᠢᠯᠬᠦ ᠪᠤᠯᠭᠠᠬᠰᠠᠨ ᠪᠠᠶᠢᠨ᠎ᠠ ᠃ 8 ᠭᠠᠵᠠᠷ ᠤᠨ ᠭᠠᠵᠠᠷ ᠰᠣᠩᠭᠤᠬᠤ ᠪᠠᠷ ᠲᠥᠯᠥᠪᠵᠢᠭᠦᠯᠤᠨ ᠂ | ᠪᠠᠶᠢᠭᠤᠯᠵᠤ ᠳᠠᠭᠤᠰᠤᠭᠰᠠᠨ ᠤ ᠳᠠᠷᠠᠭ᠎ᠠ 3600 ᠮᠠᠰᠢᠨ ᠲᠡᠷᠭᠡ ᠶᠢ ᠵᠤᠬᠰᠤᠭᠠᠵᠤ ᠪᠣᠯᠣᠨ᠎ᠠ ᠃ G18 ᠷᠦᠩ ᠴᠧᠩ ᠠᠴᠠ ᠦᠬᠠᠢ ᠬᠦᠷᠬᠦ ᠦᠨᠳᠤᠷ | ᠬᠤᠷᠳᠤᠴᠠᠳᠤ ᠵᠠᠰᠠᠮᠠᠯ ᠵᠠᠮ ᠂ S31 ᠬᠥᠬᠡᠬᠤᠲᠠ ᠠᠴᠠ ᠳ᠋ᠠ ᠯᠤ᠋ ᠬᠦᠷᠬᠦ ᠦᠨᠳᠤᠷ ᠬᠤᠷᠳᠤᠴᠠᠳᠤ ᠵᠠᠰᠠᠮᠠᠯ ᠵᠠᠮ ᠂ S24 ᠬᠠᠲᠤᠨ ᠭᠤᠣᠯ ᠳᠠᠭᠠᠤ ᠦᠨᠳᠤᠷ | ᠬᠤᠷᠳᠤᠴᠠᠳᠤ ᠵᠠᠰᠠᠮᠠᠯ ᠵᠠᠮ ᠂ S103 ᠰᠢᠤᠸᠠᠢ ᠵᠢᠶᠠ ᠸᠠᠨ ᠠᠴᠠ ᠸᠧᠢ ᠵᠢᠶᠠ ᠮᠤᠤ ᠬᠦᠷᠬᠦ ᠱᠤᠭᠤᠮ ᠂ 639 ᠨᠠᠷᠠᠰᠤᠨ ᠠᠴᠠ ᠳᠡᠮᠡᠭᠡᠳᠤ ᠬᠦᠷᠬᠦ ᠱᠤᠭᠤᠮ | ᠵᠡᠷᠭᠡ 7 ᠵᠤᠷᠪᠤᠰ ᠨᠡᠭᠦᠷᠡᠰᠦ ᠵᠥᠭᠡᠭᠡᠪᠦᠷᠢᠯᠡᠬᠦ ᠭᠤᠣᠯ ᠵᠠᠮ ᠳᠡᠭᠡᠷ᠎ᠡ ᠦᠢᠯᠡᠴᠢᠯᠡᠭᠡᠨ ᠤ ᠲᠣᠭᠤᠷᠢᠭ ᠠᠴᠠ ᠭᠠᠳᠠᠨᠠᠬᠢ 7 ᠵᠢᠯᠣᠭᠤᠴᠢ ᠶᠢᠨ ᠭᠡᠷ ᠢ ᠪᠠᠶᠢᠭᠤᠯᠵᠤ | ᠳᠠᠭᠤᠰᠬᠠᠪᠠ ᠃ | ︽ ᠬᠢᠵᠢᠭ ︾ ᠢ ᠰᠡᠷᠭᠡᠶᠢᠯᠡᠬᠦ ᠵᠠᠮ ᠳᠤ ︽ ᠵᠢᠯᠣᠭᠤᠴᠢ ᠶᠢᠨ ᠦᠯᠦᠭᠡᠢ ︾ ᠨᠢ ᠠᠮᠤᠷ ᠲᠦᠪᠰᠢᠨ ᠢ ᠪᠠᠲᠤᠯᠠᠨ᠎ᠠ | ᠨᠠᠷᠢᠯᠢᠭ ᠣᠨᠣᠴᠠᠲᠠᠢ ᠪᠠᠷ ᠬᠠᠮᠢᠶᠠᠷᠤᠨ ᠡᠵᠡᠮᠳᠡᠬᠦ ᠶᠢ ᠪᠡᠶᠡᠯᠡᠭᠦᠯᠵᠦ ᠂ ︽ ᠨᠢᠭᠡ ᠯᠡ ᠠᠳᠠᠯᠢ ᠪᠠᠷ ᠱᠠᠭᠠᠷᠳᠠᠬᠤ ︾ ᠠᠰᠠᠭᠤᠳᠠᠯ ᠢ ᠦᠨᠡᠨ ᠬᠦ ᠰᠢᠢᠳᠪᠦᠷᠢᠯᠡᠬᠦ ᠶᠢᠨ | ᠲᠥᠯᠥᠭᠡ ᠂ ᠵᠡᠭᠦᠨᠭᠠᠷ ᠬᠤᠰᠢᠭᠤᠨ ᠤ ᠵᠢᠯᠣᠭᠤᠴᠢ ᠪᠠ ᠳᠡᠷᠭᠡᠨ ᠳᠤ ᠰᠠᠭᠤᠬᠰᠠᠳ ᠤᠨ ᠣᠷᠣᠵᠤ ᠭᠠᠷᠬᠤ ᠣᠷᠣᠨ ᠪᠦᠰᠡ ᠶᠢᠨ ᠠᠳᠠᠯᠢ ᠪᠤᠰᠤ ᠶᠢ ᠦᠨᠳᠦᠰᠦᠯᠡᠨ ᠂ | ᠬᠤᠰᠢᠭᠤᠨ ᠤ ᠳᠤᠳᠤᠷ᠎ᠠ ᠶᠠᠪᠤᠵᠤ ᠰᠠᠭᠤᠬᠤ ᠳᠤᠳᠤᠭᠠᠳᠤ ᠡᠷᠬᠢᠯᠳᠡ ᠂ ᠬᠤᠰᠢᠭᠤᠨ ᠤ ᠳᠤᠳᠤᠷ᠎ᠠ ᠶᠠᠪᠤᠵᠤ ᠰᠠᠭᠤᠬᠤ ᠳᠤᠳᠤᠭᠠᠳᠤ ᠭᠠᠳᠠᠭᠠᠳᠤ ᠡᠷᠬᠢᠯᠳᠡ ᠂ | ᠬᠤᠰᠢᠭᠤᠨ ᠤ ᠭᠠᠳᠠᠨ᠎ᠠ ᠶᠠᠪᠤᠬᠤ ᠵᠢᠯᠣᠭᠤᠴᠢ ᠪᠠ ᠳᠡᠷᠭᠡᠨ ᠳᠤ ᠰᠠᠭᠤᠬᠰᠠᠳ ᠭᠡᠵᠦ ᠭᠤᠷᠪᠠᠨ ᠲᠥᠷᠥᠯ ᠳᠤ ᠬᠤᠪᠢᠶᠠᠨ᠎ᠠ ᠃ | | | | | ᠠᠳᠠᠯᠢ ᠪᠤᠰᠤ ᠲᠥᠷᠥᠯ ᠢ ᠨᠢ ᠦᠨᠳᠦᠰᠦᠯᠡᠨ ᠂ ︽ ᠵᠢᠯᠣᠭᠤᠴᠢ ᠶᠢᠨ ᠳᠤᠯᠠᠭᠠᠨ ᠪᠠᠭᠤᠴᠠ ︾ ᠂ ᠵᠢᠯᠣᠭᠤᠴᠢ ᠶᠢᠨ ᠥᠷᠲᠡᠭᠡ ᠲᠠᠢ ᠤᠶᠠᠯᠳᠤᠭᠤᠯᠤᠨ ᠲᠥᠷᠥᠯ | ᠬᠤᠪᠢᠶᠠᠨ ᠬᠠᠮᠢᠶᠠᠷᠤᠨ᠎ᠠ ᠃ ᠬᠤᠰᠢᠭᠤᠨ ᠤ ᠳᠤᠳᠤᠷ᠎ᠠ ᠶᠠᠪᠤᠵᠤ ᠰᠠᠭᠤᠬᠤ ᠳᠤᠳᠤᠭᠠᠳᠤ ᠡᠷᠬᠢᠯᠳᠡ ᠶᠢᠨ ᠵᠢᠯᠣᠭᠤᠴᠢ ᠪᠠ ᠳᠡᠷᠭᠡᠨ ᠳᠤ ᠰᠠᠭᠤᠬᠰᠠᠳ ᠤᠨ ︽ | ᠪᠠᠶᠢᠴᠠᠭᠠᠬᠤ ᠶᠣᠰᠣᠲᠠᠢ ᠶᠢ ᠨᠢ ᠴᠥᠮ ᠪᠠᠶᠢᠴᠠᠭᠠᠬᠤ + ᠡᠯᠧᠺᠲᠷᠣᠨ ᠢᠶᠠᠷ ᠬᠦᠷᠢᠶᠡᠯᠡᠬᠦ ︾ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ ᠂ ᠨᠡᠶᠢᠭᠡᠮ | ᠲᠣᠭᠤᠷᠢᠭᠴᠢᠯᠠᠭᠰᠠᠨ ᠂ ᠲᠣᠥᠷᠵᠢᠭᠤᠯᠤᠭᠰᠠᠨ ᠬᠠᠮᠢᠶᠠᠷᠤᠯᠲᠠ ᠳᠤ ᠣᠷᠣᠭᠤᠯᠤᠨ ᠂ ᠲᠠᠪᠴᠠᠩ ᠢᠶᠠᠷ ᠴᠠᠭ ᠲᠤᠬᠠᠢ ᠳᠤᠨᠢ ᠬᠢᠨᠠᠨ ᠡᠵᠡᠮᠳᠡᠨ᠎ᠡ ︔ ᠬᠤᠰᠢᠭᠤᠨ ᠤ | ᠳᠤᠳᠤᠷ᠎ᠠ ᠶᠠᠪᠤᠵᠤ ᠰᠠᠭᠤᠬᠤ ᠳᠤᠳᠤᠭᠠᠳᠤ ᠭᠠᠳᠠᠭᠠᠳᠤ ᠡᠷᠬᠢᠯᠳᠡ ᠶᠢᠨ ᠵᠢᠯᠣᠭᠤᠴᠢ ᠪᠠ ᠳᠡᠷᠭᠡᠨ ᠳᠤ ᠰᠠᠭᠤᠬᠰᠠᠳ ᠤᠨ ︽ ᠴᠡᠭ ᠠᠴᠠ ᠴᠡᠭ ᠲᠤ ᠬᠦᠷᠭᠡᠬᠦ | ᠲᠡᠭᠡᠭᠡᠪᠦᠷᠢ + ᠪᠢᠳᠡᠬᠦᠮᠵᠢᠯᠡᠭᠰᠡᠨ ᠬᠠᠮᠢᠶᠠᠷᠤᠯᠲᠠ + ᠵᠢᠯᠣᠭᠤᠴᠢ ᠶᠢᠨ ᠥᠷᠲᠡᠭᠡ ︾ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ ᠂ ᠲᠦᠷᠭᠡᠨ ᠣᠷᠣᠭᠤᠯᠬᠤ ᠂ | ᠲᠦᠷᠭᠡᠨ ᠪᠠᠭᠤᠯᠭᠠᠬᠤ ᠂ ᠲᠦᠷᠭᠡᠨ ᠠᠴᠢᠶᠠᠯᠠᠬᠤ ᠂ ᠲᠦᠷᠭᠡᠨ ᠶᠠᠪᠤᠬᠤ ᠶᠢ ᠬᠡᠷᠡᠭᠵᠢᠭᠦᠯᠦᠨ᠎ᠡ ︔ ᠬᠤᠰᠢᠭᠤᠨ ᠤ ᠭᠠᠳᠠᠨ᠎ᠠ ᠶᠠᠪᠤᠬᠤ ᠵᠢᠯᠣᠭᠤᠴᠢ ᠪᠠ ᠳᠡᠷᠭᠡᠨ ᠳᠤ | ᠰᠠᠭᠤᠬᠰᠠᠳ ᠤᠨ ︽ ᠲᠠᠪᠴᠠᠩ ᠤᠨ ᠪᠣᠯᠵᠤᠭ᠎ᠠ + ᠪᠢᠲᠡᠭᠦᠦ ᠳᠤᠯᠠᠭᠠᠨ ᠪᠠᠭᠤᠴᠠ ︾ ᠶᠢᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ ᠂ ᠣᠲᠣ ᠶᠢᠨ | ᠬᠡᠷᠡᠭᠵᠢᠭᠦᠯᠵᠦ ᠪᠠᠶᠢᠭ᠎ᠠ ᠬᠢᠵᠢᠭ ᠢ ᠰᠡᠷᠭᠡᠶᠢᠯᠡᠬᠦ ᠲᠣᠭᠲᠠᠭᠠᠯ ᠢ ᠵᠢᠷᠤᠮᠯᠠᠭᠰᠠᠨ ᠤᠷᠢᠲᠠᠯ ᠳᠣᠣᠷ᠎ᠠ ᠂ ︽ ᠴᠡᠭ ᠠᠴᠠ ᠴᠡᠭ ᠲᠤ ᠬᠦᠷᠭᠡᠬᠦ ︾ ᠶᠢ ᠬᠡᠷᠡᠭᠵᠢᠭᠦᠯᠵᠦ ᠂ | ᠬᠦᠷᠦᠯᠴᠡᠬᠦ ᠦᠭᠡᠢ ᠬᠡᠯᠪᠡᠷᠢ ᠶᠢᠨ ᠠᠴᠢᠵᠤ ᠪᠠᠭᠤᠯᠭᠠᠬᠤ ᠠᠵᠢᠯ ᠢ ᠬᠢᠭᠰᠡᠨ ᠤ ᠳᠠᠷᠠᠭ᠎ᠠ ᠳᠠᠷᠤᠶᠢᠬᠠᠨ ᠪᠤᠴᠠᠵᠤ ᠶᠠᠪᠤᠭᠤᠯᠤᠨ᠎ᠠ ᠃ ᠬᠤᠯᠪᠤᠬᠳᠠᠯ ᠪᠦᠬᠦᠢ ᠠᠷᠭ᠎ᠠ | ᠬᠡᠮᠵᠢᠶ᠎ᠡ ᠶᠢ ᠱᠠᠭᠠᠷᠳᠠᠯᠭ᠎ᠠ ᠶᠣᠰᠣᠭᠠᠷ ᠨᠠᠶᠢᠳᠠᠪᠤᠷᠢᠵᠢᠭᠤᠯᠤᠭᠰᠠᠨ ᠦᠭᠡᠢ ᠵᠢᠯᠣᠭᠤᠴᠢ ᠪᠠ ᠳᠡᠷᠭᠡᠨ ᠳᠤ ᠰᠠᠭᠤᠬᠰᠠᠳ ᠢ ︽ ᠨᠡᠷ᠎ᠡ ᠶᠢᠨ ᠬᠠᠷ᠎ᠠ ᠲᠠᠩᠰᠠ ︾ ᠶᠢᠨ | ᠬᠠᠮᠢᠶᠠᠷᠤᠯᠲᠠ ᠳᠤ ᠣᠷᠣᠭᠤᠯᠤᠨ᠎ᠠ ᠃ | | | | | ︽ ᠮᠠᠨ ᠤ ᠦᠢᠯᠡᠴᠢᠯᠡᠭᠡᠨ ᠤ ᠲᠣᠭᠤᠷᠢᠭ ᠲᠤ ᠬᠤᠲᠠ ᠶᠢᠨ ᠭᠠᠳᠠᠨᠠᠬᠢ ᠬᠤᠯᠠ ᠵᠠᠮ ᠤᠨ ᠲᠡᠷᠭᠡ ᠵᠣᠭᠰᠤᠭᠠᠬᠤ ᠲᠣᠭᠤᠷᠢᠭ ᠂ ᠬᠤᠲᠠ ᠶᠢᠨ ᠳᠣᠲᠣᠷᠠᠬᠢ | ᠣᠶᠢᠷ᠎ᠠ ᠵᠠᠮ ᠤᠨ ᠲᠡᠷᠭᠡ ᠵᠣᠭᠰᠤᠭᠠᠬᠤ ᠲᠣᠭᠤᠷᠢᠭ ᠂ ᠲᠦᠷ ᠴᠠᠭ ᠤᠨ ᠲᠤᠰᠠᠭᠠᠷᠯᠠᠬᠤ ᠲᠣᠭᠤᠷᠢᠭ ᠵᠡᠷᠭᠡ 3 ᠲᠤᠰᠠᠭᠠᠷ ᠮᠦᠷᠳᠡᠭᠡᠨ ᠪᠢᠳᠡᠬᠦᠮᠵᠢᠯᠡᠨ ᠬᠠᠮᠢᠶᠠᠷᠴᠤ | ᠪᠠᠶᠢᠭ᠎ᠠ ︿ ᠵᠢᠯᠣᠭᠤᠴᠢ ᠶᠢᠨ ᠳᠤᠯᠠᠭᠠᠨ ᠪᠠᠭᠤᠴᠠ﹀ ᠶᠢ ᠪᠠᠶᠢᠷᠢᠯᠠᠭᠤᠯᠵᠤ ᠂ ᠠᠰᠲᠠᠭᠠᠨ ᠬᠦᠢᠲᠡᠨ ᠢᠶᠠᠷ ᠬᠦᠷᠭᠡᠬᠦ ᠲᠡᠭᠡᠭᠡᠪᠦᠷᠢ ᠶᠢᠨ ᠲᠡᠷᠭᠡ ᠵᠣᠭᠰᠤᠭᠠᠬᠤ ᠲᠣᠭᠤᠷᠢᠭ | ᠪᠠ ᠣᠯᠠᠨ ᠴᠢᠳᠠᠮᠵᠢᠲᠤ ᠠᠯᠪᠠᠯᠠᠬᠤ ᠲᠣᠭᠤᠷᠢᠭ ᠭᠠᠷᠭᠠᠵᠠᠢ ᠂ ᠡᠨᠡ ᠮᠡᠲᠦ ᠪᠠᠷ ᠲᠣᠰ ᠲᠣᠰ ᠲᠤᠨᠢ ᠰᠠᠯᠭᠠᠵᠤ ᠂ ᠠᠮᠤᠷ ᠲᠦᠪᠰᠢᠨ ᠢ ᠰᠠᠶᠢᠵᠢᠷᠠᠭᠤᠯᠪᠠ ᠃ | ᠣᠳᠣᠬᠠᠨ ᠳᠤ ᠦᠢᠯᠡᠴᠢᠯᠡᠭᠡᠨ ᠤ ᠲᠣᠭᠤᠷᠢᠭ ᠲᠤ ᠨᠢᠭᠡᠨᠲᠡ ︿ ᠡᠯᠧᠺᠲᠷᠣᠨ ᠬᠦᠷᠢᠶ᠎ᠠ ﹀ ᠶᠢᠨ ᠪᠠᠶᠢᠷᠢᠯᠠᠭᠤᠯᠤᠯᠲᠠ ᠶᠢ ᠪᠡᠶᠡᠯᠡᠭᠦᠯᠵᠦ ᠂ ᠦᠢᠯᠡᠴᠢᠯᠡᠭᠡᠨ ᠤ | ᠲᠣᠭᠤᠷᠢᠭ ᠤᠨ ᠪᠣᠯᠵᠤᠭ᠎ᠠ ᠶᠢᠨ ᠬᠡᠪᠴᠢᠶ᠎ᠡ ᠨᠢ ᠡᠷᠬᠢᠨ ᠲᠣᠭᠤᠷᠢᠨ ᠤ 7 ᠨᠡᠭᠦᠷᠡᠰᠦᠨ ᠠᠭᠤᠷᠬᠠᠢ ᠶᠢ ᠨᠥᠯᠥᠭᠡᠯᠡᠬᠦ ᠪᠣᠯᠣᠨ᠎ᠠ ︾ ᠭᠡᠵᠦ ᠵᠡᠭᠦᠨᠭᠠᠷ ᠵᠣᠣ ᠪᠠᠯᠭᠠᠰᠤᠨ ᠤ | ᠳᠡᠳ᠋ ᠳᠠᠷᠤᠭ᠎ᠠ ᠂ ᠬᠤᠸᠠ ᠳᠡᠮᠡᠭᠡᠳᠤ ᠶᠢᠨ ᠶᠡᠷᠦᠩᠬᠡᠶᠢᠯᠡᠭᠰᠡᠨ ᠪᠠᠷᠠᠭᠠᠨ ᠤ ᠭᠦᠢᠯᠭᠡᠭᠡᠨ ᠤ ᠦᠢᠯᠡᠴᠢᠯᠡᠭᠡᠨ ᠤ ᠲᠣᠭᠤᠷᠢᠭ ᠤᠨ ᠬᠠᠷᠢᠭᠤᠴᠠᠯᠭᠠᠲᠠᠨ ᠵᠣᠣ ᠢᠦᠢ ᠵᠢᠶᠧ | ᠶᠠᠷᠢᠨ᠎ᠠ ᠃ | ︽ ᠲᠠᠷᠠᠭᠠᠴᠢ ᠶᠢᠨ ᠠᠯᠬᠤᠮ ᠳᠤ ᠂ ᠵᠡᠭᠦᠨᠭᠠᠷ ᠬᠤᠰᠢᠭᠤ ︿ ᠳᠤᠯᠠᠭᠠᠨ ᠪᠠᠭᠤᠴᠠ ﹀ ᠳᠣᠲᠣᠷᠠᠬᠢ ︿ ᠹᠢᠽᠢᠺ + ᠡᠯᠧᠺᠲᠷᠣᠨ ﹀ ᠬᠦᠷᠢᠶ᠎ᠡ ᠶᠢ ᠰᠣᠯᠪᠢᠴᠠᠭᠤᠯᠤᠨ | ᠬᠡᠷᠡᠭᠯᠡᠬᠦ ᠦᠵᠡᠭᠳᠡᠯ ᠢ ᠲᠦᠷᠭᠡᠨ ᠪᠠᠶᠢᠭᠤᠯᠤᠨ ᠲᠡᠭᠦᠯᠳᠡᠷᠵᠢᠭᠦᠯᠵᠦ ᠂ ᠡᠯ᠎ᠡ ︿ ᠵᠢᠯᠣᠭᠤᠴᠢ ᠶᠢᠨ ᠳᠤᠯᠠᠭᠠᠨ ᠪᠠᠭᠤᠴᠠ ﹀ ᠳᠤ ᠤᠷᠢᠳ ᠢᠶᠠᠷ ᠬᠤᠯᠠᠬᠢ ᠶᠢ ᠨᠢ | ᠣᠷᠣᠭᠤᠯᠬᠤ ᠂ ᠤᠷᠢᠳ ᠢᠶᠠᠷ ᠪᠠᠴᠢᠮ ᠢ ᠨᠢ ᠤᠷᠤᠭᠤᠯᠵᠤ ᠰᠡᠭᠦᠯᠡᠷ ᠳᠤᠰᠠᠯᠠᠬᠤ ᠂ ᠤᠷᠢᠳ ᠢᠶᠠᠷ ᠬᠠᠩᠭᠠᠯᠭ᠎ᠠ ᠶᠢ ᠪᠠᠲᠤᠯᠠᠬᠤ ᠵᠠᠷᠴᠢᠮ ᠶᠣᠰᠣᠭᠠᠷ ᠂ ᠰᠦᠯᠵᠢᠶᠡᠨ | ᠳᠡᠭᠡᠷ᠎ᠡ ᠲᠣᠬᠢᠷᠠᠭᠤᠯᠬᠤ ᠶᠢ ᠬᠡᠷᠡᠭᠵᠢᠭᠦᠯᠵᠦ ᠂ ᠬᠥᠮᠥᠨ ᠂ ᠲᠡᠷᠭᠡ ᠂ ᠪᠠᠷᠠᠭᠠᠨ ᠤ ︿ ᠪᠢᠳᠡᠬᠦᠮᠵᠢᠯᠡᠭᠰᠡᠨ ᠬᠠᠮᠢᠶᠠᠷᠤᠯᠲᠠ ﹀ ᠶᠢ ᠦᠨᠡᠨ ᠬᠦ ᠪᠡᠶᠡᠯᠡᠭᠦᠯᠵᠦ ᠂ ᠬᠢᠵᠢᠭ ᠤᠨ | ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠵᠠᠮ ᠬᠠᠷᠢᠯᠴᠠᠭ᠎ᠠ ᠡᠳ᠋ ᠪᠠᠷᠠᠭᠠᠨ ᠤ ᠭᠦᠢᠯᠭᠡᠭᠡᠨ ᠤ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠶᠢ ᠤᠯᠠᠮ ᠨᠢᠭᠡ ᠠᠯᠬᠤᠮ | ᠥᠨᠳᠥᠷ ᠪᠦᠲᠦᠮᠵᠢᠲᠡᠶ ᠪᠠᠷ ᠨᠢᠭᠡᠳᠦᠯᠲᠡᠢ ᠲᠥᠯᠥᠪᠯᠡᠨ᠎ᠡ ︾ ᠭᠡᠵᠦ ᠬᠤᠰᠢᠭᠤᠨ ᠤ ᠵᠠᠮ ᠬᠠᠷᠢᠯᠴᠠᠭᠠᠨ ᠤ ᠲᠣᠪᠴᠢᠶ᠎ᠠ ᠶᠢᠨ ᠡᠷᠬᠢᠯᠡᠭᠴᠢ ᠭᠡᠰᠢᠭᠦᠴᠢ ᠷᠧᠨ ᠵᠦᠩ ᡁᠢ | ᠶᠠᠷᠢᠨ᠎ᠠ ᠃ | | | | | |