| ᠨᠠᠮ ᠤᠨ ᠬᠤᠷᠢᠳᠤᠭᠠᠷ ᠶᠡᠭᠡ ᠬᠤᠷᠡᠯ ᠤᠨ ᠵᠤᠷᠢᠭ ᠰᠠᠨᠠᠭ᠎ᠠ ᠶᠢ ᠬᠦᠨᠵᠡᠬᠡᠢ ᠰᠤᠷᠤᠯᠴᠠᠨ ᠳᠤᠭᠤᠰᠢᠯᠠᠭᠤᠯᠵᠤ ᠂ ᠨᠡᠶᠢᠬᠡᠮ ᠵᠢᠷᠤᠮ ᠤᠨ ᠤᠳᠤᠬᠢᠴᠢᠯᠠᠬᠰᠠᠨ ᠤᠯᠤᠰ | ᠢ ᠪᠦᠬᠦ ᠳᠠᠯ᠎ᠠ ᠪᠠᠷ ᠪᠦᠳᠦᠬᠡᠨ ᠪᠠᠶᠢᠭᠤᠯᠬᠤ ᠰᠢᠨ᠎ᠡ ᠠᠶᠠᠨ ᠳᠤ ᠮᠤᠷᠳᠠᠬᠤ ᠲᠡᠭᠡᠷ᠎ᠠ ᠨᠢᠬᠳᠠᠷᠠᠭᠤᠯᠵᠤ ᠂ ᠵᠡᠬᠦᠡᠭᠠᠷ ᠬᠤᠰᠢᠭᠤᠨ ᠤ ᠤᠳᠤᠬᠢᠴᠢᠯᠠᠬᠰᠠᠨ ᠪᠦᠳᠦᠬᠡᠨ | ᠪᠠᠶᠢᠭᠤᠯᠤᠯᠳᠠ ᠶᠢᠨ ᠰᠢᠨ᠎ᠡ ᠬᠠᠭᠤᠳᠠᠰᠤ ᠶᠢᠨ ᠠᠤᠭ᠎ᠠ ᠬᠦᠴᠦᠨ ᠢ ᠪᠢᠴᠢᠭᠯᠡᠬᠦ ᠶᠢᠨ ᠳᠤᠰᠠᠳᠠ ᠂ 《 ᠵᠡᠬᠦᠡᠭᠠᠷ ᠬᠤᠰᠢᠭᠤᠨ ᠤ ᠨᠡᠶᠢᠳᠡᠯᠡᠯ 》 ᠨᠢ《 ᠨᠠᠮ ᠤᠨ | ᠬᠤᠷᠢᠳᠤᠭᠠᠷ ᠶᠡᠭᠡ ᠬᠤᠷᠡᠯ ᠤᠨ ᠵᠤᠷᠢᠭ ᠰᠠᠨᠠᠭ᠎ᠠ ᠶᠢ ᠬᠦᠨᠵᠡᠬᠡᠢ ᠰᠤᠷᠤᠯᠴᠠᠨ ᠲᠤᠭᠤᠰᠢᠯᠠᠭᠤᠯᠤᠶ᠎ᠠ 》ᠬᠡᠬᠦ ᠰᠢᠷᠢᠰ ᠳᠤᠰᠬᠠᠢ ᠪᠤᠯᠤᠩ ᠢ ᠨᠡᠬᠡᠬᠡᠵᠤ ᠂ ᠮᠠᠨ ᠤ | ᠬᠤᠰᠢᠭᠤᠨ ᠤ ᠦᠨᠳᠦᠰᠦᠳᠡᠨ ᠨᠦᠭᠦᠳ ᠤᠨ ᠺᠠᠳᠠᠷ ᠤᠯᠠᠨ ᠳᠦᠮᠡᠨ ᠤ ᠡᠷᠴᠢ ᠵᠤᠷᠢᠭ ᠢᠶᠠᠨ ᠬᠦᠪᠴᠢᠯᠡᠨ ᠡᠷᠡᠯᠬᠡᠭᠯᠡᠨ ᠤᠷᠤᠬᠰᠢᠯᠠᠵᠦ ᠂ ᠢᠳᠡᠬᠡᠯ ᠳᠡᠬᠦᠯᠳᠡᠷ ᠢᠶᠠᠷ | ᠰᠢᠨ᠎ᠡ ᠠᠶᠠᠨ ᠳᠤ ᠡᠷᠡᠮᠡᠬᠡᠶᠢᠯᠡᠨ ᠤᠷᠤᠬᠰᠢᠯᠠᠬᠤ ᠂ ᠰᠢᠨ᠎ᠡ ᠴᠠᠭ ᠦᠶ᠎ᠡ ᠳᠤ ᠭᠠᠪᠢᠶ᠎ᠡ ᠵᠢᠳᠬᠦᠯ ᠪᠠᠶᠢᠭᠤᠯᠬᠤ ᠠᠮᠢᠳᠤᠯᠢᠭ ᠦᠢᠯᠡᠳᠦᠯᠬᠡ ᠶᠢ ᠳᠡᠯᠬᠡᠨ ᠦᠵᠡᠬᠦᠯᠬᠦ | ᠪᠤᠯᠤᠨ᠎ᠡ ᠃ | ᠡᠪᠤᠯ ᠤᠨ ᠡᠬᠢ ᠪᠠᠷ ᠂ ᠵᠡᠬᠦᠡᠭᠠᠷ ᠬᠤᠰᠢᠭᠤᠨ ᠤ ᠰᠢᠷᠡᠯᠵᠢᠳᠡᠢ ᠰᠢᠶᠠᠩ ᠤᠨ ᠶᠠᠩ ᠽᠢ ᠬᠤᠸᠠ ᠳᠤᠰᠬᠤᠨ ᠤ ᠤᠶᠤᠨᠴᠢ ᠳᠦᠬᠦᠬᠡᠷᠦᠮᠵᠢᠳᠤ ᠳᠠᠷᠢᠶᠠᠯᠠᠩ ᠤᠨ | ᠬᠦᠷᠢᠶᠡᠯᠡᠩ ᠳᠤᠭᠤᠷᠢᠭ ᠤᠨ ᠢᠳᠡᠰᠢᠨ ᠨᠤᠭᠤᠭ᠎ᠠ ᠶᠢᠨ ᠬᠦᠯᠡᠮᠵᠢ ᠠᠴᠠ ᠬᠦᠷᠦᠰᠦ ᠰᠢᠷᠤᠢ ᠶᠢᠨ ᠦᠨᠦᠷ ᠬᠠᠮᠠᠷ ᠴᠤᠷᠬᠢᠨᠠ ᠃ | | | | | | | ᠳᠤᠰ ᠳᠤᠰᠬᠤᠨ ᠤ ᠨᠠᠮ ᠤᠨ ᠡᠬᠦᠷ ᠤᠨ ᠱᠦᠵᠢ ᠮᠠ ᠱᠠᠩ ᠹᠸᠢ ᠶᠠᠭ ᠳᠠᠷᠢᠮᠡᠯ ᠤᠨ ᠤᠷᠭᠤᠴᠠ ᠶᠢᠨ ᠪᠠᠶᠢᠳᠠᠯ ᠢ ᠪᠠᠶᠢᠴᠠᠭᠠᠵᠤ ᠪᠠᠶᠢᠪᠠ ᠃ ᠭᠠᠷ ᠤᠳᠠᠰᠤ | ᠲᠡᠬᠡᠷ᠎ᠠ ᠪᠠᠨ ᠬᠦᠡᠭᠬᠡᠬᠡᠨ ᠳᠤᠶ᠋ᠢᠪᠡᠯ ᠬᠦᠯᠡᠮᠵᠢ ᠳᠤᠳᠤᠷᠡᠬᠢ ᠤᠰᠤ ᠪᠤᠷᠳᠤᠭᠤᠷ ᠢ ᠨᠢᠬᠡ ᠴᠤᠬᠴᠠᠵᠢᠭᠤᠯᠤᠬᠰᠠᠨ ᠮᠠᠰᠢᠨ ᠳᠦᠷᠴᠢᠬᠢᠨᠡᠨ ᠠᠵᠢᠯᠯᠠᠵᠤ ᠂ ᠬᠦᠯᠡᠮᠵᠢ ᠶᠢᠨ | ᠬᠡᠷᠡᠮ ᠳᠡᠬᠡᠷ᠎ᠡ ᠡᠯᠬᠦᠭᠰᠡᠨ ᠳᠡᠯᠬᠡᠴᠡ ᠳᠤ ᠢᠯᠡᠷᠡᠬᠦ ᠳᠤᠯᠠᠭᠠᠨ ᠤ ᠬᠡᠮᠵᠢᠶ᠎ᠡ ᠂ ᠴᠢᠬᠢᠭ ᠤᠨ ᠬᠡᠮᠵᠢᠶ᠎ᠡ ᠂ ᠡᠯ᠎ᠡ ᠳᠦᠷᠦᠯ ᠤᠨ ᠰᠢᠮ᠎ᠡ ᠳᠡᠵᠢᠬᠡᠯ ᠤᠨ ᠵᠢᠭᠠᠯᠳᠠ ᠳᠤᠭ᠎ᠠ | ᠨᠢ ᠳᠠᠰᠤᠷᠡᠯᠳᠡ ᠦᠬᠡᠢ ᠬᠤᠪᠢᠷᠠᠬᠤ ᠨᠢ ᠬᠠᠷᠠᠬᠳᠠᠨ᠎ᠠ ᠃ ᠬᠦᠯᠡᠮᠵᠢ ᠳᠤ ᠨᠤᠭᠤᠭᠠᠨ ᠦᠡᠭᠬᠡ ᠲᠠᠢ ᠳᠦᠪᠡᠳ ᠬᠠᠰᠢ ᠶᠢᠨ ᠤᠷᠭᠤᠴᠠ ᠨᠢ ᠰᠠᠶᠢᠨ ᠪᠠᠶᠢᠵᠤ ᠂ | ᠪᠤᠯᠪᠠᠷᠡᠢ ᠲᠦᠬᠦᠷᠠᠩ ᠵᠢᠮᠢᠰ ᠤᠳ ᠨᠢ ᠠᠮᠢᠵᠢᠷᠡᠯ ᠤᠨ ᠬᠦᠴᠦᠨ ᠢᠶᠠᠷ ᠪᠢᠯᠬᠠᠮ᠎ᠠ ᠰᠢᠨ᠎ᠡ ᠪᠠᠶᠢᠳᠠᠯ ᠢ ᠳᠤᠳᠤᠷᠠᠭᠤᠯᠵᠤ ᠪᠠᠶᠢᠯ᠎ᠠ ᠃ | | | | | | | | | | 《 ᠦᠵᠡᠯ ᠳ᠋ᠠ ᠂ ᠤᠳᠤᠬᠠᠨ ᠤ ᠨᠡᠶᠢᠬᠡᠮ ᠬᠡᠳᠦᠢ ᠰᠠᠶᠢᠬᠠᠨ ᠪᠢᠯᠡ ᠂ ᠳᠠᠷᠢᠶᠠᠴᠢᠳ ᠳᠠᠷᠢᠶ᠎ᠡ ᠳᠠᠷᠢᠬᠤ ᠳᠠᠭᠠᠨ ᠬᠦᠮᠦᠨ ᠤ ᠬᠦᠴᠦ ᠶᠢ ᠳᠦᠰᠢᠭᠯᠡᠬᠦ ᠦᠬᠡᠢ ᠂ | ᠬᠠᠷᠢᠨ ᠤᠶᠤᠨ ᠤᠬᠠᠭᠠᠨ ᠳᠤ ᠳᠦᠰᠢᠭᠯᠡᠵᠤ ᠂ ᠤᠨᠠᠯᠳᠠ ᠬᠤᠷᠢᠶᠠᠯᠳᠠ ᠪᠠᠨ ᠳᠡᠭᠷᠢ ᠶᠢ ᠲᠦᠰᠢᠬᠦ ᠪᠢᠰᠢ ᠂ ᠰᠢᠨᠵᠢᠯᠡᠬᠦ ᠤᠬᠠᠭᠠᠨ ᠮᠡᠷᠬᠡᠵᠢᠯ ᠳᠤ ᠳᠦᠰᠢᠭᠯᠡᠨ᠎ᠡ ᠂ ᠪᠢ | ᠦᠵᠡᠪᠡᠯ ᠤᠳᠠᠬᠤ ᠦᠬᠡᠢ ᠮᠠᠨ ᠤ ᠳᠠᠷᠢᠶᠠᠯᠠᠩ ᠤᠨ ᠤᠳᠤᠬᠢᠴᠢᠯᠡᠯᠳᠡ ᠴᠤ ᠪᠡᠶᠡᠯᠡᠭᠳᠡᠨ᠎ᠡ 》ᠬᠡᠪᠡ ᠃ | ᠮᠠ ᠱᠠᠩ ᠹᠸᠢ ᠶᠠᠷᠢᠬᠤ ᠳᠠᠭᠠᠨ ᠂ ᠤᠤᠯ ᠨᠢ ᠳᠤᠯᠠᠭᠠᠨ ᠬᠦᠯᠡᠮᠵᠢ ᠶᠢᠨ ᠬᠠᠮᠢᠶᠠᠷᠤᠯᠳᠡ ᠳᠤ ᠬᠡᠳᠦᠨ ᠬᠦᠮᠦᠨ ᠬᠡᠷᠡᠭᠯᠡᠬᠡᠳ ᠰᠠᠶ᠋ᠢ ᠬᠢᠵᠤ ᠠᠮᠵᠢᠳᠠᠭ ᠂ ᠤᠳᠤ | ᠤᠶᠤᠨᠴᠢ ᠳᠠᠷᠢᠶᠠᠯᠠᠩ ᠤᠨ ᠳᠠᠪᠴᠠᠩ ᠢ ᠤᠬᠰᠠᠷᠡᠵᠤ ᠂ ᠬᠡᠷ ᠲᠡᠭᠡᠨ ᠡᠰᠡᠬᠦᠯ᠎ᠡ ᠮᠢᠩᠭᠠᠨ ᠭᠠᠵᠠᠷ ᠤᠨ ᠬᠤᠯᠡ ᠪᠠᠶᠢᠬᠰᠠᠨ ᠴᠤ ᠬᠤᠷᠤᠭᠤᠨ ᠦᠵᠦᠬᠦᠷ ᠨᠢᠬᠡ | ᠬᠦᠡᠭᠬᠡᠨ ᠳᠤᠶ᠋ᠢᠪᠠᠯ ᠳᠤᠯᠠᠭᠠᠨ ᠢ ᠳᠤᠬᠢᠷᠠᠭᠤᠯᠬᠤ ᠂ ᠤᠰᠤᠯᠠᠬᠤ ᠂ ᠪᠤᠷᠳᠤᠭᠤᠷ ᠤᠷᠤᠭᠤᠯᠬᠤ ᠵᠡᠷᠭᠡ ᠶᠢ ᠦᠵᠡᠭᠳᠡᠮᠡᠯ ᠠᠯᠤᠰ ᠡᠵᠡᠮᠰᠢᠯ ᠢᠶᠠᠷ ᠪᠡᠶᠡᠯᠡᠬᠦᠯᠵᠤ ᠂ ᠨᠢᠬᠡ | ᠬᠦᠮᠦᠨ ᠪᠠᠶᠢᠬᠤ ᠳᠤ ᠬᠦᠷᠪᠡᠯ ᠳᠤᠮᠤ ᠬᠦᠯᠡᠮᠵᠢ ᠶᠢ ᠬᠠᠮᠢᠶᠠᠷᠴᠤ ᠬᠠᠮᠠᠭᠠᠯᠠᠬᠤ ᠶᠢ ᠠᠮᠠᠷᠬᠠᠨ ᠪᠡᠶᠡᠯᠡᠬᠦᠯᠵᠤ ᠴᠢᠳᠠᠨ᠎ᠠ ᠬᠡᠵᠡᠢ ᠃ | | | | | | ᠳᠤᠰ ᠬᠦᠷᠢᠶᠡᠯᠡᠩ ᠳᠤᠭᠤᠷᠢᠭ ᠨᠢ ᠶᠠᠩ ᠽᠢ ᠬᠤᠸᠠ ᠳᠤᠰᠬᠤᠨ ᠤ ᠰᠢᠷᠡᠳᠡᠷᠡᠰᠦ ᠬᠤᠷᠰᠢᠶ᠎ᠡ ᠳᠤ ᠪᠠᠶᠢᠷᠢᠯᠡᠵᠤ ᠂ ᠡᠵᠡᠯᠡᠬᠦ ᠳᠠᠯᠠᠪᠠᠢ ᠨᠢ 80 ᠮᠤ᠋ ᠪᠠᠶᠢᠵᠦ ᠂ | ᠨᠢᠬᠡᠨᠳᠠ ᠪᠠᠶᠢᠭᠤᠯᠤᠬᠰᠠᠨ 25 ᠰᠠᠭᠤᠷᠢ《 ᠤᠰᠤ ᠪᠤᠷᠳᠤᠭᠤᠷ ᠢ ᠨᠢᠬᠡ ᠴᠤᠬᠴᠠᠵᠢᠭᠤᠯᠬᠤ 》ᠤᠶᠤᠨᠴᠢ ᠳᠠᠷᠢᠵᠤ ᠤᠷᠭᠤᠭᠤᠯᠬᠤ ᠨᠡᠷᠡᠨ ᠤ ᠡᠨᠧᠷᠬᠢ ᠶᠢᠨ | ᠳᠤᠯᠠᠭᠠᠨ ᠬᠦᠯᠡᠮᠵᠢ ᠪᠤᠯ ᠂ ᠰᠢᠷᠡᠯᠵᠢᠳᠡᠢ ᠰᠢᠶᠠᠩ ᠢ ᠬᠤᠯᠪᠤᠭᠠᠯᠠᠨ ᠳᠠᠭᠠᠭᠠᠴᠢᠯᠠᠬᠤ ᠪᠠᠶᠢᠭᠤᠯᠭ᠎ᠠ ᠨᠢᠬᠡᠴᠢ ︵ ᠬᠤᠰᠢᠭᠤᠨ ᠤ ᠠᠵᠤ ᠦᠢᠯᠡᠳᠪᠦᠷᠢ ᠶᠢᠨ ᠴᠢᠮᠡᠭᠡ | ᠵᠠᠩᠬᠢ ᠪᠠ ᠰᠢᠨᠵᠢᠯᠡᠬᠦ ᠤᠬᠠᠭᠠᠨ ᠮᠡᠷᠬᠡᠵᠢᠯ ᠤᠨ ᠳᠤᠪᠴᠢᠶ᠎ᠡ ︶ + ᠳᠡᠳᠬᠦᠨ ᠳᠡᠮᠵᠢᠬᠦ ᠠᠵᠤ ᠠᠬᠤᠶᠢᠯᠡᠯ ︵ ᠤᠯᠤᠰ ᠤᠨ ᠡᠨᠧᠷᠬᠢ ᠶᠢᠨ ᠪᠦᠯᠦᠭᠯᠡᠯ ᠤᠨ ᠰᠢᠨ | ᠱᠦᠸᠧ ᠳᠠᠮᠤᠷ ᠵᠠᠮ ᠤᠨ ᠬᠢᠵᠠᠭᠠᠷᠳᠤ ᠺᠤᠮᠫᠠᠨᠢ ︶ + ᠳᠤᠰᠬᠤᠨ ᠤ ᠨᠠᠮ ᠤᠨ ᠡᠬᠦᠷ + ᠳᠠᠷᠢᠶᠠᠴᠢᠨ ᠡᠷᠦᠬᠡ ᠶᠢᠨ ᠬᠠᠮᠳᠤᠷᠠᠨ ᠲᠦᠯᠦᠪᠵᠢᠬᠦᠯᠵᠦ ᠪᠠᠶᠢᠭᠤᠯᠤᠬᠰᠠᠨ | ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠳᠦᠷᠦᠯ ᠵᠦᠢᠯ ᠤᠨ ᠨᠢᠬᠡ ᠪᠤᠯᠤᠨ᠎ᠠ ᠃ 2021 ᠤᠨ ᠤ 10 ᠰᠠᠷ᠎ᠡ ᠳᠤ ᠰᠢᠨ᠎ᠡ ᠪᠠᠷ ᠪᠠᠶᠢᠭᠤᠯᠵᠤ ᠂ | 2022 ᠤᠨ ᠤ 8 ᠰᠠᠷ᠎ᠡ ᠳᠤ ᠪᠠᠷᠢᠵᠤ ᠲᠠᠭᠤᠰᠬᠠᠨᠨ ᠂ ᠶᠠᠩ ᠽᠢ ᠬᠤᠸᠠ ᠳᠤᠰᠬᠤᠨ ᠤ ᠬᠠᠮᠳᠤ ᠶᠢᠨ ᠬᠤᠪᠢ ᠤᠷᠤᠭᠤᠯᠤᠬᠰᠠᠨ ᠠᠵᠤ ᠠᠬᠤᠢ ᠶᠢᠨ | ᠬᠤᠷᠰᠢᠶᠠᠵᠢᠯ ᠪᠦᠳᠦᠬᠡᠨ ᠪᠠᠶᠢᠭᠤᠯᠵᠤ ᠂ ᠡᠵᠡᠩᠨᠡᠨ ᠬᠠᠮᠢᠶᠠᠷᠤᠯᠳᠠ ᠬᠢᠨ᠎ᠠ ᠃ ᠬᠦᠷᠢᠶᠡᠯᠡᠩ ᠳᠤᠭᠤᠷᠢᠭ ᠠᠴᠠ ᠳᠡᠷᠢᠬᠦᠨ ᠤ ᠤᠳᠤᠬᠢᠴᠢᠯᠠᠬᠰᠠᠨ ᠤᠶᠤᠨᠴᠢ | ᠳᠠᠷᠢᠶᠠᠯᠠᠩ ᠤᠨ ᠮᠡᠷᠬᠡᠵᠢᠯ ᠢ ᠲᠡᠯᠬᠡᠷᠡᠬᠦᠯᠦᠨ ᠬᠡᠷᠡᠭᠯᠡᠵᠤ ᠂ ᠡᠯ᠎ᠡ ᠳᠦᠷᠦᠯ ᠤᠨ ᠦᠨᠳᠦᠷ ᠴᠢᠨᠡᠷ ᠪᠦᠬᠦᠢ ᠨᠤᠭᠤᠭ᠎ᠠ ᠵᠢᠮᠢᠰ ᠢ ᠳᠠᠷᠢᠵᠤ ᠂ ᠬᠠᠮᠳᠤ ᠶᠢᠨ ᠠᠵᠤ ᠠᠬᠤᠢ | ᠪᠠ ᠳᠠᠷᠢᠶᠠᠴᠢᠨ ᠤ ᠤᠷᠤᠯᠭ᠎ᠠ ᠶᠢ ᠨᠡᠮᠡᠭᠳᠡᠬᠦᠯᠬᠦ ᠪᠠᠷ ᠲᠦᠯᠦᠪᠯᠡᠵᠦ ᠪᠤᠢ ᠃ | ᠦᠨᠡᠨᠳᠡᠬᠡᠨ ᠂ ᠶᠠᠩ ᠽᠢ ᠬᠤᠸᠠ ᠳᠤᠰᠬᠤᠨ ᠨᠢ ᠭᠠᠭᠴᠠ ᠲᠠᠷᠢᠮᠠᠯ ᠤᠨ ᠳᠦᠷᠦᠯ ᠵᠦᠢᠯ ᠳᠤ《 ᠦᠵᠦᠬᠦᠷ ᠰᠢᠨᠵᠢᠯᠡᠬᠦ ᠤᠬᠠᠭᠠᠨ ᠮᠡᠷᠬᠡᠵᠢᠯ 》 ᠢ ᠬᠡᠷᠡᠭᠯᠡᠭᠰᠡᠨ | ᠠᠴᠠ ᠭᠠᠳᠠᠨ᠎ᠠ ᠂ ᠳᠡᠵᠢᠬᠡᠨ ᠦᠷᠡᠵᠢᠬᠦᠯᠬᠦ ᠳᠠᠯ᠎ᠠ ᠪᠠᠷ ᠴᠤ ᠳᠡᠬᠡᠳᠦ ᠰᠢᠨᠵᠢᠯᠡᠬᠦ ᠤᠬᠠᠭᠠᠨ ᠮᠡᠷᠬᠡᠵᠢᠯ ᠢ ᠬᠡᠷᠡᠭᠯᠡᠵᠤ ᠂ ᠦᠪᠤᠷ ᠮᠤᠩᠭᠤᠯ ᠤᠨ ᠵᠦᠡᠭ ᠲᠢᠶᠠᠨ | ᠤᠳᠤᠬᠢᠴᠢᠯᠠᠬᠰᠠᠨ ᠤᠶᠤᠨᠴᠢ ᠮᠠᠯ ᠠᠵᠤ ᠠᠬᠤᠢ ᠶᠢᠨ ᠡᠬᠦᠯᠳᠡᠷ ᠤᠨ ᠬᠤᠨᠢ ᠪᠤᠯᠬᠤ ᠬᠤ᠋ ᠶᠠᠩ ᠬᠤᠨᠢ ᠶᠢ ᠳᠡᠵᠢᠬᠡᠨ ᠦᠷᠡᠵᠢᠬᠦᠯᠬᠦ ᠳᠦᠷᠦᠯ ᠵᠦᠢᠯ ᠢ ᠤᠷᠤᠭᠤᠯᠵᠦ | ᠠᠪᠴᠢᠷᠠᠪᠠ ᠃ | | | | | | | ᠲᠠᠨᠢᠯᠴᠠᠭᠤᠯᠤᠬᠰᠠᠨ ᠢᠶᠠᠷ ᠂ ᠲᠤᠰ ᠬᠤ᠋ ᠶᠠᠩ ᠬᠤᠨᠢ ᠶᠢᠨ ᠲᠡᠵᠢᠬᠡᠪᠦᠷᠢ ᠶᠢᠨ ᠲᠦᠷᠦᠯ ᠵᠦᠢᠯ ᠢ 2021 ᠤᠨ ᠳᠤ ᠪᠦᠳᠦᠬᠡᠨ ᠪᠠᠶᠢᠭᠤᠯᠵᠦ ᠂ 2022 ᠤᠨ | ᠤ 8 ᠰᠠᠷ᠎ᠠ ᠠᠴᠠ ᠡᠬᠢᠯᠡᠬᠦᠯᠦᠨ ᠠᠵᠢᠯᠯᠠᠭᠤᠯᠵᠦ ᠂ ᠶᠡᠷᠦᠩᠬᠡᠢ ᠲᠠᠯᠠᠪᠠᠢ ᠨᠢ 442.7 ᠮᠤ᠋ ᠳᠤ ᠬᠦᠷᠴᠤ ᠂ ᠤᠶᠤᠨᠴᠢ ᠮᠠᠯ ᠠᠵᠤ ᠠᠬᠤᠢ ᠶᠢᠨ ᠰᠤᠳᠤᠯᠭᠠᠨ ᠤ | ᠲᠦᠪ ᠤᠨ ᠲᠤᠷᠰᠢᠯᠳᠠ ᠶᠢᠨ ᠤᠷᠤᠨ ᠂ ᠤᠶᠤᠨᠴᠢ ᠮᠠᠯ ᠠᠵᠤ ᠠᠬᠤᠢ ᠶᠢᠨ ᠬᠤ᠋ ᠶᠠᠩ ᠦᠷ᠎ᠠ ᠶᠢᠨ ᠮᠠᠯ ᠂ ᠤᠶᠤᠨᠴᠢ ᠮᠠᠯ ᠠᠵᠤ ᠠᠬᠤᠢ ᠶᠢᠨ ᠲᠤᠨᠤᠬᠯᠠᠯ ᠤᠨ | ᠦᠷ᠎ᠠ ᠪᠦᠳᠦᠬᠡᠯ ᠢ ᠤᠯᠠᠷᠢᠭᠤᠯᠬᠤ ᠵᠢᠴᠢ ᠦᠷ᠎ᠠ ᠶᠢᠨ ᠮᠠᠯ ᠤᠨ ᠰᠤᠯᠢᠯᠴᠠᠭᠠᠨ ᠤ ᠭᠠᠵᠠᠷ ᠵᠡᠷᠬᠡ ᠭᠤᠷᠪᠠᠨ ᠲᠤᠮᠤ ᠴᠢᠳᠠᠪᠬᠢᠳᠤ ᠤᠷᠤᠨ ᠢᠶᠠᠷ ᠪᠦᠷᠢᠯᠳᠦᠵᠡᠢ ᠃ | ᠲᠡᠵᠢᠬᠡᠪᠦᠷᠢ ᠶᠢᠨ ᠫᠸᠡᠭ ᠰᠠᠷᠠᠪᠴᠢ ᠨᠢ ᠰᠢᠨ᠎ᠠ ᠬᠡᠯᠪᠡᠷᠢ ᠶᠢᠨ ᠨᠠᠷᠠᠨ ᠤ ᠬᠡᠷᠡᠯ ᠤᠨ ᠤᠶᠤᠨᠴᠢ ᠮᠠᠯ ᠠᠵᠤ ᠠᠬᠤᠢ ᠶᠢᠨ ᠮᠡᠷᠬᠡᠵᠢᠯ ᠢ ᠬᠡᠷᠡᠭᠯᠡᠵᠦ ᠂ ᠫᠸᠡᠭ ᠰᠡᠷᠠᠪᠴᠢᠨ | ᠳᠤ ᠰᠠᠯᠬᠢ ᠨᠡᠪᠳᠡᠷᠡᠬᠦᠯᠵᠦ ᠂ ᠬᠤᠤᠷ ᠲᠠᠢ ᠬᠡᠢ ᠪᠠᠶᠡᠳᠤ ᠶᠢᠨ ᠦᠳᠬᠡᠴᠡ ᠂ ᠠᠭᠠᠷ ᠤᠨ ᠲᠤᠯᠠᠭᠠᠨ ᠂ ᠴᠢᠬᠢᠭᠳᠦᠴᠠ ᠶᠢ ᠴᠠᠭ ᠲᠤᠬᠠᠢ ᠳᠤ ᠨᠢ ᠠᠦ᠋ᠲ ᠪᠠᠷ | ᠪᠦᠳᠦᠮᠵᠢᠳᠡᠢ ᠲᠤᠬᠢᠷᠠᠭᠤᠯᠵᠦ ᠂ ᠠᠭᠤᠷᠰᠢᠭᠤᠯᠬᠤ ᠤᠰᠤᠨ ᠬᠠᠶᠢᠷᠴᠠᠭ ᠢ ᠤᠬᠰᠠᠷᠠᠭᠤᠯᠵᠦ ᠂ ᠠᠭᠠᠷ ᠤᠨ ᠲᠤᠯᠠᠭᠠᠨ ᠴᠢᠬᠢᠭᠳᠦᠴᠠ ᠳᠤ ᠲᠤᠬᠢᠷᠠᠮᠵᠢᠳᠡᠢ ᠤᠤᠭᠤᠬᠤ | ᠤᠰᠤ ᠶᠢ 24 ᠴᠠᠭ ᠤᠨ ᠲᠤᠷᠰᠢ ᠬᠠᠨᠭ᠍ᠭᠠᠵᠦ ᠂ ᠲᠡᠷᠢᠬᠦᠨ ᠤ ᠰᠢᠨᠵᠢᠯᠡᠬᠦ ᠤᠬᠠᠭᠠᠨᠴᠢ ᠲᠡᠵᠢᠬᠡᠬᠦ ᠮᠡᠷᠬᠡᠵᠢᠯ ᠪᠠᠶᠢᠬᠤ ᠪᠤᠯᠬᠤᠷ ᠲᠠᠷᠭᠤᠯᠠᠭᠤᠯᠵᠦ ᠠᠷᠠᠴᠢᠯᠠᠬᠤ ᠦᠷ᠎ᠠ | ᠪᠦᠳᠦᠮᠵᠢ ᠵᠢᠴᠢ ᠲᠦᠯ ᠤᠨ ᠤᠨᠳᠤᠷᠤᠯᠳᠠ ᠶᠢᠨ ᠨᠤᠷᠮ᠎ᠠ ᠶᠢ ᠶᠡᠬᠡᠪᠡᠷ ᠲᠡᠭᠡᠭᠰᠢᠯᠡᠬᠦᠯᠵᠡᠢ ᠃ | | | | | ᠬᠤ᠋ ᠶᠠᠩ ᠬᠤᠨᠢ ᠳᠡᠵᠢᠬᠡᠨ ᠦᠷᠡᠵᠢᠬᠦᠯᠬᠦ ᠳᠠᠯᠠᠪᠠᠢ ᠳᠤ ᠬᠦᠷᠬᠦ ᠳᠤ ᠂ 900 ᠭᠠᠷᠤᠢ ᠬᠤ᠋ ᠶᠠᠩ ᠬᠤᠨᠢ ᠶᠢ ᠬᠠᠪᠳᠠᠰᠤᠨ ᠬᠠᠨᠵᠤᠨ ᠳᠡᠬᠡᠷ᠎ᠡ ᠳᠡᠵᠢᠬᠡᠨ | ᠠᠷᠡᠴᠢᠯᠡᠵᠤ ᠂ ᠰᠢᠮ᠎ᠡ ᠳᠡᠵᠢᠬᠡᠯ ᠳᠡᠩᠴᠡᠬᠦᠷᠢᠳᠡᠢ ᠰᠢᠨᠵᠢᠯᠡᠬᠦ ᠤᠬᠠᠭᠠᠨᠴᠢ ᠨᠠᠶᠢᠷᠠᠯᠭ᠎ᠠ ᠲᠠᠢ ᠪᠤᠷᠳᠤᠭᠤᠷ ᠢ ᠢᠳᠡᠬᠦᠯᠵᠦ ᠨᠢᠬᠡ ᠨᠢᠬᠡ ᠪᠠᠷ ᠨᠢ ᠳᠠᠷᠭᠤᠨ ᠳᠠᠪᠠᠳᠠᠢ ᠂ | ᠠᠮᠢᠳᠤ ᠴᠤᠪᠤᠭᠤᠯᠢᠭ ᠬᠠᠷᠠᠬᠳᠠᠪᠠ ᠁ ᠡᠶᠢᠮᠦ ᠶᠡᠭᠡ ᠳᠡᠵᠢᠬᠡᠨ ᠦᠷᠡᠵᠢᠬᠦᠯᠬᠦ ᠳᠠᠯᠠᠪᠠᠢ ᠳᠤ ᠭᠤᠷᠪᠠᠨ ᠬᠦᠮᠦᠨ ᠪᠠᠶᠢᠪᠠᠯ ᠪᠦᠬᠦᠳᠠ ᠶᠢ ᠲᠡᠵᠢᠬᠡᠵᠦ ᠲᠡᠶᠢᠯᠬᠦ | ᠪᠤᠯᠬᠤᠷ ᠪᠠᠷᠢᠮᠵᠢᠶᠠᠵᠢᠭᠤᠯᠤᠯᠳᠠ ᠂ ᠤᠶᠤᠨᠴᠢᠯᠡᠯᠳᠡ ᠶᠢ ᠵᠢᠩᠬᠢᠨᠢ ᠪᠡᠶᠡᠯᠡᠬᠦᠯᠦᠭᠰᠡᠨ ᠪᠠᠶᠢᠨ᠎ᠠ ᠃ | 《 ᠶᠠᠭᠤᠨ ᠳᠤ ᠵᠠᠪᠠᠯ ᠬᠤ᠋ ᠶᠠᠩ ᠬᠤᠨᠢ ᠶᠢ ᠡᠬᠦᠯᠳᠡᠷ ᠤᠨ ᠮᠠᠯ ᠪᠤᠯᠭᠠᠭᠠᠳ ᠪᠤᠰᠤᠳ ᠡᠬᠦᠯᠳᠡᠷ ᠢ ᠬᠡᠷᠡᠭᠯᠡᠭᠰᠡᠨ ᠦᠬᠡᠢ ᠪᠤᠯ ︖ 》 | 《 ᠨᠢᠬᠡ ᠳᠤ ᠡᠬᠡ ᠮᠠᠯ ᠨᠢ ᠰᠠᠶᠢᠨ ᠪᠤᠯᠬᠤᠷ ᠤᠯᠠᠨ ᠬᠤᠷᠠᠭᠠᠯᠠᠨ᠎ᠠ ᠂ ᠬᠤᠶᠡᠷ ᠲᠤ ᠳᠠᠷᠭᠤᠯᠠᠬᠤ ᠨᠢ ᠳᠦᠷᠬᠡᠨ ᠂ ᠭᠤᠷᠪᠡ ᠳᠤ ᠬᠤᠭᠤᠯᠠ ᠭᠤᠯᠤᠬᠤ ᠦᠬᠡᠢ | 》ᠬᠡᠵᠦ ᠦᠪᠤᠷ ᠮᠤᠩᠭᠤᠯ ᠤᠨ ᠵᠦᠡᠭ ᠲᠢᠶᠡᠨ ᠤᠳᠤᠬᠢᠴᠢᠯᠠᠬᠰᠠᠨ ᠤᠶᠤᠨᠴᠢ ᠮᠠᠯ ᠠᠵᠤ ᠠᠬᠤᠢ ᠶᠢᠨ ᠬᠤ᠋ ᠶᠠᠩ ᠬᠤᠨᠢ ᠶᠢᠨ ᠡᠬᠦᠯᠳᠡᠷ ᠢ ᠳᠡᠵᠢᠬᠡᠨ ᠦᠷᠡᠵᠢᠬᠦᠯᠬᠦ | ᠮᠡᠷᠬᠡᠵᠢᠯ ᠤᠨ ᠠᠵᠢᠯᠳᠡᠨ ᠨᠠᠷᠠᠮᠠᠨᠳᠤᠬᠤ ᠬᠠᠷᠢᠭᠤᠯᠤᠨ᠎ᠠ ᠃ | | | | | ᠨᠠᠷᠠᠮᠠᠨᠳᠤᠬᠤ ᠶᠢᠨ ᠶᠠᠷᠢᠬᠤ ᠪᠠᠷ ᠂ ᠡᠮᠦᠨᠡᠬᠢ ᠬᠤᠭᠤᠴᠠᠭᠠᠨ ᠳᠤ 900 ᠬᠤ᠋ ᠶᠠᠩ ᠬᠤᠨᠢ ᠶᠢᠨ ᠡᠬᠡ ᠮᠠᠯ ᠢ ᠪᠤᠰᠤᠳ ᠡᠬᠦᠯᠳᠡᠷ ᠤᠨ ᠬᠤᠴᠠ ᠲᠠᠢ | ᠡᠷᠯᠢᠰᠵᠢᠬᠦᠯᠵᠤ ᠂ ᠤᠳᠤᠬᠠᠨ ᠳᠤ ᠬᠤᠷᠠᠭᠠᠯᠠᠬᠰᠠᠨ ᠨᠤᠷᠮ᠎ᠡ ᠨᠢ 1.8 ᠤᠷᠴᠢᠮ ᠬᠦᠷᠴᠤ ᠂ ᠡᠬᠡ ᠮᠠᠯ ᠪᠦᠷᠢ ᠵᠢᠯ ᠤᠨ ᠳᠦᠷᠪᠡ ᠤᠳᠠᠭ᠎ᠠ ᠬᠤᠷᠠᠭᠠᠯᠠᠵᠤ ᠂ ᠨᠢᠬᠡᠨᠳᠡ | ᠵᠤᠬᠢᠬᠤ ᠦᠷ᠎ᠡ ᠠᠰᠢᠭ ᠭᠠᠷᠭᠠᠪᠠ ᠃ ᠳᠠᠷᠠᠭᠠᠴᠢ ᠪᠠᠷ ᠂ ᠺᠤᠮᠫᠠᠨᠢ ᠠᠴᠠ ᠳ᠋ᠦ᠋ ᠪᠦᠸᠧ ᠂ ᠰᠡ ᠹᠦ᠋ ᠺᠧ ᠵᠡᠷᠭᠡ ᠪᠤᠰᠤᠳ ᠡᠬᠦᠯᠳᠡᠷ ᠢ ᠤᠷᠤᠭᠤᠯᠵᠤ ᠂ ᠤᠯᠠᠨ ᠡᠬᠡ ᠮᠠᠯ | ᠢ ᠤᠯᠠᠨ ᠤᠳᠠᠭ᠎ᠠ ᠡᠷᠯᠢᠰᠵᠢᠬᠦᠯᠵᠤ ᠂ ᠬᠠᠮᠤᠭ ᠰᠡᠬᠦᠯ ᠳᠤ ᠦᠷᠡᠵᠢᠬᠦ ᠴᠢᠳᠠᠪᠤᠷᠢ ᠪᠠᠷ ᠰᠠᠶᠢᠨ ᠂ ᠮᠢᠬᠠᠨ ᠤ ᠴᠢᠨᠡᠷ ᠨᠢ ᠰᠠᠶᠢᠨ ᠂ ᠪᠤᠷᠳᠤᠨ ᠳᠠᠷᠭᠤᠯᠠᠭᠤᠯᠬᠤ ᠳᠤ | ᠳᠦᠷᠬᠡᠨ ᠰᠢᠯᠢᠳᠡᠭ ᠡᠬᠦᠯᠳᠡᠷ ᠤᠨ ᠬᠤᠨᠢ ᠶᠢ ᠪᠤᠶᠢᠵᠢᠭᠤᠯᠵᠤ ᠂ ᠠᠭᠠᠵᠢᠮ ᠢᠶᠠᠷ ᠡᠯ᠎ᠡ ᠭᠠᠵᠠᠷ ᠲᠤ ᠲᠦᠬᠡᠮᠡᠯᠵᠢᠬᠦᠯᠦᠬᠡᠳ ᠂ ᠮᠢᠬᠠᠨ ᠤ ᠬᠤᠨᠢ ᠶᠢᠨ ᠠᠵᠤ ᠦᠢᠯᠡᠰ | ᠤᠨ ᠴᠢᠨᠡᠷ ᠰᠠᠶᠢᠳᠡᠢ ᠬᠦᠭᠵᠢᠯᠳᠡ ᠶᠢ ᠠᠬᠢᠭᠤᠯᠤᠨ᠎ᠠ ᠬᠡᠪᠡ ᠃ | 《 ᠶᠡᠷᠦᠩᠬᠡᠢ ᠱᠦᠵᠢ ᠰᠢ ᠶᠢᠨ ᠫᠢᠡᠭ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠶᠢ ᠪᠦᠬᠦ ᠳᠠᠯ᠎ᠠ ᠪᠠᠷ ᠠᠬᠢᠭᠤᠯᠵᠤ ᠂ ᠦᠷ᠎ᠡ ᠶᠢᠨ ᠦᠢᠯᠡᠰ ᠢ | ᠬᠦᠭᠵᠢᠬᠦᠯᠬᠦ ᠠᠵᠢᠯᠯᠠᠭ᠎ᠠ ᠶᠢ ᠬᠦᠨᠵᠡᠬᠡᠢ ᠬᠡᠷᠡᠭᠵᠢᠬᠦᠯᠵᠤ ᠂ ᠳᠠᠷᠢᠶᠠᠯᠠᠩ ᠤᠨ ᠦᠢᠯᠡᠰ ᠤᠨ ᠰᠢᠨᠵᠢᠯᠡᠬᠦ ᠤᠬᠠᠭᠠᠨ ᠮᠡᠷᠬᠡᠵᠢᠯ ᠪᠠ ᠳᠤᠨᠤᠬᠯᠠᠯ ᠤᠨ ᠳᠤᠯᠭᠠᠭᠤᠷᠢᠯᠡᠯ ᠢ | ᠴᠢᠭᠭᠠᠳᠬᠠᠨ ᠂ ᠳᠦᠬᠦᠬᠡᠷᠦᠮᠵᠢᠳᠤ ᠳᠠᠷᠢᠶᠠᠯᠠᠩ ᠢ ᠬᠦᠭᠵᠢᠬᠦᠯᠵᠤ ᠂ ᠤᠯᠠᠨ ᠡᠰᠢᠵᠢᠭᠰᠡᠨ ᠢᠳᠡᠬᠡᠨ ᠤ ᠬᠠᠨᠭ᠍ᠭᠠᠯᠭ᠎ᠠ ᠶᠢᠨ ᠰᠢᠰᠲ᠋ᠧᠮ ᠢ ᠪᠠᠶᠢᠭᠤᠯᠬᠤ ᠬᠡᠷᠡᠭᠳᠢ ᠬᠡᠵᠦ | ᠵᠢᠭᠠᠵᠦ ᠭᠠᠷᠭᠠᠪᠠ ᠁ ᠶᠡᠷᠦᠩᠬᠡᠢ ᠱᠦᠵᠢ ᠦᠨᠳᠦᠷ ᠲᠤ ᠵᠤᠬᠰᠤᠨ ᠠᠯᠤᠰ ᠢ ᠪᠠᠷᠠᠯᠠᠵᠡᠢ ᠃ ᠮᠠᠨ ᠤ ᠳᠤᠰᠬᠤᠨ ᠤᠳᠤ ᠶᠠᠭ ᠡᠶᠢᠮᠤ ᠶᠠᠪᠤᠳᠠᠯ ᠢ ᠬᠢᠵᠤ ᠪᠠᠶᠢᠨ᠎ᠠ ᠂ | ᠬᠦᠳᠡᠭᠡ ᠳᠤᠰᠬᠤᠨ ᠤ ᠲᠠᠷᠢᠮᠠᠯ ᠲᠠᠵᠢᠬᠡᠪᠦᠷᠢ ᠶᠢᠨ ᠠᠵᠤ ᠦᠢᠯᠡᠰ ᠢ ᠬᠦᠭᠵᠢᠬᠦᠯᠵᠤ ᠂ ᠬᠦᠳᠡᠭᠡ ᠨᠤᠳᠤᠭ ᠢ ᠬᠦᠴᠦᠷᠬᠡᠭᠵᠢᠬᠦᠯᠦᠨ ᠂ ᠳᠠᠷᠢᠶᠠᠴᠢᠳ ᠢ | ᠪᠠᠶᠠᠵᠢᠭᠤᠯᠵᠦ ᠪᠤᠢ 》᠃ | ᠮᠠ ᠱᠠᠩ ᠹᠸᠢ ᠳᠠᠨᠢᠯᠴᠠᠭᠤᠯᠬᠤ ᠳᠠᠭᠠᠨ ᠂ ᠳᠤᠰ ᠲᠡᠵᠢᠬᠡᠨ ᠦᠷᠡᠵᠢᠬᠦᠯᠬᠦ ᠳᠦᠷᠦᠯ ᠵᠦᠢᠯ ᠨᠢ ᠳᠠᠷᠢᠶᠠᠴᠢᠨ ᠠᠵᠤ ᠠᠬᠤᠶᠢᠯᠡᠯ ᠬᠠᠮᠳᠤᠷᠠᠨ ᠠᠵᠢᠯᠯᠠᠬᠤ ᠵᠠᠬᠪᠤᠷ ᠢ | ᠬᠡᠷᠡᠭᠯᠡᠵᠤ ᠂ ᠳᠤᠰᠬᠤᠨ ᠤ ᠤᠤᠯ ᠤᠨ ᠰᠤᠯᠢᠯᠴᠠᠭᠠᠨ ᠤ ᠵᠠᠬ᠎ᠠ ᠳᠡᠯᠬᠡᠬᠦᠷ ᠢ ᠳᠦᠷᠦᠯ ᠵᠦᠢᠯ ᠤᠨ ᠰᠠᠭᠤᠷᠢᠨ ᠭᠠᠵᠠᠷ ᠪᠤᠯᠭᠠᠨ ᠦᠬᠡᠷᠡᠴᠢᠯᠡᠵᠤ ᠠᠵᠤ ᠠᠬᠤᠶᠢᠯᠡᠯ ᠳᠤ | ᠳᠦᠷᠢᠶᠡᠰᠦᠯᠡᠨ ᠦᠭᠪᠡ ᠃ ᠰᠠᠭᠤᠷᠢᠨ ᠭᠠᠵᠠᠷ ᠤᠨ ᠵᠢᠱᠢᠶ᠎ᠡ ᠦᠵᠡᠬᠦᠯᠬᠦ ᠦᠢᠯᠡᠳᠦᠯ ᠢᠶᠠᠷ ᠳᠠᠷᠢᠶᠠᠴᠢᠨ ᠮᠠᠯᠴᠢᠨ ᠡᠷᠦᠬᠡ ᠶᠢᠨ ᠤᠷᠤᠯᠴᠠᠬᠤ ᠶᠢ ᠳᠠᠶᠢᠴᠢᠯᠠᠵᠤ ᠂ | ᠳᠠᠷᠢᠶᠠᠴᠢᠨ ᠡᠷᠦᠬᠡ ᠪᠠᠷ ᠨᠠᠶᠢᠳᠠᠨ ᠳᠡᠵᠢᠬᠡᠯᠬᠡᠵᠤ ᠤᠷᠤᠯᠠᠨ ᠬᠠᠮᠢᠶᠠᠷᠤᠭᠤᠯᠬᠤ ᠂ ᠳᠦᠯ ᠢ ᠨᠢ ᠲᠤᠰᠬᠤ ᠂ ᠳᠡᠵᠢᠬᠡᠬᠦ ᠶᠢ ᠬᠠᠮᠢᠶᠠᠷᠴᠤ ᠬᠤᠷᠢᠶᠡᠨ ᠠᠪᠴᠤ | ᠪᠤᠷᠤᠯᠠᠭᠤᠯᠬᠤ ᠵᠡᠷᠬᠡ ᠵᠠᠬᠪᠤᠷ ᠳᠤᠮᠳᠠ ᠰᠤᠩᠭᠤᠯᠳᠠ ᠬᠢᠯᠬᠡᠨ᠎ᠡ ᠃ ᠠᠯᠢ ᠨᠢᠬᠡ ᠵᠠᠬᠪᠤᠷ ᠢ ᠰᠤᠩᠭᠤᠭᠰᠠᠨ ᠴᠤ ᠠᠵᠤ ᠠᠬᠤᠶᠢᠯᠡᠯ ᠤᠨ ᠬᠠᠨᠭ᠍ᠭᠠᠬᠤ ᠨᠢᠬᠡᠳᠦᠯᠳᠡᠢ | ᠮᠦᠡᠭᠬᠦᠨ ᠬᠦᠢᠯᠬᠡᠬᠡ ᠂ ᠡᠳ᠋ ᠪᠠᠷᠠᠭ᠎ᠠ ᠂ ᠮᠡᠷᠬᠡᠵᠢᠯ ᠂ ᠡᠵᠡᠩᠨᠡᠯᠳᠡ ᠂ ᠪᠤᠷᠤᠯᠠᠭᠤᠯᠭ᠎ᠠ ᠵᠡᠷᠬᠡ ᠠᠷᠡᠳ ᠲᠤ ᠬᠠᠷᠠᠭᠠᠯᠵᠠᠯ ᠦᠵᠡᠬᠦᠯᠬᠦ ᠦᠢᠯᠡᠴᠢᠯᠡᠭᠡ ᠶᠢ ᠬᠦᠷᠳᠡᠳᠡᠭ ᠃ | ᠡᠬᠦᠨ ᠤ ᠬᠠᠮᠳᠤ ᠂ ᠵᠠᠰᠠᠭ ᠤᠨ ᠤᠷᠳᠤᠨ ᠠᠴᠠ ᠳᠡᠵᠢᠬᠡᠨ ᠦᠷᠡᠵᠢᠬᠦᠯᠬᠦ ᠡᠷᠦᠬᠡ ᠳᠤ ᠬᠤᠴᠠᠨ ᠤ ᠨᠦᠬᠦᠪᠦᠷᠢ ᠂ ᠵᠢᠬᠡᠯᠡᠯᠬᠡ ᠶᠢᠨ ᠬᠦᠦ ᠮᠦᠡᠭᠬᠦ ᠶᠢ ᠨᠢ ᠤᠷᠤᠯᠠᠨ | ᠦᠭᠬᠦ ᠂ ᠳᠠᠭᠠᠳᠬᠠᠯ ᠤᠨ ᠨᠦᠬᠦᠪᠦᠷᠢ ᠵᠡᠷᠬᠡ ᠳᠦᠷᠦ ᠶᠢᠨ ᠪᠤᠳᠤᠯᠭ᠎ᠠ ᠶᠢᠨ ᠨᠦᠬᠦᠪᠦᠷᠢ ᠤᠯᠭᠤᠵᠦ ᠂《 ᠵᠠᠰᠠᠭ ᠤᠨ ᠤᠷᠳᠤᠨ + ᠠᠵᠤ ᠠᠬᠤᠶᠢᠯᠡᠯ + ᠪᠠᠩᠬᠢ + | ᠲᠡᠵᠢᠬᠡᠪᠦᠷᠢ ᠶᠢᠨ ᠡᠷᠦᠬᠡ + ᠳᠠᠭᠠᠳᠬᠠᠯ 》 ᠤᠨ ᠤᠯᠠᠨ ᠳᠠᠯ᠎ᠠ ᠪᠠᠷ ᠢᠶᠠᠨ ᠬᠠᠮᠳᠤᠷᠠᠨ ᠠᠵᠢᠯᠯᠠᠬᠤ ᠠᠰᠢᠭ ᠳᠤᠰᠠ ᠶᠢ ᠵᠤᠯᠭᠠᠭᠤᠯᠬᠤ ᠳᠤᠬᠳᠠᠴᠠ ᠶᠢ | ᠴᠤᠬᠴᠠᠯᠠᠵᠤ ᠂ ᠨᠢᠬᠡᠳᠦᠬᠡᠷ ᠂ ᠬᠤᠶᠠᠳᠤᠭᠠᠷ ᠂ ᠭᠤᠷᠪᠠᠳᠤᠭᠠᠷ ᠠᠵᠤ ᠦᠢᠯᠡᠰ ᠢ ᠬᠦᠨᠵᠡᠬᠡᠢ ᠠᠭᠤᠰᠤᠯᠴᠠᠭᠤᠯᠵᠦ ᠂ ᠳᠡᠵᠢᠬᠡᠨ ᠦᠷᠡᠵᠢᠬᠦᠯᠬᠦ ᠴᠢᠳᠠᠪᠤᠷᠢᠳᠡᠨ ᠂ | ᠮᠡᠷᠬᠡᠵᠢᠯ ᠤᠨ ᠬᠦᠭᠵᠢᠯᠳᠡ ᠪᠠ ᠰᠢᠨ᠎ᠡ ᠶᠢ ᠡᠬᠦᠳᠦᠭᠰᠡᠨ ᠦᠷ᠎ᠡ ᠪᠦᠳᠦᠬᠡᠯ ᠢ ᠬᠤᠪᠢᠷᠠᠭᠤᠯᠬᠤ ᠶᠢ ᠪᠡᠶᠡᠯᠡᠬᠦᠯᠵᠤ ᠂ ᠮᠠᠯᠴᠢᠨ ᠳᠠᠷᠢᠶᠠᠴᠢᠳ ᠢ ᠳᠠᠶᠢᠴᠢᠯᠡᠨ ᠤᠷᠤᠯᠭ᠎ᠠ | ᠶᠢ ᠨᠢ ᠨᠡᠮᠡᠭᠳᠡᠬᠦᠯᠦᠨ ᠴᠨᠡᠬᠡᠯᠢᠭᠵᠢᠬᠦᠯᠵᠦ ᠂ ᠤᠳᠤᠬᠢᠴᠢᠯᠠᠬᠰᠠᠨ ᠳᠠᠷᠢᠶᠠᠯᠠᠩ ᠮᠠᠯ ᠠᠵᠤ ᠠᠬᠤᠢ ᠶᠢᠨ ᠴᠢᠨᠡᠷ ᠰᠠᠶᠢᠳᠡᠢ ᠬᠦᠭᠵᠢᠯᠳᠡ ᠶᠢ ᠠᠬᠢᠭᠤᠯᠤᠨ᠎ᠡ ᠬᠡᠪᠡ ᠃ | | | | | 《 ᠡᠨᠡᠬᠦ ᠤᠶᠤᠨᠴᠢ ᠳᠡᠵᠢᠬᠡᠨ ᠦᠷᠡᠵᠢᠬᠦᠯᠬᠦ ᠬᠡᠪᠴᠢᠶ᠎ᠡ ᠶᠢ ᠠᠭᠠᠵᠢᠮ ᠢᠶᠠᠷ ᠦᠷᠬᠡᠳᠭᠡᠭᠰᠡᠨ ᠤ ᠳᠠᠷᠠᠭ᠎ᠠ ᠂ ᠠᠵᠤ ᠠᠬᠤᠶᠢᠯᠡᠯ ᠤᠨ ᠠᠵᠢᠯᠳᠡᠨ ᠬᠡᠷᠡᠭᠯᠡᠬᠦ ᠂ | ᠳᠡᠵᠢᠬᠡᠨ ᠠᠷᠠᠴᠢᠯᠠᠬᠤ ᠮᠡᠷᠬᠡᠵᠢᠯ ᠤᠨ ᠠᠵᠢᠯᠳᠡᠨ ᠪᠠ ᠡᠬᠦᠯᠳᠡᠷ ᠤᠨ ᠮᠠᠯ ᠤᠨ ᠳᠡᠵᠢᠬᠡᠯ ᠪᠤᠷᠳᠤᠭᠤᠷ ᠵᠡᠷᠭᠡ ᠶᠢ ᠪᠦᠷ ᠳᠤᠬᠠᠢ ᠶᠢᠨ ᠭᠠᠵᠠᠷ ᠲᠠᠭᠠᠨ ᠰᠢᠢᠳᠪᠦᠷᠢᠯᠡᠵᠤ ᠂ | ᠭᠠᠵᠠᠷ ᠰᠢᠷᠤᠢ ᠪᠠ ᠳᠠᠷᠢᠶᠠᠯᠠᠩ ᠤᠨ ᠮᠠᠰᠢᠨ ᠳᠦᠷᠢᠶᠡᠰᠦᠯᠡᠬᠦ ᠂ ᠬᠤᠪᠢᠴᠠᠭᠠᠨ ᠤ ᠠᠰᠢᠭ ᠬᠤᠪᠢᠶᠠᠷᠢᠯᠡᠬᠤ ᠂ ᠬᠦᠯᠦᠰᠦᠨ ᠠᠵᠢᠯ ᠬᠢᠵᠤ ᠵᠤᠭᠤᠰ ᠤᠯᠬᠤ ᠁ | ᠳᠤᠬᠠᠢ ᠶᠢᠨ ᠴᠠᠭ ᠲᠤ ᠂ ᠶᠠᠩ ᠽᠢ ᠬᠤᠸᠠ ᠳᠤᠰᠬᠤᠨ ᠳᠠᠷᠢᠶᠠᠯᠠᠩ ᠤᠨ ᠤᠳᠤᠬᠢᠴᠢᠯᠠᠯᠳᠠ ᠵᠦᠭ ᠤᠷᠤᠬᠰᠢᠯᠠᠵᠤ ᠂ ᠬᠠᠮᠳᠤ ᠶᠢᠨ ᠠᠵᠤ ᠠᠬᠤᠢ ᠪᠠ ᠳᠤᠰᠬᠤᠨ ᠤ | ᠠᠷᠡᠳ ᠤᠨ ᠤᠷᠤᠯᠭ᠎ᠠ ᠨᠢ ᠮᠡᠳᠡᠭᠳᠡᠮ᠎ᠡ ᠳᠡᠭᠡᠭᠰᠢᠯᠡᠵᠤ ᠂ ᠬᠦᠳᠡᠭᠡ ᠳᠤᠰᠬᠤᠨ ᠦᠵᠡᠰᠬᠦᠯᠡᠩᠳᠤ ᠰᠠᠶᠢᠬᠠᠨ ᠂ ᠳᠠᠷᠢᠶᠠᠴᠢᠨ ᠴᠢᠨᠡᠬᠡᠯᠢᠭᠵᠢᠭᠰᠡᠨ ᠢ ᠵᠢᠩᠬᠢᠨᠢ ᠪᠠᠷ | ᠪᠡᠶᠡᠯᠡᠬᠦᠯᠬᠦ ᠪᠤᠯᠤᠨ᠎ᠠ 》ᠬᠡᠵᠤ ᠮᠠ ᠱᠠᠩ ᠹᠸᠢ ᠢᠷᠡᠬᠡᠳᠦᠢ ᠪᠠᠨ ᠪᠠᠷᠠᠯᠠᠨ ᠤᠮᠤᠭ ᠳᠡᠬᠦᠯᠳᠡᠷ ᠶᠠᠷᠢᠨ᠎ᠡ ᠃ | |