2022 ᠤᠨ ᠤ ᠲᠤᠯᠤᠳᠤᠭᠠᠷ ᠰᠠᠷ᠎ᠠ ᠶᠢᠨ ᠵᠠᠰᠠᠭ ᠤᠨ ᠤᠷᠳᠤᠨ ᠤ ᠲᠤᠮᠤ ᠠᠵᠢᠯ ᠶᠠᠪᠤᠳᠠᠯ ᠤᠨ ᠲᠡᠮᠳᠡᠭᠯᠡᠯ
ᠨᠡᠶᠢᠲᠡᠯᠡᠭᠰᠡᠨ ᠴᠠᠭ᠄
2022/11/28
      7 ᠰᠠᠷ᠎ᠡ ᠶᠢᠨ 6 ᠤ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ ᠰᠢᠤᠸᠠᠢ ᠵᠢᠶᠠ ᠸᠠᠨ ᠪᠠᠯᠭᠠᠰᠤ ᠶᠢᠨ ᠪᠸᠢ ᠱᠠᠨ ᠤ ᠬᠡᠰᠡᠭ ᠳᠤᠭᠤᠷᠢᠭ ᠤᠨ ᠪᠦᠳᠦᠬᠡᠨ ᠪᠠᠶᠢᠭᠤᠯᠤᠯᠳᠠ ᠶᠢᠨ ᠠᠬᠤᠢ ᠳᠠᠯᠠᠪᠠᠢ ᠳᠤ ᠬᠦᠷᠴᠤ᠂ ᠳᠦᠷᠦᠯ ᠵᠦᠢᠯ ᠤᠨ ᠭᠠᠵᠠᠷ ᠰᠤᠩᠭᠤᠬᠤ ᠵᠡᠷᠬᠡ ᠠᠵᠢᠯ ᠳᠤ ᠪᠠᠶᠢᠴᠠᠭᠠᠨ ᠰᠤᠳᠤᠯᠤᠯᠳᠠ ᠬᠢᠪᠠ᠃ ᠰᠤ᠋ ᠰᠢᠨ ᠶᠠ ᠬᠡᠰᠡᠭ ᠳᠤᠭᠤᠷᠢᠭ ᠤᠨ ᠶᠡᠷᠦᠩᠬᠡᠢ ᠪᠠᠶᠢᠳᠠᠯ ᠪᠠ ᠬᠡᠰᠡᠭ ᠳᠤᠭᠤᠷᠢᠭ ᠲᠠᠬᠢ ᠡᠯ᠎ᠡ ᠳᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢᠨ ᠪᠠᠶᠢᠳᠠᠯ ᠤᠨ ᠬᠠᠷᠢᠭᠤ ᠮᠡᠳᠡᠬᠦᠯᠦᠯᠳᠡ᠂ ᠰᠢᠤᠸᠠᠢ ᠵᠢᠶᠠ ᠸᠠᠨ ᠤ ᠬᠠᠭᠤᠴᠢᠨ ᠳᠤᠭᠤᠷᠢᠬ ᠢ ᠦᠬᠡᠷᠡᠴᠢᠯᠡᠨ ᠪᠠᠶᠢᠭᠤᠯᠬᠤ ᠵᠡᠷᠬᠡ ᠠᠵᠢᠯ ᠤᠨ ᠠᠬᠢᠴᠠ ᠶᠢᠨ ᠬᠠᠷᠢᠭᠤ ᠮᠡᠳᠡᠬᠦᠯᠦᠯᠳᠡ ᠶᠢ ᠬᠢᠨᠠᠮᠠᠭᠠᠢ ᠰᠤᠨᠤᠰᠪᠠ᠃ ᠬᠤᠰᠢᠭᠤᠨ ᠤ ᠤᠳᠤᠷᠢᠳᠤᠯᠭ᠎ᠠ ᠸᠠᠩ ᠢᠤᠢ ᠵᠢᠶᠧ᠂ ᠡᠤ ᠰᠢᠤᠢ ᠳ᠋ᠦᠡᠭ᠂ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠨᠡᠷ ᠪᠡᠷ᠎ᠡ ᠪᠤᠯᠪᠠ᠃      7 ᠰᠠᠷ᠎ᠡ ᠶᠢᠨ 7 ᠤ ᠡᠳᠦᠷ᠂ ᠬᠤᠳᠠ ᠶᠢᠨ ᠳᠡᠳ᠋ ᠳᠠᠷᠤᠭ᠎ᠠ ᠯᠢᠦ ᠹᠸᠡᠭ ᠶᠦᠨ ᠵᠡᠬᠦᠡᠭᠠᠷ ᠬᠤᠰᠢᠭᠤ ᠵᠢᠴᠢ ᠬᠤᠳᠠ ᠶᠢᠨ ᠰᠢᠭᠤᠳ ᠬᠠᠷᠢᠶ᠎ᠠ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠢᠨ ᠢ ᠲᠠᠭᠠᠭᠤᠯᠤᠨ ᠵᠢᠩ ᠤᠤ ᠨᠠᠷᠠᠨ ᠡᠨᠧᠷᠬᠢ ᠶᠢᠨ ᠪᠡᠬᠡᠵᠢᠩ ᠤᠨ ᠺᠤᠮᠫᠠᠨᠢ ᠳᠤ ᠬᠦᠷᠴᠤ ᠳᠤᠭᠤᠷᠢᠨ  ᠰᠢᠨᠵᠢᠯᠡᠨ ᠪᠠᠶᠢᠴᠠᠭᠠᠬᠰᠠᠨ ᠤ ᠬᠠᠮᠳᠤ ᠠᠵᠤ ᠠᠬᠤᠶᠢᠯᠠᠯ ᠲᠠᠢ ᠰᠠᠭᠤᠨ ᠶᠠᠷᠢᠯᠴᠠᠪᠠ᠃ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ ᠤᠷᠤᠯᠴᠠᠬᠰᠠᠨ ᠪᠦᠬᠡᠳ ᠵᠡᠬᠦᠡᠭᠠᠷ ᠬᠤᠰᠢᠭᠤᠨ ᠤ ᠪᠤᠳᠠᠳᠤ ᠪᠠᠶᠢᠳᠠᠯ ᠳᠤ ᠰᠠᠭᠤᠷᠢᠯᠡᠨ ᠵᠡᠬᠦᠡᠭᠠᠷ ᠬᠤᠰᠢᠭᠤᠨ ᠤ ᠬᠤᠳᠠᠯᠳᠤᠭ᠎ᠠ ᠡᠷᠬᠢᠯᠡᠬᠦ ᠤᠷᠴᠢᠨ ᠲᠤᠭᠤᠷᠢᠨ᠂ ᠳᠠᠪᠠᠭᠤᠯᠢᠬ ᠳᠠᠯ᠎ᠠ ᠵᠢᠴᠢ ᠳᠠᠷᠠᠭᠠᠴᠢ ᠶᠢᠨ ᠠᠯᠬᠤᠮ ᠤᠨ ᠠᠵᠤ ᠦᠢᠯᠡᠰ ᠤᠨ ᠪᠠᠶᠢᠷᠢᠰᠢᠭᠤᠯᠤᠯᠳᠠ ᠳᠦᠯᠦᠪᠵᠢᠬᠦᠯᠬᠡ ᠶᠢ ᠨᠠᠷᠢᠯᠢᠬ ᠳᠠᠨᠢᠯᠴᠠᠭᠤᠯᠪᠠ᠃      7 ᠰᠠᠷ᠎ᠡ ᠶᠢᠨ 7 — 8 ᠤ ᠡᠳᠦᠷ ᠪᠤᠯᠳᠠᠯ᠎ᠠ᠂ ᠬᠤᠳᠠ ᠶᠢᠨ ᠠᠷᠡᠳ ᠤᠨ ᠳᠦᠯᠦᠭᠡᠯᠡᠭᠴᠢᠳ ᠤᠨ ᠶᠡᠭᠡ ᠬᠤᠷᠡᠯ ᠤᠨ ᠪᠠᠶᠢᠡᠭᠭᠤ ᠶᠢᠨ ᠬᠤᠷᠢᠶᠠᠨ ᠤ ᠳᠡᠳ᠋ ᠡᠷᠬᠢᠯᠡᠭᠴᠢ ᠵᠤᠤ ᠹᠸᠢ ᠯᠤ᠋ ᠬᠠᠤᠯᠢ ᠬᠡᠷᠡᠭᠵᠢᠬᠦᠯᠬᠦ ᠪᠠᠶᠢᠴᠠᠭᠠᠬᠤ ᠳᠤᠭᠤᠶᠢᠯᠠᠩ ᠢ ᠲᠠᠭᠠᠭᠤᠯᠤᠨ ᠮᠠᠨ ᠤ ᠬᠤᠰᠢᠭᠤᠨ ᠳᠤ ᠢᠷᠠᠵᠦ ︽ᠤᠷᠳᠤᠰ ᠬᠤᠳᠠ ᠶᠢᠨ ᠪᠤᠬᠢᠷᠳᠤᠯ ᠦᠬᠡᠢ ᠠᠭᠤᠷᠬᠠᠢ ᠶᠢᠨ ᠪᠦᠳᠦᠬᠡᠨ ᠪᠠᠶᠢᠭᠤᠯᠤᠯᠳᠠ ᠶᠢᠨ ᠬᠠᠮᠢᠶᠠᠷᠤᠯᠳᠡ ᠶᠢᠨ ᠲᠦᠷᠢᠮ︾ ᠤᠨ ᠬᠠᠤᠯᠢ ᠬᠡᠷᠡᠭᠵᠢᠬᠦᠯᠦᠯᠳᠡ ᠶᠢᠨ ᠪᠠᠶᠢᠴᠠᠭᠠᠯᠳᠠ ᠬᠢᠨᠠᠨ ᠵᠦᠪᠯᠡᠭᠰᠡᠨ ᠰᠠᠨᠠᠯ ᠢ ᠨᠠᠶᠢᠳᠠᠪᠤᠷᠢᠵᠢᠭᠤᠯᠤᠬᠰᠠᠨ ᠪᠠᠶᠢᠳᠠᠯ ᠳᠤ ᠮᠦᠷᠳᠡᠨ ᠪᠠᠶᠢᠴᠠᠭᠠᠯᠳᠠ ᠬᠢᠬᠦ ᠶᠢᠨ ᠬᠠᠮᠳᠤ ᠮᠠᠨ ᠤ ᠬᠤᠰᠢᠭᠤᠨ ᠤ ︽ᠤᠷᠳᠤᠰ ᠬᠤᠳᠠ ᠶᠢᠨ ᠪᠠᠷᠠᠭᠠᠨ ᠤ ᠳᠡᠬᠡᠬᠡᠪᠦᠷᠢ ᠶᠢᠨ ᠳᠡᠷᠬᠡ ᠮᠠᠰᠢᠨ ᠤ ᠬᠡᠮᠵᠢᠶ᠎ᠡ ᠲᠠᠭᠠᠭᠠᠴᠠ ᠠᠴᠠ ᠬᠡᠳᠦᠷᠡᠳᠡᠯ᠎ᠡ ᠠᠴᠢᠶᠠᠯᠠᠬᠤ ᠶᠢ ᠵᠠᠰᠠᠬᠤ ᠲᠦᠷᠢᠮ︾ ᠳᠤ ᠬᠠᠤᠯᠢ ᠲᠤᠬᠳᠠᠭᠠᠯᠳᠠ ᠶᠢᠨ ᠪᠠᠶᠢᠴᠠᠭᠠᠨ ᠰᠤᠳᠤᠯᠤᠯᠳᠠ ᠬᠢᠬᠦ ᠶᠢᠨ ᠬᠠᠮᠳᠤ ᠰᠠᠭᠤᠨ ᠶᠠᠷᠢᠯᠴᠠᠬᠤ ᠬᠤᠷᠡᠯ ᠬᠢᠪᠡ᠃ ᠬᠤᠰᠢᠭᠤᠨ ᠤ ᠤᠳᠤᠷᠢᠳᠤᠯᠭ᠎ᠠ ᠯᠤ᠋ ᠵᠠᠨ ᠴᠢᠩ᠂ ᠶᠠᠨ ᠹᠸᠢ᠂ ᠬᠤᠸᠠᠩ ᠯᠸᠢ ᠂ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠪᠠᠶᠢᠴᠠᠭᠠᠨ ᠰᠤᠳᠤᠯᠤᠯᠳᠠ ᠳᠤ ᠤᠷᠤᠯᠴᠠᠵᠦ᠂ ᠬᠤᠳᠠ ᠬᠤᠰᠢᠭᠤ ᠬᠤᠶᠠᠷ ᠱᠠᠳᠤᠨ ᠤ ᠬᠡᠰᠡᠭ ᠠᠷᠡᠳ ᠤᠨ ᠳᠦᠯᠦᠭᠡᠯᠡᠭᠴᠢ᠂ ᠠᠭᠤᠷᠬᠠᠢ ᠶᠢᠨ ᠤᠷᠤᠨ ᠤ ᠠᠵᠤ ᠠᠬᠤᠶᠢᠯᠡᠯ ᠤᠨ ᠬᠠᠷᠢᠭᠤᠴᠠᠯᠭᠠᠳᠠᠨ ᠪᠠ ᠪᠠᠷᠠᠭ᠎ᠠ ᠳᠡᠬᠡᠬᠡᠪᠦᠷᠢ ᠶᠢᠨ ᠠᠵᠤ ᠠᠬᠤᠶᠢᠯᠡᠯ ᠤᠨ ᠬᠠᠷᠢᠭᠤᠴᠠᠯᠭᠠᠳᠠᠨ ᠰᠠᠭᠤᠨ ᠶᠠᠷᠢᠯᠴᠠᠬᠤ ᠬᠤᠷᠡᠯ ᠳᠤ ᠤᠷᠤᠯᠴᠠᠪᠠ᠃      7 ᠰᠠᠷ᠎ᠡ ᠶᠢᠨ 9 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠳᠠ ᠶᠢᠨ ᠳᠠᠷᠤᠭ᠎ᠠ ᠳ᠋ᠦ᠋ ᠬᠤᠢ ᠯᠢᠶᠠᠩ ᠵᠡᠬᠦᠨᠭᠠᠷ ᠬᠤᠰᠢᠭᠤᠨ ᠤ ᠵᠠᠬᠢᠳᠡᠯ ᠰᠤᠷᠪᠤᠯᠵᠢᠯᠠᠯ ᠤᠨ ᠲᠤᠪᠴᠢᠶᠠᠨ ᠳᠤ ᠭᠤᠤᠯᠳᠠᠯᠭ᠎ᠠ ᠲᠠᠢ ᠵᠠᠬᠢᠳᠡᠯ ᠰᠤᠷᠪᠤᠯᠵᠢᠯᠠᠯ ᠤᠨ ᠬᠡᠷᠡᠭ ᠢ ᠰᠢᠢᠳᠪᠦᠷᠢᠯᠡᠬᠦ ᠠᠵᠢᠯ ᠢ ᠱᠠᠯᠠᠪᠳᠠᠨ ᠰᠢᠢᠳᠪᠦᠷᠢᠯᠡᠬᠦᠯᠵᠤ᠂ ᠬᠤᠯᠪᠤᠬᠳᠠᠯ ᠪᠦᠬᠦᠢ ᠠᠵᠢᠯ ᠤᠨ ᠬᠠᠷᠢᠭᠤ ᠮᠡᠳᠡᠬᠦᠯᠦᠯᠳᠡ ᠶᠢ ᠰᠤᠨᠤᠰᠴᠤ᠂ ᠮᠦᠷᠳᠡᠵᠦ ᠱᠠᠯᠠᠪᠳᠠᠨ ᠰᠢᠢᠳᠪᠦᠷᠢᠯᠡᠬᠦᠯᠬᠦ᠂ ᠵᠡᠬᠢᠳᠠᠯ ᠰᠤᠷᠪᠤᠯᠵᠢᠯᠠᠯ ᠤᠨ ᠬᠡᠷᠡᠭ ᠢ ᠴᠠᠬ ᠳᠤᠬᠠᠢ ᠳᠤᠨᠢ ᠵᠤᠬᠢᠰᠳᠡᠢ ᠰᠢᠢᠳᠪᠦᠷᠢᠯᠡᠬᠦ ᠶᠢ ᠱᠠᠭᠠᠷᠳᠡᠪᠡ᠃ ᠬᠤᠳᠠ ᠶᠢᠨ ᠵᠠᠰᠠᠭ ᠤᠨ ᠤᠷᠳᠤᠨ ᠤ ᠨᠠᠷᠢᠨ ᠪᠢᠴᠢᠭ ᠤᠨ ᠳᠠᠷᠤᠭ᠎ᠠ ᠵᠠᠩ ᠵᠦᠡᠭ ᡁᠢ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠳᠦᠷᠦ ᠬᠠᠤᠯᠢ ᠴᠠᠭᠠᠵᠠ ᠶᠢᠨ ᠬᠤᠷᠢᠶ᠎ᠠ ᠶᠢᠨ ᠱᠦᠵᠢ ᠵᠢᠶᠤᠤ ᠵᠢᠩ ᠠᠵᠢᠯᠯᠠᠭ᠎ᠠ ᠳᠤ ᠤᠷᠤᠯᠴᠠᠪᠠ᠃      7 ᠰᠠᠷ᠎ᠡ ᠶᠢᠨ10 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠳᠠ ᠶᠢᠨ ᠳᠠᠷᠤᠭ᠎ᠠ ᠳ᠋ᠦ᠋ ᠬᠤᠢ ᠯᠢᠶᠠᠩ ᠵᠡᠬᠦᠡᠭᠠᠷ ᠬᠤᠰᠢᠭᠤᠨ ᠳᠤ ᠭᠤᠤᠯᠳᠠᠯᠭ᠎ᠠ ᠲᠠᠢ ᠳᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠳᠤ ᠪᠠᠶᠢᠴᠠᠭᠠᠨ ᠰᠤᠳᠤᠯᠤᠯᠳᠠ ᠬᠢᠵᠦ᠂ ᠳᠦᠪ ᠤᠨ ᠠᠮᠢ ᠠᠬᠤᠢ ᠤᠷᠴᠢᠨ ᠳᠤᠭᠤᠷᠢᠨ ᠤ ᠬᠠᠮᠠᠭᠠᠯᠠᠯᠳᠠ ᠶᠢᠨ ᠱᠠᠯᠠᠪᠳᠠᠭᠤᠯᠤᠨ ᠪᠠᠶᠢᠴᠠᠭᠠᠯᠳᠠ ᠳᠤ ᠬᠠᠷᠢᠭᠤ ᠳᠤᠰᠬᠠᠬᠰᠠᠨ ᠠᠰᠠᠭᠤᠳᠠᠯ ᠪᠠ ᠪᠠᠶᠢᠭᠠᠯᠢ ᠶᠢᠨ ᠡᠬᠢ ᠪᠠᠶᠠᠯᠢᠬ ᠢ ᠱᠠᠯᠠᠪᠳᠠᠭᠤᠯᠤᠨ ᠪᠠᠶᠢᠴᠠᠭᠠᠯᠳᠠ ᠳᠤ ᠬᠠᠷᠢᠭᠤ ᠳᠤᠰᠬᠠᠬᠰᠠᠨ ᠠᠰᠠᠭᠤᠳᠠᠯ ᠢ ᠴᠡᠭᠴᠡᠯᠡᠨ ᠰᠠᠶᠢᠵᠢᠷᠠᠭᠤᠯᠵᠦ ᠨᠠᠶᠢᠳᠠᠪᠤᠷᠢᠵᠢᠭᠤᠯᠤᠬᠰᠠᠨ ᠠᠵᠢᠯ ᠢ ᠬᠢᠨᠠᠨ ᠵᠢᠯᠤᠭᠤᠳᠪᠠ᠃ ᠬᠤᠳᠠ ᠶᠢᠨ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠬᠤᠳᠠ ᠶᠢᠨ ᠳᠡᠳ᠋ ᠳᠠᠷᠤᠭ᠎ᠠ ᠵᠢᠶᠠᠩ ᠪᠦᠸᠧ᠂ ᠬᠤᠳᠠ ᠶᠢᠨ ᠵᠠᠰᠠᠬ ᠤᠨ ᠤᠷᠳᠤᠨ ᠤ ᠨᠠᠷᠢᠨ ᠪᠢᠴᠢᠭ ᠤᠨ ᠳᠠᠷᠤᠭ᠎ᠠ ᠵᠠᠩ ᠵᠦᠡᠭ ᡁᠢ᠂ ᠬᠤᠰᠢᠭᠤᠨ ᠤ ᠤᠳᠤᠷᠢᠳᠤᠯᠭ᠎ᠠ ᠰᠤ᠋ ᠰᠢᠨ ᠶᠠ᠂ ᠴᠢᠶᠤᠤ ᠠᠢ ᠫᠢᠡᠭ᠂ ᠸᠠᠩ ᠢᠤᠢ ᠵᠢᠶᠧ ᠠᠵᠢᠯᠯᠠᠭ᠎ᠠ ᠳᠤ ᠤᠷᠤᠯᠴᠠᠪᠠ᠃ ᠳ᠋ᠦ᠋ ᠬᠤᠢ ᠯᠢᠶᠠᠩ ᠱᠠᠭᠠᠷᠳᠠᠬᠤ ᠳᠠᠭᠠᠨ᠂ ᠳᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢᠨ ᠠᠬᠢᠴᠠ ᠶᠢ ᠳᠦᠷᠬᠡᠳᠬᠡᠵᠤ᠂ ᠡᠯ᠎ᠡ ᠳᠦᠷᠦᠯ ᠤᠨ ᠴᠢᠬᠤᠯᠠ ᠳᠦᠷᠦᠯ ᠵᠦᠢᠯ ᠤᠨ ᠡᠷᠳᠡᠬᠡᠨ ᠠᠰᠢᠬᠯᠠᠯᠳᠠ ᠳᠤ ᠤᠷᠤᠵᠤ ᠠᠰᠢᠬ ᠡᠬᠦᠳᠬᠦ ᠶᠢ ᠠᠬᠢᠭᠤᠯᠵᠤ᠂ ᠭᠤᠤᠯᠳᠠᠯᠭ᠎ᠠ ᠲᠠᠢ ᠳᠦᠷᠦᠯ ᠵᠦᠢᠯ ᠤᠨ ᠳᠤᠭᠤᠷᠢᠨ ᠳᠤ ᠠᠵᠤ ᠦᠢᠯᠡᠰ ᠤᠨ ᠬᠡᠯᠬᠢᠶ᠎ᠡ ᠶᠢ ᠲᠦᠷᠬᠡᠨ ᠪᠠᠶᠢᠭᠤᠯᠤᠨ ᠳᠡᠬᠦᠯᠳᠡᠷᠵᠢᠬᠦᠯᠵᠤ᠂ ᠴᠤᠬᠯᠠᠷᠠᠯ ᠤᠨ ᠦᠢᠯᠡᠳᠦᠯ ᠢ ᠪᠦᠷᠢᠯᠳᠦᠬᠦᠯᠵᠤ᠂ ᠡᠷᠴᠢᠮᠵᠢᠬᠦᠯᠦᠭᠰᠡᠨ ᠬᠦᠭᠵᠢᠯᠳᠡ ᠶᠢ ᠪᠡᠶᠡᠯᠡᠬᠦᠯᠬᠦ ᠬᠡᠷᠡᠭᠳᠡᠢ ᠬᠡᠵᠡᠢ᠃       7 ᠰᠠᠷ᠎ᠡ ᠶᠢᠨ 11 ᠤ ᠡᠳᠦᠷ᠂ ᠬᠤᠰᠢᠭᠤᠨ ᠤ ᠳᠡᠳ᠋ ᠳᠠᠷᠤᠭ᠎ᠠ ᠵᠠᠩ ᠶᠠ ᠨᠠᠨ ᠵᠡᠬᠦᠡᠭᠠᠷ ᠬᠤᠰᠢᠭᠤᠨ ᠤ ᠳᠤᠯᠤᠳᠤᠭᠠᠷ ᠬᠤᠭᠤᠴᠠᠭᠠᠨ ᠤ ᠪᠦᠬᠦ ᠤᠯᠤᠰ  ᠤᠨ ︽ᠳᠦᠮᠠᠨ ᠠᠯᠬᠤᠮ ᠪᠤᠯᠵᠤᠬᠤ︾ ᠢᠳᠡᠷᠡᠬᠦᠨ ᠠᠯᠬᠤᠭ᠎ᠠ ᠪᠠᠷ ᠤᠷᠮᠠᠰᠢᠭᠤᠯᠬᠤ ᠤᠷᠤᠯᠳᠤᠭᠠᠨ ᠤ ᠵᠡᠬᠦᠡᠭᠠᠷ ᠤᠷᠤᠯᠳᠤᠭᠠᠨ ᠤ ᠳᠤᠭᠤᠷᠢᠬ ᠵᠢᠴᠢ ᠰᠡᠳᠬᠢᠴᠡ  ᠶᠢᠨ ᠡᠷᠡᠬᠦᠯ ᠮᠡᠨᠳᠦ ᠶᠢ ᠠᠬᠢᠭᠤᠯᠬᠤ ᠪᠠ ᠰᠢᠮ᠎ᠡ ᠳᠡᠵᠢᠬᠡᠯ ᠪᠦᠬᠦᠢ ᠡᠷᠡᠬᠦᠯ ᠬᠤᠭᠤᠯᠠᠨ ᠲᠢᠩᠬᠢᠮ ᠢ ᠡᠬᠦᠳᠦᠨ ᠪᠠᠶᠢᠭᠤᠯᠬᠤ ᠡᠬᠢᠯᠡᠯᠳᠡ ᠶᠢᠨ ᠶᠤᠰᠤᠯᠠᠯ ᠳᠤ ᠤᠷᠤᠯᠴᠠᠪᠠ᠃      7 ᠰᠠᠷ᠎ᠠ ᠶᠢᠨ 12 ᠤᠨ ᠡᠳᠦᠷ᠂ ᠬᠤᠰᠢᠭᠤᠨ ᠤ ᠨᠠᠮ ᠤᠨ ᠬᠤᠷᠢᠶ᠎ᠠ ᠶᠢᠨ ᠱᠦᠵᠢ ᠰᠤ᠋ ᠰᠢᠨ ᠶᠠ 2022 ᠤᠨ ᠤ 17 ᠳ᠋ᠤᠭᠠᠷ ᠤᠳᠠᠭ᠎ᠠ ᠶᠢᠨ ᠱᠦᠵᠢ ᠨᠠᠷ ᠤᠨ ᠲᠤᠰᠬᠠᠢ ᠰᠡᠳᠦᠪᠳᠤ ᠬᠤᠷᠠᠯ ᠢ  ᠡᠷᠬᠢᠯᠡᠨ ᠬᠤᠷᠠᠯᠳᠤᠭᠤᠯᠪᠠ᠃ ᠬᠤᠷᠠᠯ ᠠᠴᠠ ︽ᠵᠢᠷᠭᠤᠭᠠᠨ ᠲᠤᠮᠤ ᠠᠵᠢᠯᠯᠠᠭ᠎ᠠ︾᠂ ᠬᠤᠳᠠᠯᠳᠤᠭ᠎ᠠ ᠡᠷᠬᠢᠯᠡᠬᠦ ᠤᠷᠴᠢᠨ ᠲᠤᠭᠤᠷᠢᠨ ᠢ ᠰᠢᠯᠢᠳᠡᠭᠵᠢᠬᠦᠯᠬᠦ ᠪᠠ ᠭᠤᠤᠯᠳᠠᠯᠭ᠎ᠠ ᠲᠠᠢ ᠲᠦᠷᠦᠯ ᠵᠦᠢᠯ ᠤᠨ ᠪᠦᠳᠦᠬᠡᠨ ᠪᠠᠶᠢᠭᠤᠯᠤᠯᠳᠠ ᠶᠢᠨ ᠪᠠᠶᠢᠳᠠᠯ ᠤᠨ ᠬᠠᠷᠢᠭᠤ ᠮᠡᠳᠡᠬᠦᠯᠦᠯᠳᠡ ᠶᠢ ᠰᠤᠨᠤᠰᠪᠠ       7 ᠰᠠᠷ᠎ᠡ ᠶᠢᠨ 13 — 14 ᠤ ᠡᠳᠦᠷ ᠪᠤᠯᠳᠠᠯ᠎ᠠ᠂ ᠬᠤᠳᠠ ᠶᠢᠨ ᠠᠷᠡᠳ ᠤᠨ ᠳᠦᠯᠦᠭᠡᠯᠡᠭᠴᠢᠳ ᠤᠨ ᠶᠡᠭᠡ ᠬᠤᠷᠡᠯ ᠤᠨ ᠪᠠᠶᠢᠡᠭᠭᠤ ᠶᠢᠨ ᠬᠤᠷᠢᠶᠠᠨ ᠤ ᠳᠡᠳ᠋ ᠡᠷᠬᠢᠯᠡᠭᠴᠢ ᠸᠠᠩ ᠫᠢᠡᠭ ᠨᠡᠷ ᠮᠠᠨ ᠤ ᠬᠤᠰᠢᠭᠤᠨ ᠳᠤ ᠢᠷᠡᠵᠤ ᠳᠡᠦᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠬᠤ ᠠᠵᠢᠯ ᠳᠤ ᠪᠠᠶᠢᠴᠠᠭᠠᠨ ᠰᠤᠳᠤᠯᠤᠯᠳᠠ ᠬᠢᠪᠠ᠃ ᠬᠤᠰᠢᠭᠤᠨ ᠤ ᠤᠳᠤᠷᠢᠳᠤᠯᠭ᠎ᠠ ᠷᠧᠨ ᡁᠢ ᠶᠤᠸᠠᠨ᠂ ᠬᠤᠸᠠᠩ ᠯᠸᠢ᠂ ᠬᠤᠰᠢᠭᠤᠨ ᠤ ᠰᠢᠭᠤᠳ ᠬᠠᠷᠢᠶ᠎ᠡ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠪᠡᠷ᠎ᠡ ᠪᠤᠯᠪᠠ᠃ ᠪᠠᠶᠢᠴᠠᠭᠠᠨ ᠰᠤᠳᠤᠯᠬᠤ ᠲᠤᠭᠤᠶᠢᠯᠠᠩ ᠪᠤᠳᠠᠳᠤ ᠭᠠᠵᠠᠷ ᠲᠤ ᠪᠠᠶᠢᠴᠠᠭᠠᠨ ᠰᠤᠳᠤᠯᠬᠤ ᠶᠠᠪᠤᠴᠠ ᠳᠤ ᠳᠡᠦᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠵᠤ ᠬᠡᠷᠡᠭᠵᠢᠬᠦᠯᠦᠭᠰᠡᠨ ᠠᠬᠢᠴᠠ ᠶᠢᠨ ᠪᠠᠶᠢᠳᠠᠯ ᠤᠨ ᠬᠠᠷᠢᠭᠤ ᠮᠡᠳᠡᠬᠦᠯᠦᠯᠳᠡ ᠶᠢ ᠰᠤᠨᠤᠰᠬᠤ ᠶᠢᠨ ᠬᠠᠮᠳᠤ ᠰᠠᠭᠤᠨ ᠶᠠᠷᠢᠯᠴᠠᠬᠤ ᠬᠤᠷᠡᠯ ᠬᠤᠷᠠᠯᠳᠤᠭᠤᠯᠪᠠ᠃ ᠬᠤᠷᠡᠯ ᠠᠴᠠ ︽ᠤᠷᠳᠤᠰ ᠬᠤᠳᠠ ᠶᠢᠨ ᠰᠢᠯᠵᠢᠬᠦᠯᠵᠤ ᠦᠯᠦ ᠪᠤᠯᠬᠤ ᠳᠡᠦᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠬᠤ ᠲᠦᠷᠢᠮ ︵ᠳᠦᠰᠤᠯ︶︾ ᠢ ᠰᠤᠳᠤᠯᠤᠨ ᠶᠠᠷᠢᠯᠴᠠᠵᠤ᠂ ︽ᠤᠷᠳᠤᠰ ᠬᠤᠳᠠ ᠶᠢᠨ ᠰᠢᠯᠵᠢᠬᠦᠯᠵᠤ ᠦᠯᠦ ᠪᠤᠯᠬᠤ ᠳᠡᠦᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠬᠤ ᠲᠦᠷᠢᠮ ︵ᠳᠦᠰᠤᠯ︶︾ ᠤᠨ ᠬᠠᠤᠯᠢ ᠳᠤᠬᠳᠠᠭᠠᠯᠳᠠ ᠶᠢᠨ ᠬᠡᠷᠡᠭᠵᠢᠬᠦᠯᠬᠦ ᠰᠠᠨᠠᠯ ᠬᠢᠬᠡᠳ ᠰᠠᠨᠠᠭᠤᠯᠭ᠎ᠠ ᠶᠢ ᠰᠤᠨᠤᠰᠴᠤ᠂ ᠵᠡᠬᠦᠡᠭᠠᠷ ᠬᠤᠰᠢᠭᠤᠨ ᠤ ᠰᠢᠯᠵᠢᠬᠦᠯᠵᠤ ᠦᠯᠦ ᠪᠤᠯᠬᠤ ᠳᠡᠦᠬᠡ ᠶᠢᠨ ᠳᠤᠷᠠᠰᠬᠠᠯᠳᠤ ᠵᠦᠢᠯᠡᠰ ᠢ ᠬᠠᠮᠠᠭᠠᠯᠠᠬᠤ ᠠᠵᠢᠯ ᠳᠤᠮᠳᠠ ᠳᠤᠯᠭᠠᠷᠡᠵᠤ ᠪᠠᠶᠢᠭ᠎ᠠ ᠡᠯ᠎ᠡ ᠳᠦᠷᠦᠯ ᠤᠨ ᠬᠦᠴᠢᠷ ᠠᠰᠠᠭᠤᠳᠠᠯ ᠢ ᠵᠠᠳᠠᠯᠪᠠ᠃      7 ᠰᠠᠷ᠎ᠡ ᠶᠢᠨ 14 ᠤ ᠡᠳᠦᠷ᠂ ᠵᠡᠬᠦᠨᠭᠠᠷ ᠬᠤᠰᠢᠭᠤᠨ ᠤ ᠠᠷᠡᠳ ᠤᠨ ᠵᠠᠰᠠᠬ ᠤᠨ ᠤᠷᠳᠤᠨ ᠤ ᠦᠪᠤᠷ ᠮᠤᠩᠭᠤᠯ ᠤᠨ ᠬᠤᠢ ᠨᠸᠡᠭ ᠨᠡᠬᠦᠷᠡᠰᠦ ᠴᠠᠬᠢᠯᠭᠠᠨ  ᠤ ᠪᠦᠯᠦᠭᠯᠡᠯ ᠤᠨ ᠬᠢᠵᠠᠭᠠᠷᠳᠤ ᠺᠤᠮᠫᠠᠨᠢ ᠲᠠᠢ ᠪᠠᠶᠢᠯᠳᠤᠬᠤ ᠪᠤᠳᠤᠯᠭ᠎ᠠ ᠶᠢᠨ ᠬᠠᠮᠳᠤᠷᠠᠯᠴᠠᠭᠠᠨ ᠤ ᠬᠡᠷ᠎ᠡ ᠲᠤᠬᠳᠠᠬᠤ ᠶᠤᠰᠤᠯᠠᠯ ᠰᠢᠤᠸᠡᠢ ᠵᠢᠶᠠ ᠸᠡᠨ ᠪᠠᠯᠭᠠᠰᠤᠨ ᠳᠤ ᠶᠠᠪᠤᠬᠳᠠᠪᠠ᠃ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ᠂ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ ᠴᠢᠶᠤᠤ ᠠᠢ ᠫᠢᠡᠭ᠂ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠠᠯᠪᠠᠨ ᠬᠡᠷ ᠤᠨ ᠡᠷᠬᠢᠯᠡᠭᠴᠢ ᠸᠠᠩ ᠢᠤᠢ ᠵᠢᠶᠧ᠂ ᠬᠤᠰᠢᠭᠤᠨ ᠤ ᠳᠡᠳ᠋ ᠳᠠᠷᠤᠭ᠎ᠠ ᠯᠢᠦ ᠢᠤᠢ ᠴᠸᠡᠭ ᠨᠡᠷ ᠬᠡᠷ᠎ᠡ ᠲᠤᠬᠳᠠᠬᠤ ᠶᠤᠰᠤᠯᠠᠯ ᠳᠤ ᠤᠷᠤᠯᠴᠠᠪᠠ᠃      ᠳᠤᠰ ᠡᠳᠦᠷ᠂ ᠪᠦᠬᠦ ᠬᠤᠰᠢᠭᠤᠨ ᠤ ᠬᠤᠤᠷ ᠴᠠᠭᠠᠵᠠᠯᠠᠬᠤ ᠠᠵᠢᠯ ᠤᠨ ᠬᠤᠷᠡᠯ ᠬᠤᠷᠡᠯᠳᠤᠪᠠ᠃ ᠬᠤᠰᠢᠭᠤᠨ ᠤ ᠤᠳᠤᠷᠢᠳᠤᠯᠭ᠎ᠠ ᠵᠢᠶᠤᠤ ᠵᠢᠩ᠂ ᠤᠶᠦᠨᠪᠢᠯᠢᠭ᠂ ᠪᠦᠬᠦ ᠬᠤᠰᠢᠭᠤᠨ ᠤ ᠡᠯ᠎ᠡ ᠰᠤᠮᠤ ᠰᠢᠶᠠᠩ ᠪᠠᠯᠭᠠᠰᠤ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠵᠢᠴᠢ ᠬᠤᠤᠷ ᠴᠠᠭᠠᠵᠠᠯᠠᠬᠤ ᠵᠦᠪᠯᠡᠯ ᠤᠨ ᠪᠦᠷᠢᠯᠳᠦᠬᠦᠨ ᠪᠠᠶᠢᠭᠤᠯᠭ᠎ᠠ ᠨᠢᠬᠡᠴᠢ ᠶᠢᠨ ᠭᠤᠤᠯ ᠬᠠᠷᠢᠭᠤᠴᠠᠯᠭᠠᠳᠠᠨ ᠬᠤᠷᠡᠯ ᠳᠤ ᠤᠷᠤᠯᠴᠠᠪᠠ᠃      7 ᠰᠠᠷ᠎ᠡ ᠶᠢᠨ 14 ᠤ ᠡᠳᠦᠷ᠂ ᠤᠯᠤᠰ ᠳᠦᠷᠦ ᠶᠢᠨ ᠵᠦᠪᠯᠡᠯᠬᠡᠨ ᠤ ᠵᠡᠬᠦᠡᠭᠠᠷ ᠬᠤᠰᠢᠭᠤᠨ ᠤ ᠠᠷᠪᠠᠨ ᠳᠠᠪᠤᠳᠤᠭᠠᠷ ᠬᠤᠭᠤᠴᠠᠭᠠᠨ ᠤ ᠬᠤᠷᠢᠶᠠᠨ ᠤ ᠪᠠᠶᠢᠡᠭᠭᠤ ᠶᠢᠨ ᠬᠤᠷᠢᠶᠠᠨ ᠤ ᠬᠤᠶᠠᠳᠤᠭᠠᠷ ᠤᠳᠠᠭᠠᠨ ᠤ ᠬᠤᠷᠡᠯ ᠬᠤᠷᠠᠯᠳᠤᠪᠠ᠃ ᠬᠤᠰᠢᠭᠤᠨ ᠤ ᠤᠯᠤᠰ ᠳᠦᠷᠦ ᠶᠢᠨ ᠵᠦᠪᠯᠡᠯᠬᠡᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠳᠡᠷᠢᠬᠦᠯᠡᠭᠴᠢ ᠵᠢᠶᠠ ᠭᠤᠸᠠᠩ ᠬᠤᠸᠠ ᠬᠤᠷᠡᠯ ᠢ ᠡᠷᠬᠢᠯᠡᠭᠰᠡᠨ ᠪᠦᠬᠡᠳ ᠶᠠᠷᠢᠶ᠎ᠡ ᠳᠠᠯᠪᠢᠪᠠ᠃ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ᠂ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠨᠢᠬᠡᠳᠦᠮᠡᠯ ᠹᠷᠤᠨᠲ ᠤᠨ ᠬᠡᠯᠳᠡᠰ ᠤᠨ ᠳᠠᠷᠤᠭ᠎ᠠ᠂ ᠬᠤᠰᠢᠭᠤᠨ ᠤ ᠤᠯᠤᠰ ᠳᠦᠷᠦ ᠶᠢᠨ ᠵᠦᠪᠯᠡᠯᠬᠡᠨ ᠤ ᠨᠠᠮ ᠤᠨ ᠤᠳᠤᠷᠢᠳᠬᠤ ᠳᠤᠭᠤᠶᠢᠯᠠᠩ ᠤᠨ ᠳᠡᠳ᠋ ᠱᠦᠵᠢ ᠳᠠᠩ ᠳᠠᠯᠠᠢ ᠂ ᠬᠤᠰᠢᠭᠤᠨ ᠤ ᠤᠯᠤᠰ ᠳᠦᠷᠦ ᠶᠢᠨ ᠵᠦᠪᠯᠡᠯᠬᠡᠨ ᠤ ᠳᠡᠳ᠋ ᠳᠡᠷᠢᠬᠦᠯᠡᠭᠴᠢ ᠯᠢ ᠱᠤᠸᠠᠨ᠂ ᠭᠤᠤ ᠷᠦᠨ ᠬᠤᠸᠠ᠂ ᠭᠦᠸᠧ ᠶᠦᠡᠭ ᠯᠢᠨ᠂ ᠵᠠᠩ ᠳ᠋ᠦᠡᠭ ᠬᠤᠷᠡᠯ ᠳᠤ ᠤᠷᠤᠯᠴᠠᠪᠠ᠃       7 ᠰᠠᠷ᠎ᠡ ᠶᠢᠨ15 ᠤ ᠡᠳᠦᠷ᠂ ᠬᠤᠰᠢᠭᠤᠨ ᠤ ᠳᠡᠳ᠋ ᠳᠠᠷᠤᠭ᠎ᠠ ᠵᠠᠩ ᠶᠠ ᠨᠠᠨ ᠪᠦᠬᠦ ᠬᠤᠰᠢᠭᠤᠨ ᠤ ᠪᠷᠦ᠋ᠽᠢᠯ ᠡᠪᠡᠳᠴᠢᠨ ᠢ ᠰᠡᠷᠬᠡᠶᠢᠯᠡᠨ ᠡᠵᠡᠮᠳᠡᠬᠦ ᠬᠤᠯᠪᠤᠭᠠᠳᠤ ᠬᠤᠷᠡᠯ ᠳᠤ ᠤᠷᠤᠯᠴᠠᠪᠠ᠃       7 ᠰᠠᠷ᠎ᠡ ᠶᠢᠨ 17 ᠤ ᠡᠳᠦᠷ᠂ ᠬᠤᠳᠠ ᠶᠢᠨ ᠨᠠᠮ ᠤᠨ ᠬᠤᠷᠢᠶᠠᠨ ᠤ ᠱᠦᠵᠢ ᠯᠢ ᠯᠢ ᠪᠦᠯᠬᠦᠮ ᠳᠠᠭᠠᠭᠤᠯᠤᠨ ᠪᠡᠬᠡᠵᠢᠩ ᠳᠤ ᠬᠦᠷᠴᠤ ᠠᠷᠠᠯᠵᠢᠶᠠᠴᠢᠨ ᠤᠷᠢᠵᠤ ᠪᠡᠯᠡ ᠳᠠᠳᠠᠵᠤ᠂ ᠵᠢᠩ ᠤᠤ ᠨᠡᠷᠡᠨ ᠤ ᠡᠨᠧᠷᠬᠢ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠬᠤᠪᠢ ᠤᠷᠤᠭᠤᠯᠤᠬᠰᠠᠨ ᠬᠢᠵᠠᠭᠠᠷᠲᠤ ᠺᠤᠮᠫᠠᠨᠢ ᠶᠢᠨ ᠪᠤᠳᠠᠳᠤ ᠭᠠᠵᠠᠷ ᠲᠤ ᠳᠤᠭᠤᠷᠢᠨ ᠦᠵᠡᠵᠤ ᠰᠢᠨᠵᠢᠯᠡᠨ ᠪᠠᠶᠢᠴᠠᠭᠠᠪᠠ᠃ ᠬᠤᠳᠠ ᠶᠢᠨ ᠤᠳᠤᠷᠢᠳᠤᠯᠭ᠎ᠠ ᠵᠠᠩ ᠸᠧᠢ᠂ ᠸᠠᠩ ᠰᠢᠨ ᠢᠤᠢ᠂ ᠬᠤᠰᠢᠭᠤᠨ ᠤ ᠤᠳᠤᠷᠢᠳᠤᠯᠭ᠎ᠠ ᠰᠤ᠋ ᠰᠢᠨ ᠶᠠ᠂ ᠴᠢᠶᠤᠤ ᠠᠢ ᠫᠢᠡᠭ᠂ ᠯᠢᠦ ᠢᠤᠢ ᠴᠸᠡᠭ ᠰᠢᠨᠵᠢᠯᠡᠨ ᠪᠠᠶᠢᠴᠠᠭᠠᠯᠳᠠ ᠳᠤ ᠤᠷᠤᠯᠴᠠᠪᠠ᠃      7 ᠰᠠᠷ᠎ᠡ ᠶᠢᠨ 18 ᠤ ᠡᠳᠦᠷ᠂ ᠬᠤᠰᠢᠭᠤᠨ ᠤ ᠠᠷᠡᠳ ᠤᠨ ᠳᠦᠯᠦᠭᠡᠯᠡᠭᠴᠢᠳ ᠤᠨ ᠶᠡᠭᠡ ᠬᠤᠷᠡᠯ ᠤᠨ ᠪᠠᠶᠢᠡᠭᠭᠤ ᠶᠢᠨ ᠬᠤᠷᠢᠶ᠎ᠠ ᠶᠢᠨ ᠡᠷᠬᠢᠯᠡᠭᠴᠢ ᠯᠤ᠋ ᠵᠠᠨ ᠴᠢᠩ ᠨᠡᠷ ᠬᠤᠰᠢᠭᠤ ᠰᠢᠶᠠᠩ ᠪᠠᠯᠭᠠᠰᠤ ᠬᠤᠶᠡᠷ ᠱᠠᠳᠤᠨ ᠤ ᠠᠷᠡᠳ ᠤᠨ ᠠᠮᠢᠳᠤᠷᠡᠯ ᠤᠨ ᠪᠤᠳᠠᠳᠤ ᠶᠠᠪᠤᠳᠠᠯ ᠤᠨ ᠳᠦᠷᠦᠯ ᠵᠦᠢᠯ ᠤᠨ ᠪᠦᠳᠦᠬᠡᠨ ᠪᠠᠶᠢᠭᠤᠯᠤᠯᠳᠠ  ᠶᠢᠨ ᠪᠠᠶᠢᠳᠠᠯ ᠪᠠ ᠳᠠᠪᠤᠨ ᠤᠳᠤᠨ ᠳᠡᠰ ᠤᠨ ᠠᠷᠡᠳ ᠤᠨ ᠳᠦᠯᠦᠭᠡᠯᠡᠭᠴᠢ ᠶᠢᠨ ᠬᠡᠷ ᠪᠦᠯᠢ ᠶᠢᠨ ︽ᠳᠤᠯᠤᠭᠠᠨ ᠨᠢᠬᠡ︾ ᠶᠢᠨ ᠠᠵᠢᠯᠯᠠᠭ᠎ᠠ ᠶᠢ ᠦᠷᠨᠢᠬᠦᠯᠦᠭᠰᠡᠨ ᠪᠠᠶᠢᠳᠠᠯ ᠳᠤ ᠪᠠᠶᠢᠴᠠᠭᠠᠨ ᠰᠤᠳᠤᠯᠤᠯᠳᠠ ᠬᠢᠪᠠ᠃ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ᠂ ᠬᠤᠰᠢᠭᠤᠨ ᠤ ᠠᠷᠪᠠᠨ ᠨᠢ᠋ᠮᠠᠳᠤᠭᠠᠷ ᠬᠤᠭᠤᠴᠠᠭᠠᠨ ᠤ ᠠᠷᠡᠳ ᠤᠨ ᠳᠦᠯᠦᠭᠡᠯᠡᠭᠴᠢᠳ ᠤᠨ ᠶᠡᠭᠡ ᠬᠤᠷᠡᠯ ᠤᠨ ᠪᠠᠶᠢᠡᠭᠭᠤ ᠶᠢᠨ ᠬᠤᠷᠢᠶᠠᠨ ᠤ ᠬᠡᠰᠢᠬᠦᠨ ᠨᠡᠷ ᠪᠠᠶᠢᠴᠠᠭᠠᠨ ᠰᠤᠳᠤᠯᠤᠯᠳᠠ ᠳᠤ ᠤᠷᠤᠯᠴᠠᠪᠠ᠃       7 ᠰᠠᠷ᠎ᠡ ᠶᠢᠨ 20 ᠤ ᠡᠳᠦᠷ᠂ ᠬᠤᠰᠢᠭᠤᠨ ᠤ ᠳᠡᠳ᠋ ᠳᠠᠷᠤᠭ᠎ᠠ ᠸᠠᠩ ᠵᠢᠩ ᠯᠦᠡᠭ ᠪᠦᠬᠦ ᠬᠤᠰᠢᠭᠤᠨ ᠤ ᠳᠠᠷᠢᠶᠠᠯᠠᠩ ᠤᠨ ᠰᠠᠯᠠᠭ᠎ᠠ ᠮᠦᠴᠢᠷ ᠤᠨ 2022 ᠤᠨ ᠤ ᠳᠡᠬᠡᠷ᠎ᠡ ᠬᠠᠭᠠᠰ ᠵᠢᠯ ᠤᠨ ᠠᠵᠢᠯ ᠤᠨ ᠳ᠋ᠦᠡᠭᠨᠡᠯᠳᠡ ᠪᠠ ᠠᠶᠤᠯ ᠦᠬᠡᠢ ᠦᠢᠯᠡᠳᠪᠦᠷᠢᠯᠡᠯ ᠵᠢᠴᠢ ᠨᠠᠮ ᠤᠨ ᠰᠤᠷᠳᠡᠯ ᠴᠢᠬᠡᠴᠢ ᠵᠠᠰᠠᠬ ᠤᠨ ᠪᠠᠶᠢᠭᠤᠯᠤᠯᠳᠠ ᠶᠢᠨ ᠠᠵᠢᠯ ᠤᠨ ᠬᠤᠷᠡᠯ ᠳᠤ ᠤᠷᠤᠯᠴᠠᠪᠠ᠃       7 ᠰᠠᠷ᠎ᠡ ᠶᠢᠨ 21 ᠤ ᠡᠳᠦᠷ᠂ ᠦᠪᠡᠷᠳᠡᠬᠡᠨ ᠵᠠᠰᠠᠬᠤ ᠤᠷᠤᠨ ᠤ ᠤᠳᠬ᠎ᠠ ᠤᠷᠠᠯᠢᠬ ᠤᠨ ᠬᠢᠨ ᠤ ᠬᠤᠯᠪᠤᠭ᠎ᠠ ᠶᠢᠨ ᠬᠤᠶᠠᠳᠤᠭᠠᠷ ᠳᠡᠰ ᠤᠨ ᠳᠤᠭᠤᠷᠢᠨ ᠪᠠᠶᠢᠴᠠᠭᠠᠬᠴᠢ ᠰᠢ ᠱᠠᠨ ᠨᠡᠷ ᠵᠡᠬᠦᠡᠭᠠᠷ ᠬᠤᠰᠢᠭᠤᠨ ᠳᠤ ᠢᠷᠡᠵᠤ ᠦᠨᠳᠦᠰᠤᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠴᠤᠬᠴᠠᠯᠠᠯᠳᠠ ᠶᠢᠨ ᠪᠠᠶᠢᠳᠠᠯ ᠳᠤ ᠪᠠᠶᠢᠴᠠᠭᠠᠨ ᠰᠤᠳᠤᠯᠤᠯᠳᠠ ᠬᠢᠪᠠ᠃ ᠬᠤᠰᠢᠭᠤᠨ ᠤ ᠤᠯᠤᠰ ᠳᠦᠷᠦ ᠶᠢᠨ ᠵᠦᠪᠯᠡᠯᠬᠡᠨ ᠤ ᠳᠡᠳ᠋ ᠳᠡᠷᠢᠬᠦᠯᠡᠭᠴᠢ ᠵᠠᠩ ᠳ᠋ᠦᠡᠭ᠂ ᠬᠤᠳᠠ᠂ ᠬᠤᠰᠢᠭᠤ ᠬᠤᠶᠡᠷ ᠱᠠᠳᠤᠨ ᠤ ᠤᠳᠬ᠎ᠠ ᠤᠷᠠᠯᠢᠬ ᠤᠨ ᠬᠢᠨ ᠤ ᠬᠤᠯᠪᠤᠭ᠎ᠠ ᠶᠢᠨ ᠬᠠᠷᠢᠭᠤᠴᠠᠯᠭᠠᠳᠠᠨ ᠪᠡᠷ᠎ᠠ ᠪᠤᠯᠪᠠ᠃       7 ᠰᠠᠷ᠎ᠡ ᠶᠢᠨ 25 ᠤ ᠡᠳᠦᠷ᠂ 2022 ᠤᠨ ᠤ ᠪᠦᠬᠦ ᠬᠤᠳᠠ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠠᠵᠢᠯ ᠤᠨ ᠳᠤᠬᠠᠢ ᠶᠢᠨ ᠭᠠᠵᠠᠷ ᠤᠨ ᠬᠤᠷᠡᠯ ᠮᠠᠨ ᠤ ᠬᠤᠰᠢᠭᠤᠨ ᠳᠤ ᠬᠤᠷᠠᠯᠳᠤᠪᠠ᠃ ᠬᠤᠳᠠ ᠶᠢᠨ ᠨᠠᠮ ᠤᠨ ᠬᠤᠷᠢᠶᠠᠨ ᠤ ᠱᠦᠵᠢ ᠯᠢ ᠯᠢ᠂ ᠬᠤᠳᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠳᠠ  ᠶᠢᠨ ᠳᠠᠷᠤᠭ᠎ᠠ ᠳ᠋ᠦ᠋ ᠬᠤᠢ ᠯᠢᠶᠠᠩ ᠳᠤᠰᠪᠤᠷᠢ ᠴᠤᠬᠤᠯᠠᠪᠤᠷᠢ ᠦᠭᠪᠡ᠃ ᠬᠤᠳᠠ ᠶᠢᠨ ᠳᠡᠳ᠋ ᠳᠠᠷᠤᠭ᠎ᠠ ᠸᠠᠩ ᠰᠢᠨ ᠢᠤᠢ ᠬᠤᠷᠡᠯ ᠳᠤ ᠤᠷᠤᠯᠴᠠᠬᠰᠠᠨ ᠪᠦᠬᠡᠳ ᠶᠠᠷᠢᠶ᠎ᠡ ᠳᠠᠯᠪᠢᠪᠠ᠃ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠬᠤᠷᠡᠯ ᠲᠡᠭᠡᠷ᠎ᠡ ᠪᠠᠶᠠᠷ ᠤᠨ ᠦᠬᠡ ᠬᠡᠯᠡᠪᠡ᠃ ᠬᠤᠷᠡᠯ ᠠᠴᠠ ᠴᠢᠬᠤᠯᠠᠴᠢᠯᠠᠬᠤ ᠳᠠᠭᠠᠨ᠂ ᠰᠢᠨ᠎ᠡ ᠨᠢᠬᠡᠨ ᠡᠬᠡᠯᠵᠢ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠬᠤᠪᠢᠰᠬᠠᠯ ᠪᠠ ᠠᠵᠤ ᠦᠢᠯᠡᠰ ᠤᠨ ᠬᠤᠪᠢᠰᠤᠯ ᠤᠨ ᠴᠢᠬᠤᠯᠠ ᠠᠵᠠ ᠳᠤᠬᠢᠶᠠᠯ ᠢ ᠠᠳᠬᠤᠵᠤ᠂ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠡᠬᠦᠳᠦᠯᠳᠡ ᠪᠠᠷ ᠬᠦᠭᠵᠢᠯᠳᠡ ᠶᠢᠨ ᠰᠢᠨ᠎ᠡ ᠬᠦᠳᠡᠯᠬᠡᠬᠦ ᠬᠦᠴᠤᠨ ᠢ ᠱᠤᠭᠤᠵᠤ᠂ ᠬᠦᠭᠵᠢᠯᠳᠡ ᠶᠢᠨ ᠰᠢᠨ᠎ᠡ ᠳᠠᠪᠠᠭᠤᠯᠢᠬ ᠢ ᠪᠤᠶᠢᠵᠢᠭᠤᠯᠤᠨ᠂ ᠬᠦᠭᠵᠢᠯᠳᠡ ᠶᠢᠨ ᠰᠢᠨ᠎ᠡ ᠪᠠᠶᠢᠷᠢᠰᠢᠯ ᠢ ᠪᠤᠢ ᠪᠤᠯᠭᠠᠵᠦ᠂ ᠰᠢᠨᠵᠢᠯᠡᠬᠦ ᠤᠬᠠᠭᠠᠨ ᠮᠡᠷᠬᠡᠵᠢᠯ  ᠤᠨ ᠦᠢᠯᠡᠰ ᠤᠨ ᠦᠢᠯᠡᠴᠢᠯᠡᠬᠡᠨ ᠤ ᠪᠠᠳᠤᠯᠠᠭ᠎ᠠ ᠶᠢᠨ ᠴᠢᠳᠠᠪᠤᠷᠢ ᠶᠢ ᠳᠠᠰᠤᠷᠡᠯᠳᠡ ᠦᠬᠡᠢ ᠳᠡᠭᠡᠭᠰᠢᠯᠡᠬᠦᠯᠵᠤ᠂ ᠰᠢᠨ᠎ᠡ ᠴᠠᠬ ᠦᠶ᠎ᠡ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠶᠢ ᠡᠬᠦᠳᠦᠭᠰᠡᠨ ᠴᠢᠳᠠᠪᠤᠷᠢᠳᠡᠨ ᠤ ᠡᠩᠨᠡᠭᠡ ᠶᠢ ᠪᠦᠬᠦ ᠬᠦᠴᠦᠨ ᠢᠶᠠᠷ ᠪᠠᠶᠢᠭᠤᠯᠬᠤ ᠬᠡᠷᠡᠭᠳᠡᠢ ᠬᠡᠵᠡᠢ᠃       ᠳᠤᠰ ᠡᠳᠦᠷ᠂ ᠪᠦᠬᠦ ᠤᠷᠤᠨ ᠤ ᠺᠠᠳ᠋ᠷᠴᠤᠳ ᠤᠨ ᠴᠢᠳᠠᠪᠤᠷᠢ ᠶᠢ ᠦᠷᠬᠦᠯᠵᠢᠯᠡᠨ ᠳᠡᠭᠡᠭᠰᠢᠯᠡᠬᠦᠯᠬᠦ ᠢᠨᠵᠧᠨᠧᠷᠢᠩ ᠤᠨ ᠪᠤᠯᠪᠠᠰᠤᠷᠡᠯ ᠤᠨ ︽ᠬᠠᠭᠠᠰ ᠰᠠᠷ᠎ᠡ  ᠶᠢᠨ ᠶᠠᠷᠢᠯᠴᠠᠭ᠎ᠠ︾ ︵ᠵᠢᠷᠭᠤᠳᠤᠭᠠᠷ ᠬᠤᠭᠤᠴᠠᠭ᠎ᠠ︶ ᠬᠦᠬᠡᠬᠤᠳᠠ ᠳᠤ ᠶᠠᠪᠤᠬᠳᠠᠪᠠ᠃ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠨᠠᠷᠢᠨ ᠪᠢᠴᠢᠭ ᠤᠨ ᠳᠠᠷᠤᠭ᠎ᠠ ᠢᠤᠢ ᠯᠢ ᠰᠢᠨ ᠳᠤᠰᠬᠠᠢ ᠰᠡᠳᠦᠪᠳᠤ ᠬᠠᠪᠰᠤᠷᠤᠨ ᠵᠢᠯᠤᠭᠤᠳᠤᠮᠵᠢ ᠬᠢᠪᠠ᠃ ᠬᠤᠷᠡᠯ ᠨᠢ ᠸᠢᠳᠢᠣ᠋ ᠬᠡᠯᠪᠡᠷᠢ ᠪᠠᠷ ᠶᠠᠪᠤᠬᠳᠠᠪᠠ᠃ ᠬᠤᠰᠢᠭᠤᠨ ᠤ ᠤᠳᠤᠷᠢᠳᠤᠯᠭ᠎ᠠ ᠵᠢᠶᠤᠤ ᠵᠢᠩ᠂ ᠳᠠᠩ ᠳᠠᠯᠠᠢ᠂ ᠯᠢ ᠶᠤᠤ ᠵᠢᠶᠦ᠋ᠨ᠂ ᠸᠠᠩ ᠢᠤᠢ ᠵᠢᠶᠧ᠂ ᠸᠠᠩ ᠵᠢᠩ ᠯᠦᠡᠭ᠂ ᠡᠯ᠎ᠡ ᠬᠤᠯᠪᠤᠬᠳᠠᠯ ᠪᠦᠬᠦᠢ ᠪᠠᠶᠢᠭᠤᠯᠭ᠎ᠠ ᠨᠢᠬᠡᠴᠢ ᠵᠢᠴᠢ ᠬᠤᠰᠢᠭᠤᠨ ᠤ ᠠᠷᠪᠠᠳᠤᠭᠠᠷ ᠬᠤᠭᠤᠴᠠᠭᠠᠨ ᠤ ᠵᠠᠯᠠᠭᠤ ᠺᠠᠳ᠋ᠷᠴᠤᠳ ᠤᠨ ᠠᠩᠬᠢ ᠶᠢᠨ ᠪᠦᠬᠦ ᠰᠤᠷᠤᠯᠭᠠᠳᠠᠨ ᠵᠡᠬᠦᠡᠭᠠᠷ ᠬᠤᠰᠢᠭᠤᠨ ᠤ ᠬᠤᠪᠢᠶᠠᠷᠢ ᠬᠤᠷᠡᠯ ᠤᠨ ᠳᠠᠯᠠᠪᠠᠢ ᠳᠤ ᠬᠤᠷᠡᠯ ᠳᠤ ᠤᠷᠤᠯᠴᠠᠪᠠ᠃      ᠳᠤᠰ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ ᠤᠯᠤᠰ ᠤᠨ ᠴᠠᠬᠢᠯᠭᠠᠨ ᠬᠦᠴᠤᠨ ᠤ ᠴᠠᠩ ᠲᠠᠨ ᠴᠠᠬᠢᠯᠭᠠᠨ ᠦᠢᠯᠡᠳᠪᠦᠷᠢ ᠶᠢᠨ 500 ᠺᠢᠯᠦᠸᠠᠲ ᠴᠠᠬᠢᠯᠭᠠᠨ ᠬᠦᠷᠬᠡᠬᠦ ᠪᠠᠷᠢᠯᠭ᠎ᠠ ᠶᠢᠨ ᠠᠵᠢᠯ ᠢ ᠡᠬᠢᠯᠡᠬᠦᠯᠬᠦ ᠳᠠᠶᠢᠴᠢᠯᠡᠯᠳᠡ  ᠶᠢᠨ ᠶᠤᠰᠤᠯᠠᠯ ᠳᠤ ᠤᠷᠤᠯᠴᠠᠪᠠ᠃       7 ᠰᠠᠷ᠎ᠡ ᠶᠢᠨ 26 ᠤ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ ᠯᠦᠡᠭᠺᠸᠦ ᠪᠠᠯᠭᠠᠰᠤᠨ ᠳᠤ ᠬᠦᠷᠴᠤ ︽ᠠᠵᠤ ᠠᠬᠤᠶᠢᠯᠠᠯ ᠪᠠ ᠭᠠᠵᠠᠷ ᠤᠷᠤᠨ᠂ ᠠᠵᠤ ᠠᠬᠤᠶᠢᠯᠠᠯ ᠪᠠ ᠠᠷᠡᠳ ᠤᠯᠠᠨ ᠬᠤᠯᠪᠤᠭᠠᠯᠠᠨ ᠬᠠᠮᠳᠤᠪᠡᠷ ᠰᠠᠶᠢᠨ ᠰᠠᠶᠢᠬᠠᠨ ᠠᠮᠢᠳᠤᠷᠠᠯ ᠢᠶᠠᠨ ᠴᠤᠬᠴᠠᠯᠠᠬᠤ︾ ᠠᠵᠢᠯᠯᠠᠭ᠎ᠠ ᠶᠢ ᠦᠷᠨᠢᠬᠦᠯᠦᠭᠰᠡᠨ ᠪᠠᠶᠢᠳᠠᠯ ᠳᠤ ᠪᠠᠶᠢᠴᠠᠭᠠᠨ ᠰᠤᠳᠤᠯᠤᠯᠳᠠ ᠬᠢᠪᠠ᠃ ᠬᠤᠰᠢᠭᠤᠨ ᠤ ᠤᠳᠤᠷᠢᠳᠤᠯᠭ᠎ᠠ ᠯᠢ ᠶᠤᠤ ᠵᠢᠶᠦ᠋ᠨ᠂ ᠸᠠᠩ ᠵᠢᠩ ᠯᠦᠡᠭ ᠤᠷᠤᠯᠴᠠᠵᠤ᠂ ᠬᠤᠰᠢᠭᠤᠨ ᠤ ᠳᠠᠷᠢᠶᠠᠯᠠᠩ ᠮᠠᠯ ᠠᠵᠤ ᠠᠬᠤᠢ ᠶᠢᠨ ᠳᠤᠪᠴᠢᠶ᠎ᠡ᠂ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠨᠢᠬᠡᠳᠦᠯᠳᠡᠢ ᠳᠦᠯᠦᠪᠵᠢᠬᠦᠯᠦᠨ ᠬᠦᠭᠵᠢᠬᠦᠯᠬᠦ ᠳᠦᠪ ᠵᠢᠴᠢ ᠯᠦᠡᠭᠺᠸᠦ ᠪᠠᠯᠭᠠᠰᠤ ᠶᠢᠨ ᠬᠠᠷᠢᠭᠤᠴᠠᠯᠭᠠᠳᠠᠨ ᠪᠡᠷ᠎ᠠ ᠪᠤᠯᠪᠠ᠃       ᠳᠤᠰ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠤᠨᠤᠯ ᠤᠨ ᠰᠤᠷᠤᠯᠴᠠᠯᠭ᠎ᠠ ᠶᠢᠨ ᠭᠤᠤᠯ ᠳᠤᠭᠤᠶᠢᠯᠠᠩ 2022 ᠤᠨ ᠤ ᠨᠢ᠋ᠮᠠᠳᠤᠭᠠᠷ ᠤᠳᠠᠭᠠᠨ  ᠤ ᠬᠠᠮᠳᠤ ᠶᠢᠨ ᠰᠤᠷᠤᠯᠴᠠᠯᠭ᠎ᠠ ᠶᠢᠨ ᠬᠤᠷᠠᠯ ᠵᠢᠴᠢ ᠵᠡᠬᠦᠨᠭᠠᠷ ᠬᠤᠰᠢᠭᠤᠨ ᠤ ᠳᠠᠪᠢᠳᠤᠭᠠᠷ ᠬᠤᠭᠤᠴᠠᠭᠠᠨ ᠤ ᠰᠠᠯᠠᠭᠠᠨ ᠳᠡᠰ ᠤᠨ ᠺᠠᠳ᠋ᠷᠴᠤᠳ ᠤᠨ ᠶᠠᠷᠢᠶᠡᠨ ᠤ ᠳᠠᠪᠴᠠᠩ ᠢ ᠡᠷᠬᠢᠯᠡᠨ ᠶᠠᠪᠤᠬᠳᠠᠭᠤᠯᠪᠠ᠃ ᠬᠤᠰᠢᠭᠤᠨ ᠤ ᠤᠳᠤᠷᠢᠳᠤᠯᠭ᠎ᠠ ᠳᠠᠩ ᠳᠠᠯᠠᠢ᠂ ᠸᠠᠩ ᠶᠦᠡᠭ ᡁᠢ᠂ ᠷᠧᠨ ᡁᠢ ᠶᠤᠸᠠᠨ᠂ ᠤᠶᠦᠨᠪᠢᠯᠢᠭ᠂ ᠬᠤᠰᠢᠭᠤᠨ ᠤ ᠠᠷᠡᠳ ᠤᠨ ᠵᠡᠪᠰᠡᠭᠳᠦ ᠬᠦᠴᠤᠨ ᠤ ᠬᠡᠯᠳᠡᠰ ᠤᠨ ᠳᠠᠷᠤᠭ᠎ᠠ᠂ ᠬᠤᠰᠢᠭᠤᠨ ᠤ ᠠᠷᠡᠳ ᠤᠨ ᠪᠠᠶᠢᠴᠠᠭᠠᠬᠤ ᠬᠤᠷᠢᠶᠠᠨ ᠤ ᠪᠠᠶᠢᠴᠠᠭᠠᠬᠴᠢ ᠳᠠᠷᠤᠭ᠎ᠠ᠂ ᠵᠡᠬᠦᠨᠭᠠᠷ ᠠᠵᠤ ᠠᠬᠤᠢ ᠶᠢᠨ ᠨᠡᠬᠡᠬᠡᠯᠳᠡ ᠶᠢᠨ ᠤᠷᠤᠨ ᠤ ᠤᠳᠤᠷᠢᠳᠬᠤ ᠪᠠᠬ ᠤᠨ ᠪᠦᠷᠢᠯᠳᠦᠬᠦᠨ᠂ ᠡᠯ᠎ᠡ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠨ ᠤᠷᠤᠯᠴᠠᠪᠠ᠃      7 ᠰᠠᠷ᠎ᠡ ᠶᠢᠨ 27 ᠤ ᠡᠳᠦᠷ᠂ ᠪᠦᠬᠦ ᠬᠤᠰᠢᠭᠤᠨ ᠤ ᠠᠵᠤ ᠠᠬᠤᠢ ᠶᠢᠨ ᠡᠷᠬᠢᠯᠳᠠ ᠶᠢᠨ ᠳᠤᠬᠢᠷᠠᠭᠤᠯᠤᠯᠳᠠ ᠶᠢᠨ ᠬᠤᠷᠡᠯ ᠬᠤᠷᠠᠯᠳᠤᠪᠠ᠃ ᠬᠤᠷᠡᠯ ᠠᠴᠠ ᠪᠦᠬᠦ ᠤᠷᠤᠨ ᠤ ᠠᠵᠤ ᠠᠬᠤᠢ ᠶᠢᠨ ᠴᠢᠨᠡᠷ ᠰᠠᠶᠢᠳᠡᠢ ᠬᠦᠭᠵᠢᠯᠳᠡ ᠶᠢᠨ ᠰᠠᠭᠤᠨ ᠶᠠᠷᠢᠯᠴᠠᠬᠤ ᠬᠤᠷᠡᠯ ᠤᠨ ᠵᠤᠷᠢᠬ ᠰᠠᠨᠠᠭ᠎ᠠ ᠪᠠ ᠪᠦᠬᠦ ᠬᠤᠳᠠ ᠶᠢᠨ ᠠᠵᠤ ᠠᠬᠤᠢ  ᠶᠢᠨ ᠡᠷᠬᠢᠯᠳᠠ ᠶᠢᠨ ᠳᠤᠬᠢᠷᠠᠭᠤᠯᠤᠯᠳᠠ ᠶᠢᠨ ᠬᠤᠷᠡᠯ ᠤᠨ ᠵᠤᠷᠢᠬ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠪᠦᠬᠦ ᠬᠤᠰᠢᠭᠤᠨ ᠤ ᠠᠵᠤ ᠠᠬᠤᠢ ᠶᠢᠨ ᠡᠷᠬᠢᠯᠳᠠ  ᠶᠢᠨ ᠪᠠᠶᠢᠳᠠᠯ ᠢ ᠵᠠᠳᠠᠯᠤᠨ ᠰᠤᠳᠤᠯᠵᠤ᠂ ᠬᠠᠮᠢᠶ᠎ᠠ ᠪᠦᠬᠦᠢ ᠠᠵᠢᠯ ᠢ ᠳᠤᠬᠢᠷᠠᠭᠤᠯᠤᠨ ᠪᠠᠶᠢᠷᠢᠯᠠᠭᠤᠯᠪᠠ᠃ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ ᠬᠤᠷᠡᠯ ᠢ ᠡᠷᠬᠢᠯᠡᠭᠰᠡᠨ ᠪᠦᠬᠡᠳ ᠶᠠᠷᠢᠶ᠎ᠡ ᠳᠠᠯᠪᠢᠪᠠ᠃ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠶᠠᠷᠢᠶ᠎ᠡ ᠳᠠᠯᠪᠢᠪᠠ᠃ ᠬᠤᠰᠢᠭᠤᠨ ᠤ ᠤᠯᠤᠰ ᠲᠦᠷᠦ ᠶᠢᠨ ᠵᠦᠪᠯᠡᠯᠬᠡᠨ ᠤ ᠳᠡᠷᠢᠬᠦᠯᠡᠭᠴᠢ ᠵᠢᠶᠠ ᠭᠤᠸᠠᠩ ᠬᠤᠸᠠ᠂ ᠬᠤᠰᠢᠭᠤᠨ ᠤ ᠨᠠᠮ ᠤᠨ ᠬᠤᠷᠢᠶ᠎ᠡ ᠪᠠ ᠵᠠᠰᠠᠬ ᠤᠨ ᠤᠷᠳᠤᠨ ᠵᠢᠴᠢ ᠵᠡᠬᠦᠡᠭᠠᠷ ᠠᠵᠤ ᠠᠬᠤᠢ ᠶᠢᠨ ᠨᠡᠬᠡᠬᠡᠯᠳᠡ ᠶᠢᠨ ᠤᠷᠤᠨ ᠤ ᠬᠤᠯᠪᠤᠬᠳᠠᠯ ᠪᠦᠬᠦᠢ ᠤᠳᠤᠷᠢᠳᠤᠯᠭ᠎ᠠ ᠬᠤᠷᠡᠯ ᠳᠤ ᠤᠷᠤᠯᠴᠠᠪᠠ᠃ᠳᠤᠰ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ᠂ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠨᠠᠨ ᠶᠠᠩ ᠰᠢᠨᠵᠢᠯᠡᠬᠦ ᠤᠬᠠᠭᠠᠨ ᠮᠡᠷᠬᠡᠵᠢᠯ ᠤᠨ ᠬᠤᠪᠢ ᠤᠷᠤᠭᠤᠯᠤᠬᠰᠠᠨ ᠺᠤᠮᠫᠠᠨᠢ ᠶᠢᠨ ᠬᠡᠷᠡᠭ ᠮᠠᠳᠡᠭᠴᠢᠳ ᠤᠨ ᠳᠠᠷᠤᠭ᠎ᠠ ᠱᠤᠤ ᠢᠤᠢ ᠲᠢᠶᠡᠨ ᠨᠠᠷ ᠲᠠᠢ ᠠᠭᠤᠯᠵᠠᠪᠠ᠃       7 ᠰᠠᠷ᠎ᠡ ᠶᠢᠨ 28 ᠤ ᠡᠳᠦᠷ᠂ ᠬᠤᠰᠢᠭᠤᠨ ᠤ ᠨᠠᠮ ᠤᠨ ᠬᠤᠷᠢᠶᠠᠨ ᠤ ᠱᠦᠵᠢ ᠰᠤ᠋ ᠰᠢᠨ ᠶᠠ ᠠᠷᠪᠠᠨ ᠵᠢᠷᠭᠤᠳᠤᠭᠠᠷ ᠬᠤᠭᠤᠴᠠᠭᠠᠨ ᠤ ᠬᠤᠰᠢᠭᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠤᠷᠢᠶᠠᠨ ᠤ 33 ᠳ᠋ᠤᠭᠠᠷ ᠤᠳᠠᠭ᠎ᠠ ᠶᠢᠨ ᠬᠤᠷᠡᠯ ᠵᠢᠴᠢ ᠬᠤᠰᠢᠭᠤᠨ ᠤ ᠨᠠᠮ ᠤᠨ ᠬᠤᠷᠢᠶᠠᠨ ᠤ ᠰᠦᠯᠵᠢᠶᠡᠨ ᠤ ᠠᠮᠤᠷ ᠳᠦᠪᠰᠢᠨ ᠪᠠ ᠴᠢᠮᠡᠭᠡ ᠵᠠᠩᠬᠢᠵᠢᠯᠳᠡ ᠶᠢᠨ ᠵᠦᠪᠯᠡᠯ ᠤᠨ ᠳᠦᠷᠪᠡᠳᠦᠬᠡᠷ ᠤᠳᠠᠭᠠᠨ ᠤ ᠬᠤᠷᠡᠯ ᠢ ᠡᠷᠬᠢᠯᠡᠨ ᠬᠤᠷᠠᠯᠳᠤᠭᠤᠯᠪᠠ᠃ ᠳᠡᠬᠡᠳᠦ ᠱᠠᠳᠤᠨ ᠤ ᠪᠢᠴᠢᠭ ᠮᠠᠲ᠋ᠧᠷᠢᠶᠡᠯ ᠬᠤᠷᠠᠯ ᠤᠨ ᠵᠤᠷᠢᠬ ᠰᠠᠨᠠᠭ᠎ᠠ ᠶᠢ ᠤᠯᠠᠮᠵᠢᠯᠠᠨ ᠰᠤᠷᠤᠯᠴᠠᠵᠤ᠂ ᠦᠵᠡᠯ ᠤᠬᠠᠮᠰᠠᠷ ᠤᠨ ᠬᠡᠯᠪᠡᠷᠢ᠂ ᠴᠢᠳᠠᠪᠤᠷᠢᠳᠡᠨ ᠰᠢᠨᠵᠢᠯᠡᠬᠦ ᠤᠬᠠᠭᠠᠨ ᠮᠡᠷᠬᠡᠵᠢᠯ᠂ ᠠᠮᠤᠷ ᠠᠮᠤᠭᠤᠯᠠᠩ ᠤᠨ ᠪᠠᠶᠢᠭᠤᠯᠤᠯᠳᠠ᠂ ᠪᠤᠯᠪᠠᠰᠤᠨ ᠬᠤᠳᠠ ᠶᠢ ᠡᠬᠦᠳᠦᠨ ᠪᠠᠶᠢᠭᠤᠯᠬᠤ᠂ ᠰᠦᠯᠵᠢᠶᠡᠨ ᠤ ᠠᠮᠤᠷ ᠳᠦᠪᠰᠢᠨ ᠵᠡᠷᠬᠡ ᠠᠵᠢᠯ ᠤᠨ ᠪᠠᠶᠢᠳᠠᠯ ᠤᠨ ᠬᠠᠷᠢᠭᠤ ᠮᠡᠳᠡᠬᠦᠯᠦᠯᠳᠡ ᠶᠢ ᠰᠤᠨᠤᠰᠪᠠ᠃ᠳᠤᠰ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠱᠦᠵᠢ ᠰᠤ᠋ ᠰᠢᠨ ᠶᠠ ᠪᠦᠬᠦ ᠬᠤᠰᠢᠭᠤᠨ ᠤ ᠰᠦᠨ ᠤ ᠦᠢᠯᠡᠰ ᠤᠨ ᠬᠦᠭᠵᠢᠯᠳᠡ ᠶᠢ ᠠᠬᠢᠭᠤᠯᠬᠤ ᠠᠵᠢᠯ  ᠤᠨ ᠳᠠᠶᠢᠴᠢᠯᠡᠯᠳᠡ ᠶᠢᠨ ᠬᠤᠷᠡᠯ ᠢ ᠡᠷᠬᠢᠯᠡᠨ ᠬᠤᠷᠠᠯᠳᠤᠭᠤᠯᠵᠦ᠂ ᠪᠦᠬᠦ ᠬᠤᠰᠢᠭᠤᠨ ᠤ ᠰᠦᠨ ᠤ ᠦᠢᠯᠡᠰ ᠢ ᠬᠦᠭᠵᠢᠬᠦᠯᠬᠦ ᠠᠵᠢᠯ ᠤᠨ ᠪᠠᠶᠢᠳᠠᠯ ᠤᠨ ᠬᠠᠷᠢᠭᠤ ᠮᠡᠳᠡᠬᠦᠯᠦᠯᠳᠡ ᠶᠢ ᠰᠤᠨᠤᠰᠪᠠ᠃ ᠬᠤᠰᠢᠭᠤᠨ ᠤ ᠨᠠᠮ ᠤᠨ ᠬᠤᠷᠢᠶᠡᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠵᠡᠷᠬᠡ ᠬᠤᠰᠢᠭᠤᠨ ᠤ ᠨᠠᠮ ᠤᠨ ᠬᠤᠷᠢᠶ᠎ᠡ᠂ ᠵᠠᠰᠠᠭ ᠤᠨ ᠤᠷᠳᠤᠨ ᠤ ᠬᠤᠯᠪᠤᠬᠳᠠᠯ ᠪᠦᠬᠦᠢ ᠤᠳᠤᠷᠢᠳᠤᠯᠭ᠎ᠠ ᠨᠤᠭᠤᠳ ᠬᠤᠷᠡᠯ ᠳᠤ ᠤᠷᠤᠯᠴᠠᠪᠠ᠃        7 ᠰᠠᠷ᠎ᠡ ᠶᠢᠨ 29 ᠤ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠬᠤᠰᠢᠭᠤᠨ ᠤ ᠠᠷᠡᠳ  ᠤᠨ ᠵᠠᠰᠠᠭ ᠤᠨ ᠤᠷᠳᠤᠨ ᠤ 2022 ᠤᠨ ᠤ 10 ᠳ᠋ᠤᠭᠠᠷ ᠤᠳᠠᠭ᠎ᠠ ᠶᠢᠨ ᠪᠠᠶᠢᠡᠭᠭᠤ ᠶᠢᠨ ᠶᠠᠪᠤᠳᠠᠯ ᠤᠨ ᠬᠤᠷᠡᠯ ᠢ ᠡᠷᠬᠢᠯᠡᠨ ᠬᠤᠷᠠᠯᠳᠤᠭᠤᠯᠪᠠ᠃ ᠬᠤᠷᠡᠯ ᠠᠴᠠ ︽ᠵᠡᠬᠦᠡᠭᠠᠷ ᠬᠤᠰᠢᠭᠤᠨ ᠤ ᠠᠷᠪᠠᠨ ᠳᠦᠷᠪᠡᠳᠦᠬᠡᠷ ᠳᠠᠪᠤᠨ ᠵᠢᠯ ᠤᠨ ᠠᠮᠢ ᠠᠬᠤᠢ ᠤᠷᠴᠢᠨ ᠲᠤᠭᠤᠷᠢᠨ ᠢ ᠬᠠᠮᠠᠭᠠᠯᠠᠬᠤ ᠳᠦᠯᠦᠪᠵᠢᠬᠦᠯᠬᠡ︾᠂ ︽ᠵᠡᠬᠦᠡᠭᠠᠷ ᠬᠤᠰᠢᠭᠤᠨ ᠤ ᠪᠠᠴᠢᠮ ᠪᠠᠶᠢᠳᠠᠯ ᠢ ᠠᠷᠭᠠᠴᠠᠭᠠᠬᠤ ᠰᠢᠰᠲ᠋ᠧᠮ ᠤᠨ ᠪᠠᠶᠢᠭᠤᠯᠤᠯᠳᠠ ᠶᠢᠨ ᠠᠷᠪᠠᠨ ᠳᠦᠷᠪᠡᠳᠦᠬᠡᠷ ᠳᠠᠪᠤᠨ ᠵᠢᠯ ᠤᠨ ᠳᠦᠯᠦᠪᠵᠢᠬᠦᠯᠬᠡ︾᠂ ︽ᠵᠡᠬᠦᠡᠭᠠᠷ ᠬᠤᠰᠢᠭᠤᠨ ᠤ ᠡᠮᠡᠭᠳᠡᠶᠢᠴᠤᠳ ᠤᠨ ᠬᠦᠭᠵᠢᠯᠳᠡ ᠶᠢᠨ ᠳᠦᠯᠦᠪᠵᠢᠬᠦᠯᠬᠡ ︵2021— 2030 ᠤᠨ︶︾  ︽ᠵᠡᠬᠦᠡᠭᠠᠷ ᠬᠤᠰᠢᠭᠤᠨ ᠤ ᠬᠡᠦᠬᠡᠳ ᠤᠨ ᠬᠦᠭᠵᠢᠯᠳᠡ ᠶᠢᠨ ᠳᠦᠯᠦᠪᠵᠢᠬᠦᠯᠬᠡ ︵2021 —2030 ᠤᠨ︶︾ ︽2022 ᠤᠨ ᠤ ᠵᠡᠬᠦᠡᠭᠠᠷ ᠬᠤᠰᠢᠭᠤᠨ ᠤ ᠬᠡᠷᠡᠭᠯᠡᠭᠡ ᠶᠢ ᠠᠬᠢᠭᠤᠯᠬᠤ ᠰᠢᠷᠢᠰ ᠠᠵᠢᠯᠯᠠᠭᠠᠨ ᠤ ᠳᠦᠰᠤᠯ︾ ᠪᠠ ︽ᠵᠡᠬᠦᠡᠭᠠᠷ ᠬᠤᠰᠢᠭᠤᠨ ᠤ ᠤᠳᠤ ᠦᠶ᠎ᠡ ᠶᠢᠨ ᠦᠢᠯᠡᠴᠢᠯᠡᠭᠡ ᠶᠢ ᠳᠡᠰ ᠳᠡᠪᠰᠢᠬᠦᠯᠬᠦ ᠭᠤᠷᠪᠡᠨ ᠵᠢᠯ ︵2022 —2024 ᠤᠨ︶ ᠤᠨ ᠠᠵᠢᠯᠯᠠᠭᠠᠨ ᠤ ᠠᠵᠢᠯ ᠤᠨ ᠳᠦᠰᠤᠯ︾ ᠢ ᠬᠢᠨᠠᠨ ᠵᠦᠪᠯᠡᠪᠡ᠃ ᠬᠤᠷᠠᠯ ᠠᠴᠠ ᠪᠠᠰᠠ ᠵᠡᠬᠦᠡᠭᠠᠷ ᠠᠵᠤ ᠦᠢᠯᠡᠰ ᠤᠨ ᠬᠦᠷᠢᠶᠡᠯᠡᠩ ᠤᠨ ᠨᠠᠭᠤᠷ ᠤᠨ ᠠᠭᠤᠷᠰᠢᠭᠤᠯᠤᠬᠰᠠᠨ ᠦᠨᠳᠦᠷ ᠲᠠᠪᠤᠰᠤᠳᠤ ᠬᠠᠶᠠᠬᠳᠠᠮᠠᠯ ᠤᠰᠤ ᠶᠢ ᠰᠢᠢᠳᠪᠦᠷᠢᠯᠡᠬᠦ᠂ ᠦᠪᠤᠷ ᠮᠤᠩᠭᠤᠯ ᠤᠨ ᠬᠠᠳᠤᠨ ᠭᠤᠤᠯ ᠤᠨ ᠳᠤᠮᠤ ᠬᠠᠪᠴᠢᠯ ᠤᠨ ᠰᠤᠶᠤᠯ  ᠤᠨ ᠬᠦᠷᠢᠶᠡᠯᠡᠩ ᠤᠨ ᠪᠦᠳᠦᠬᠡᠨ ᠪᠠᠶᠢᠭᠤᠯᠤᠯᠳᠠ᠂ ᠱᠠᠬᠳᠠᠷ ᠤᠨ ᠬᠤᠶᠠᠳᠤᠭᠠᠷ ᠪᠠᠭ᠎ᠠ ᠰᠤᠷᠭᠠᠭᠤᠯᠢ ᠶᠢ ᠦᠷᠬᠡᠳᠬᠡᠨ ᠪᠠᠶᠢᠭᠤᠯᠬᠤ᠂ ᠰᠤᠷᠭᠠᠨ ᠬᠦᠮᠦᠵᠢᠯ ᠪᠡᠶ᠎ᠡ  ᠶᠢᠨ ᠳᠠᠮᠢᠷ ᠤᠨ ᠰᠢᠰᠲ᠋ᠧᠮ ᠤᠨ ᠰᠠᠭᠤᠷᠢ ᠪᠦᠳᠦᠬᠡᠨ ᠪᠠᠶᠢᠭᠤᠯᠤᠯᠳᠠ ᠶᠢᠨ ᠳᠦᠷᠦᠯ ᠵᠦᠢᠯ ᠢ ᠤᠷᠤᠯᠠᠨ ᠪᠦᠳᠦᠬᠡᠨ ᠪᠠᠶᠢᠭᠤᠯᠬᠤ᠂ ᠪᠦᠬᠦ ᠬᠤᠰᠢᠭᠤᠨ ᠤ ᠵᠠᠰᠠᠭ ᠤᠨ ᠶᠠᠪᠤᠳᠠᠯ ᠴᠢᠮᠡᠭᠡ ᠵᠠᠩᠬᠢ ᠶᠢᠨ ᠰᠢᠰᠲ᠋ᠧᠮ ᠤᠨ ᠵᠡᠷᠭᠡ ᠳᠡᠰ ᠤᠨ ᠬᠠᠮᠠᠭᠠᠯᠠᠯᠳᠠ ᠶᠢ ᠰᠢᠯᠭᠠᠨ ᠲᠤᠭᠳᠠᠭᠠᠬᠤ ᠵᠡᠷᠬᠡ ᠶᠠᠪᠤᠳᠠᠯ ᠢ ᠰᠤᠳᠤᠯᠪᠠ᠃ ᠬᠤᠰᠢᠭᠤᠨ ᠤ ᠤᠳᠤᠷᠢᠳᠤᠯᠭ᠎ᠠ ᠴᠢᠤᠢ ᠱᠤ᠋ ᠴᠢᠩ᠂ ᠸᠠᠩ ᠵᠢᠩ ᠯᠦᠡᠭ᠂ ᠤᠶᠦᠨᠪᠢᠯᠢᠭ᠂ ᠡᠤ ᠰᠢᠤᠢ ᠳ᠋ᠦᠡᠭ᠂ ᠵᠠᠩ ᠶᠠ ᠨᠠᠨ᠂ ᠯᠢᠦ ᠢᠤᠢ ᠴᠸᠡᠭ ᠨᠡᠷ ᠬᠤᠷᠡᠯ ᠳᠤ ᠤᠷᠤᠯᠴᠠᠪᠠ᠃       7 ᠰᠠᠷ᠎ᠡ ᠶᠢᠨ 29 ᠤ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ ᠬᠤᠰᠢᠭᠤᠨ ᠤ ᠠᠶᠤᠯ ᠦᠬᠡᠢ ᠶᠢᠨ ᠵᠦᠪᠯᠡᠯ ᠤᠨ ᠪᠦᠬᠦ ᠬᠡᠰᠢᠬᠦᠳ ᠤᠨ ᠬᠤᠷᠡᠯ ᠵᠢᠴᠢ ᠵᠡᠬᠦᠡᠭᠠᠷ ᠠᠵᠤ ᠠᠬᠤᠢ ᠶᠢᠨ ᠨᠡᠬᠡᠬᠡᠯᠳᠡ ᠶᠢᠨ ᠤᠷᠤᠨ ᠤ ᠠᠶᠤᠯ ᠦᠬᠡᠢ ᠦᠢᠯᠡᠳᠪᠦᠷᠢᠯᠡᠯ ᠤᠨ ᠠᠵᠢᠯ ᠤᠨ ᠬᠤᠷᠡᠯ ᠢ ᠡᠷᠬᠢᠯᠡᠨ ᠬᠤᠷᠠᠯᠳᠤᠭᠤᠯᠪᠠ᠃ ᠬᠤᠰᠢᠭᠤᠨ ᠤ ᠨᠠᠮ ᠤᠨ ᠬᠤᠷᠢᠶᠡᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠬᠤᠷᠡᠯ ᠳᠤ ᠤᠷᠤᠯᠴᠠᠬᠰᠠᠨ ᠪᠦᠬᠡᠳ ᠶᠠᠷᠢᠶ᠎ᠡ ᠳᠠᠯᠪᠢᠪᠠ᠃ ᠬᠤᠰᠢᠭᠤᠨ ᠤ ᠤᠳᠤᠷᠢᠳᠤᠯᠭ᠎ᠠ ᠴᠢᠶᠤᠤ ᠠᠢ ᠫᠢᠡᠭ᠂ ᠸᠠᠩ ᠵᠢᠩ ᠯᠦᠡᠭ᠂ ᠤᠶᠦᠨᠪᠢᠯᠢᠭ᠂ ᠡᠤ ᠰᠢᠤᠢ ᠳ᠋ᠦᠡᠭ᠂ ᠯᠢᠦ ᠢᠤᠢ ᠴᠸᠡᠭ ᠵᠢᠴᠢ ᠵᠡᠬᠦᠡᠭᠠᠷ ᠠᠵᠤ ᠠᠬᠤᠢ ᠶᠢᠨ ᠨᠡᠬᠡᠬᠡᠯᠳᠡ ᠶᠢᠨ ᠤᠷᠤᠨ᠂ ᠬᠤᠰᠢᠭᠤᠨ ᠤ ᠠᠶᠤᠯ ᠦᠬᠡᠢ ᠶᠢᠨ ᠵᠦᠪᠯᠡᠯ ᠤᠨ ᠡᠯ᠎ᠡ ᠪᠦᠷᠢᠯᠳᠦᠬᠦᠨ ᠪᠠᠶᠢᠭᠤᠯᠭ᠎ᠠ ᠨᠢᠬᠡᠴᠢ ᠶᠢᠨ ᠬᠠᠷᠢᠭᠤᠴᠠᠯᠭᠠᠳᠠᠨ ᠬᠤᠷᠡᠯ ᠳᠤ ᠤᠷᠤᠯᠴᠠᠪᠠ᠃       7 ᠰᠠᠷ᠎ᠡ ᠶᠢᠨ 29 ᠤ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ ᠪᠦᠬᠦ ᠬᠤᠰᠢᠭᠤᠨ ᠤ ᠭᠠᠵᠠᠷ ᠰᠢᠷᠤᠢ ᠶᠢ ᠶᠡᠷᠦᠩᠬᠡᠶᠢᠯᠡᠨ ᠵᠠᠰᠠᠨ ᠴᠡᠭᠴᠡᠯᠡᠬᠦ ᠵᠢᠴᠢ ᠵᠤᠷᠰᠢᠯ ᠶᠤᠰᠤᠭᠠᠷ ᠱᠠᠯᠠᠪᠳᠠᠭᠤᠯᠤᠨ ᠪᠠᠶᠢᠴᠠᠭᠠᠵᠦ ᠴᠡᠭᠴᠡᠯᠡᠨ ᠰᠠᠶᠢᠵᠢᠷᠠᠭᠤᠯᠬᠤ ︽ᠵᠠᠭᠤᠨ ᠡᠳᠦᠷ ᠤᠨ ᠪᠤᠭᠤᠮᠳᠠ ᠰᠢᠪᠳᠤᠯᠬᠤ︾ ᠠᠵᠢᠯᠯᠠᠭᠠᠨ ᠤ ᠪᠠᠶᠢᠷᠢᠯᠠᠭᠤᠯᠤᠯᠳᠠ ᠶᠢᠨ ᠬᠤᠷᠡᠯ ᠢ ᠡᠷᠬᠢᠯᠡᠨ ᠬᠤᠷᠠᠯᠳᠤᠭᠤᠯᠪᠠ᠃ ᠬᠤᠰᠢᠭᠤᠨ ᠤ ᠨᠠᠮ ᠤᠨ ᠬᠤᠷᠢᠶᠡᠨ ᠤ ᠳᠡᠳ᠋ ᠱᠦᠵᠢ᠂ ᠬᠤᠰᠢᠭᠤᠨ ᠤ ᠳᠠᠷᠤᠭ᠎ᠠ ᠰᠤᠷᠭᠠᠯᠳᠤ ᠬᠤᠷᠡᠯ ᠳᠤ ᠤᠷᠤᠯᠴᠠᠬᠰᠠᠨ ᠪᠦᠬᠡᠳ ᠶᠠᠷᠢᠶ᠎ᠡ ᠳᠠᠯᠪᠢᠪᠠ᠃ ᠬᠤᠰᠢᠭᠤᠨ ᠤ ᠳᠡᠳ᠋ ᠳᠠᠷᠤᠭ᠎ᠠ ᠤᠶᠦᠨᠪᠢᠯᠢᠭ᠂ ᠯᠢᠦ ᠢᠤᠢ ᠴᠸᠡᠭ ᠪᠠ ᠡᠯ᠎ᠡ ᠰᠤᠮᠤ ᠰᠢᠶᠠᠩ ᠪᠠᠯᠭᠠᠰᠤ᠂ ᠬᠤᠯᠪᠤᠬᠳᠠᠯ ᠪᠦᠬᠦᠢ ᠰᠠᠯᠠᠭ᠎ᠠ ᠮᠦᠴᠢᠷ ᠤᠨ ᠬᠢᠨ ᠬᠤᠷᠡᠯ ᠳᠤ ᠤᠷᠤᠯᠴᠠᠪᠠ᠃       7 ᠰᠠᠷ᠎ᠡ ᠶᠢᠨ 31 ᠤ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠪᠠᠶᠢᠡᠭᠭᠤ ᠶᠢᠨ ᠬᠡᠰᠢᠬᠦᠨ᠂ ᠬᠤᠰᠢᠭᠤᠨ ᠤ ᠳᠡᠳ᠋ ᠳᠠᠷᠤᠭ᠎ᠠ ᠴᠢᠤᠢ ᠱᠤ᠋ ᠴᠢᠩ ᠪᠦᠬᠦ ᠬᠤᠰᠢᠭᠤᠨ ᠤ ᠨᠡᠬᠦᠷᠡᠰᠤᠨ ᠤ ᠭᠠᠷᠤᠯᠳᠡ ᠶᠢ ᠳᠤᠬᠳᠠᠪᠤᠷᠢᠵᠢᠭᠤᠯᠵᠤ ᠬᠠᠨᠭ᠍ᠭᠠᠯᠭ᠎ᠠ ᠶᠢ ᠪᠠᠳᠤᠯᠠᠬᠤ ᠠᠵᠢᠯ ᠤᠨ ᠳᠤᠬᠢᠷᠠᠭᠤᠯᠤᠯᠳᠠ ᠶᠢᠨ ᠬᠤᠷᠡᠯ ᠢ ᠡᠷᠬᠢᠯᠡᠨ ᠬᠤᠷᠠᠯᠳᠤᠭᠤᠯᠪᠠ᠃ ᠬᠤᠰᠢᠭᠤᠨ ᠤ ᠳᠡᠳ᠋ ᠳᠠᠷᠤᠭ᠎ᠠ ᠵᠠᠩ ᠶᠠ ᠨᠠᠨ᠂ ᠬᠤᠯᠪᠤᠬᠳᠠᠯ ᠪᠦᠬᠦᠢ ᠪᠠᠶᠢᠭᠤᠯᠭ᠎ᠠ ᠨᠢᠬᠡᠴᠢ ᠶᠢᠨ ᠬᠠᠷᠢᠭᠤᠴᠠᠯᠭᠠᠳᠠᠨ ᠬᠤᠷᠡᠯ ᠳᠤ ᠤᠷᠤᠯᠴᠠᠪᠠ᠃       7 ᠰᠠᠷ᠎ᠡ ᠶᠢᠨ 31 ᠤ ᠡᠳᠦᠷ᠂ ᠬᠤᠰᠢᠭᠤᠨ ᠤ ᠨᠠᠮ ᠤᠨ ᠬᠤᠷᠢᠶᠡᠨ ᠤ ᠱᠦᠵᠢ ᠰᠤ᠋ ᠰᠢᠨ ᠶᠠ ᠬᠤᠰᠢᠭᠤᠨ ᠤ ᠠᠷᠡᠳ ᠤᠨ ᠵᠡᠪᠰᠡᠭᠳᠦ ᠬᠦᠴᠤᠨ ᠤ ᠬᠡᠯᠳᠡᠰ ᠪᠠ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠨᠡᠶᠢᠬᠡᠮ ᠳᠤᠭᠤᠷᠢᠭ ᠲᠤ ᠬᠦᠨᠵᠡᠬᠡᠶᠢᠷᠡᠵᠤ᠂ ᠬᠤᠰᠢᠭᠤᠨ ᠳᠤ ᠰᠠᠭᠤᠭ᠎ᠠ ᠴᠡᠷᠢᠭ ᠠᠩᠬᠢ ᠶᠢᠨ ᠳᠠᠷᠤᠭ᠎ᠠ ᠪᠠᠶᠢᠯᠳᠤᠬᠴᠢᠳ ᠪᠠ ᠰᠢᠯᠢᠳᠡᠭ ᠴᠡᠷᠢᠭ ᠠᠴᠠ ᠬᠠᠯᠠᠬᠳᠠᠬᠰᠠᠳ ᠢ ᠪᠤᠯᠭᠤᠭᠠᠨ ᠲᠤᠬᠤᠨᠢᠭᠤᠯᠪᠠ᠃
ᠢᠷᠡᠯᠲᠡ᠄ ᠲᠤᠰ ᠰᠦᠯᠵᠢᠶ᠎ᠡ