| | ᠡᠩ ᠤᠨ ᠪᠠᠶᠢᠳᠠᠯ ᠳᠤ ᠬᠦᠮᠦᠰ ᠲᠦᠴᠢᠨ ᠲᠠᠪᠤᠨ ᠨᠠᠰᠤ ᠶᠢ ᠦᠩᠬᠡᠷᠡᠪᠡᠯ ᠦᠲᠡᠯᠬᠦ ᠵᠦᠭ ᠲᠡᠭᠡᠨ ᠬᠠᠨᠳᠦᠵᠦ ᠂ ᠵᠢᠷᠠᠨ ᠲᠠᠪᠤᠨ ᠨᠠᠰᠤ ᠶᠢ ᠦᠩᠬᠡᠷᠡᠬᠡᠪᠡᠯ | ᠦᠲᠡᠯᠦᠬᠡ ᠨᠠᠰᠤᠨ ᠤ ᠦᠶ᠎ᠡ ᠳᠡᠭᠡᠨ ᠤᠷᠤᠲᠠᠬ ᠃ ᠬᠡᠷᠪᠡ ᠲᠦᠴᠢᠨ ᠲᠠᠪᠤᠨ ᠨᠠᠰᠤ ᠬᠦᠷᠬᠦ ᠠᠴᠠ ᠡᠮᠤᠨ᠎ᠡ ᠰᠠᠨᠴᠢᠬ ᠨᠢ ᠪᠤᠭᠤᠷᠤᠯᠳᠤᠬᠤ ᠂ ᠬᠠᠷᠠᠭ᠎ᠠ ᠨᠢ ᠮᠠᠭᠤᠲᠠᠬᠤ ᠂ | ᠨᠢᠲᠦᠨ ᠤ ᠵᠤᠪᠬᠢᠨ ᠳᠤᠨᠢ ᠠᠲᠤᠷᠢᠶ᠎ᠠ ᠰᠠᠭᠤᠬᠤ ᠂ ᠠᠵᠢᠯ ᠤᠨ ᠦᠷ᠎ᠡ ᠠᠰᠢᠬ ᠨᠢ ᠲᠤᠷᠤᠬᠰᠢᠯᠠᠬᠤ ᠵᠡᠷᠬᠡ ᠨᠠᠰᠦ ᠠᠬᠠᠰᠢᠷᠠᠬᠰᠠᠨ ᠪᠠᠶᠢᠳᠠᠯ ᠢᠯᠡᠷᠡᠪᠡᠯ ᠡᠷᠲᠡ | ᠦᠲᠡᠯᠦᠭᠰᠡᠨ ᠳᠤ ᠲᠤᠭᠠᠴᠠᠬᠳᠠᠨ᠎ᠠ ᠃ ᠶᠠᠮᠠᠷ ᠴᠦ ᠬᠦᠮᠦᠨ ᠡᠷᠲᠡ ᠦᠲᠡᠯᠭᠦ ᠲᠤᠷ᠎ᠡ ᠦᠬᠡᠢ ᠪᠠᠶᠢᠳᠠᠬ ᠃ | ᠤᠲᠤ ᠡᠷᠲᠡ ᠦᠳᠡᠯᠭᠦ ᠠᠴᠠ ᠰᠡᠷᠭᠡᠶᠢᠯᠡᠬᠦ A ᠂ B ᠬᠤᠶᠠᠷ ᠪᠦᠯᠦᠭ ᠢᠲᠡᠭᠡᠨ ᠢ ᠲᠠᠨᠢᠯᠴᠠᠭᠤᠯᠤᠶ᠎ᠠ ᠃ | A ᠪᠦᠯᠦᠭ ᠢᠲᠡᠭᠡᠨ ᠄ | 1. ᠴᠢᠨᠠᠷ ᠰᠠᠶᠢᠲᠠᠢ ᠪᠠᠯ ᠢ ᠡᠳᠦᠷ ᠪᠦᠷᠢ ᠡᠷᠲᠡ ᠤᠷᠤᠢ ᠳᠠᠭᠠᠨ ᠦᠯᠦᠨ ᠢᠶᠠᠷ 40 ~50 ᠮᠢᠯᠢᠯᠢᠳ᠋ᠷ ᠤᠤᠭᠤᠪᠠᠯ ᠬᠦᠮᠦᠨ ᠤ ᠪᠡᠶ᠎ᠡ ᠳᠤ ᠬᠦᠴᠢᠯᠳᠦ᠋ᠷᠦᠭᠴᠢ | ᠬᠠᠩᠭᠠᠬᠤ ᠶᠢᠨ ᠬᠠᠮᠲᠦ ᠴᠢᠰᠤᠨ ᠤ ᠡᠷᠭᠢᠯᠲᠡ ᠶᠢ ᠲᠦᠷᠭᠡᠳᠭᠡᠭᠡᠳ ᠦᠳᠡᠯᠭᠦ ᠶᠢ ᠤᠲᠠᠭᠠᠰᠢᠷᠠᠭᠤᠯᠵᠦ ᠴᠤᠬ ᠰᠦᠯᠲᠡ ᠶᠢ ᠪᠠᠲᠠᠷᠠᠭᠤᠯᠵᠦ ᠴᠢᠳᠠᠨ᠎ᠠ ᠃ | 2. ᠮᠠᠭᠠᠵᠢ ᠂ ᠰᠠᠮᠤᠷ ᠤᠨ ᠴᠦᠮ᠎ᠡ ᠶᠢ ᠢᠳᠡᠪᠡᠯ ᠦᠲᠡᠯᠭᠦ ᠶᠢ ᠤᠲᠠᠭᠠᠰᠢᠷᠠᠭᠤᠯᠵᠦ ᠴᠢᠲᠠᠨ᠎ᠠ ᠃ ᠡᠬᠦᠨ ᠳᠤ ᠤᠷᠢᠳ ᠢᠶᠠᠷ ᠮᠠᠭᠠᠵᠢ ᠪᠠᠨ ᠬᠠᠭᠤᠷᠴᠦ | ᠲᠠᠯᠠᠬᠳᠠᠨᠠ ᠃ ᠲᠠᠷᠠᠭ᠎ᠠ ᠨᠢ ᠰᠠᠮᠤᠷ ᠤᠨ ᠴᠦᠮ᠎ᠡ ᠶᠢᠨ ᠬᠠᠯᠢᠰᠦ ᠶᠢ ᠠᠪᠴᠦ ᠲᠠᠯᠠᠬᠲᠠᠨ ᠱᠠᠭᠠᠵᠠᠩ ᠯᠤᠩᠬᠤᠨ ᠳᠤ ᠬᠢᠵᠦ ᠲᠠᠯᠪᠢᠭᠠᠳ ᠡᠳᠦᠷ ᠪᠦᠷᠢ 20~30 | ᠭᠷᠠᠮ ᠢ ᠰᠢᠬᠢᠷ ᠲᠠᠢ ᠬᠤᠯᠢᠵᠦ ᠢᠲᠡᠨ᠎ᠡ ᠃ ᠮᠠᠭᠠᠵᠢ ᠳᠤ ᠦᠲᠡᠯᠭᠦ ᠶᠢ ᠤᠲᠠᠭᠠᠰᠢᠷᠠᠭᠤᠯᠬᠤ ᠸᠢᠲ᠋ᠠᠮᠢᠨ A ᠡᠯᠪᠡᠭ ᠪᠠᠶᠢᠳᠠᠬ ᠃ ᠡᠨᠡ ᠨᠢ ᠬᠦᠮᠦᠨ ᠤ ᠪᠡᠶ᠎ᠡ ᠶᠢᠨ | ᠡᠰ ᠤᠨ ᠦᠲᠡᠯᠭᠦ ᠶᠢ ᠤᠲᠠᠭᠠᠰᠢᠷᠠᠭᠤᠯᠲᠠᠬ ᠃ ᠰᠠᠮᠤᠷ ᠤᠨ ᠴᠦᠮ᠎ᠡ ᠨᠢ ᠬᠦᠮᠦᠨ ᠤ ᠪᠠᠶ᠎ᠠ ᠶᠢᠨ ᠲᠤᠲᠤᠭᠠᠲᠦ ᠱᠦᠬᠦᠷᠡᠯ ᠴᠢᠲᠠᠪᠤᠷᠢ ᠶᠢ ᠰᠠᠶᠢᠵᠢᠷᠠᠭᠤᠯᠬᠤ ᠪᠤᠯᠬᠤᠷ | ᠦᠲᠡᠯᠭᠦ ᠶᠢ ᠤᠲᠠᠭᠠᠰᠢᠷᠠᠭᠤᠯᠲᠠᠬ ᠃ | 3. ᠲᠠᠯᠠᠢ ᠶᠢᠨ ᠵᠢᠭᠠᠰᠦ ᠪᠠ ᠶᠠᠰᠤᠲᠦ ᠮᠡᠯᠡᠬᠡᠢ ᠳᠤ ᠫᠧᠨᠢᠰᠢᠯᠢᠨ ᠤ ᠬᠤᠶᠠᠷᠴᠢ ᠬᠦᠴᠢᠯ ᠠᠭᠤᠯᠤᠬᠳᠠᠵᠦ ᠪᠠᠶᠢᠭ᠎ᠠ ᠪᠤᠯᠬᠤᠷ ᠰᠤᠲᠠᠯ ᠬᠠᠲᠠᠭᠤᠷᠠᠬᠤ ᠠᠴᠠ | ᠰᠡᠷᠭᠡᠶᠢᠯᠡᠵᠦ ᠴᠢᠲᠠᠨ᠎ᠠ ᠃ | 4. ᠬᠠᠷ᠎ᠠ ᠲᠠᠯᠲᠠᠤ ᠳᠤ ᠴᠢᠰᠦ ᠡᠭᠡᠳᠡᠬᠦ ᠠᠴᠠ ᠰᠡᠷᠭᠡᠶᠢᠯᠡᠬᠦ ᠨᠢᠬᠡ ᠵᠦᠢᠯ ᠤᠨ ᠪᠤᠲᠠᠰ ᠪᠠᠶᠢᠳᠠᠬ ᠃ ᠬᠠᠷ᠎ᠠ ᠲᠠᠯᠲᠠᠤ ᠶᠢ ᠦᠷᠬᠦᠯᠵᠢ ᠢᠳᠡᠪᠡᠯ ᠵᠢᠷᠦᠬᠡ ᠪᠠ | ᠰᠤᠲᠠᠯ ᠤᠨ ᠡᠪᠡᠳᠴᠢᠨ ᠤᠯᠬᠤ ᠠᠴᠠ ᠰᠡᠷᠭᠡᠶᠢᠯᠡᠵᠦ ᠦᠲᠡᠯᠬᠦ ᠶᠢ ᠤᠲᠠᠭᠠᠰᠢᠷᠠᠭᠤᠯᠲᠠᠬ ᠃ | 5. ᠴᠠᠭᠠᠨ ᠯᠤᠤᠪᠠᠩ ᠂ ᠰᠢᠷ᠎ᠠ ᠯᠤᠤᠪᠠᠩ ᠡᠰ ᠤᠨ ᠢᠲᠡᠪᠬᠢᠵᠢᠯ ᠢ ᠰᠠᠶᠢᠵᠢᠷᠠᠭᠤᠯᠵᠦ ᠦᠮᠡᠨ ᠤ ᠡᠰ ᠢ ᠤᠰᠠᠳᠬᠠᠬᠤ ᠴᠢᠲᠠᠪᠤᠷᠢ ᠶᠢ ᠡᠷᠴᠢᠮᠵᠢᠭᠦᠯᠲᠡᠭ ᠃ | ᠡᠶᠢᠮᠦ ᠠᠴᠠ ᠪᠠᠶ᠎ᠡ ᠶᠢᠨ ᠡᠪᠡᠳᠴᠢᠨ ᠢ ᠦᠯᠥ ᠬᠠᠯᠳᠠᠭᠠᠬᠤ ᠂ ᠦᠲᠡᠯᠭᠦ ᠶᠢ ᠤᠲᠠᠭᠠᠰᠢᠷᠠᠭᠤᠯᠬᠤ ᠴᠢᠲᠠᠪᠤᠷᠢ ᠶᠢ ᠨᠡᠮᠡᠭᠳᠡᠭᠦᠯᠲᠡᠭ ᠃ | 6. ᠦᠨᠳᠡᠭᠡᠨ ᠮᠦᠬᠦ ᠂ ᠪᠤᠷᠤ ᠮᠦᠬᠦ ᠵᠡᠷᠭᠡ ᠳᠤ ᠪᠤᠭᠤᠲᠠᠢ ᠶᠢᠨ ᠠᠯᠺᠤᠤᠯ ᠮᠡᠲᠦ ᠶᠢᠨ ᠤᠷᠭᠤᠮᠠᠯ ᠤᠨ ᠴᠢᠨᠠᠷᠲᠠᠢ ᠲᠤᠬᠲᠠᠮᠠᠯ ᠠᠯᠺᠤᠤᠯ ᠠᠭᠤᠯᠤᠬᠳᠠᠵᠦ ᠪᠠᠶᠢᠬᠤ | ᠪᠤᠯᠬᠤᠷ ᠦᠮᠡᠨ ᠢ ᠲᠠᠷᠤᠬᠤ ᠰᠠᠶᠢᠨ ᠦᠢᠯᠡᠳᠦᠯ ᠲᠠᠢ ᠪᠠᠶᠢᠳᠠᠬ ᠃ | B ᠪᠦᠯᠦᠭ ᠢᠲᠡᠭᠡᠨ ᠄ ᠲᠤᠤᠷᠠᠬᠢ ᠢᠲᠡᠬᠡᠨ ᠳᠤ ᠦᠲᠡᠯᠬᠦ ᠶᠢ ᠤᠳᠠᠭᠠᠰᠢᠷᠠᠭᠤᠯᠬᠤ ᠪᠦᠬᠡᠮ ᠬᠦᠴᠢᠯ ᠪᠠᠶᠢᠳᠠᠬ ᠃ | ᠡᠬᠦᠨ ᠳᠤ ᠄ | 1. ᠤᠯᠠᠨ ᠵᠦᠢᠯ ᠤᠨ ᠬᠠᠲᠠᠭᠤ ᠵᠢᠮᠢᠰ ᠂ ᠢᠯᠠᠩᠭᠤᠶ᠎ᠠ ᠬᠦᠢᠯᠡᠰᠦᠨ ᠤ ᠴᠦᠮ᠎ᠠ ᠂ ᠰᠢᠳ ᠤᠨ ᠴᠦᠮ᠎ᠠ ᠪᠤᠯᠤᠨ ᠭᠠᠵᠠᠷ ᠤᠨ ᠰᠠᠮᠤᠷ ᠪᠤᠯᠤᠨ᠎ᠠ ᠃ ᠢᠳᠡᠬᠦ ᠳᠡᠭᠡᠨ | ᠲᠠᠪᠤᠰᠦ ᠬᠢᠬᠦ ᠪᠤᠶᠤ ᠬᠡᠮᠬᠡᠯᠡᠵᠦ ᠪᠤᠯᠬᠤ ᠦᠬᠡᠢ ᠃ | 2. ᠪᠤᠭᠤᠲᠠᠢ ᠶᠢᠨ ᠨᠠᠬᠢᠶ᠎ᠠ ᠃ ᠦᠷᠯᠦᠬᠡᠨ ᠤ ᠬᠤᠭᠤᠯᠠ ᠢᠳᠡᠬᠦ ᠦᠶ᠎ᠡ ᠳᠤ ᠵᠢᠮᠢᠰ ᠤᠨ ᠰᠢᠬᠦᠰᠦ ᠪᠠ ᠲᠤᠰᠤ ᠦᠬᠡᠶᠢᠵᠢᠭᠦᠯᠦᠭᠰᠡᠨ ᠰᠦ ᠲᠠᠢ ᠢᠲᠡᠨ᠎ᠡ ᠃ | 3. ᠪᠤᠭᠤᠲᠠᠢ ᠶᠢᠨ ᠬᠡᠪᠡᠭ ᠃ ᠪᠤᠭᠤᠲᠠᠢ ᠶᠢᠨ ᠨᠠᠬᠢᠶ᠎ᠠ ᠶᠢ ᠤᠷᠤᠯᠠᠭᠤᠯᠬᠤ ᠪᠤᠶᠤ ᠨᠦᠬᠦᠪᠤᠷᠢᠯᠠᠵᠦ ᠪᠤᠯᠤᠨ᠎ᠠ ᠃ ᠬᠡᠪᠡᠴᠦ ᠬᠤᠰᠬᠢᠨᠠᠬ ᠦᠷᠪᠢᠰᠬᠦ ᠠᠴᠠ | ᠰᠡᠷᠬᠡᠶᠢᠯᠡᠬᠦ ᠶᠢᠨ ᠲᠤᠯᠠ ᠪᠠᠭ᠎ᠠ ᠢᠳᠡᠪᠡᠯ ᠵᠤᠬᠢᠨ᠎ᠠ ᠃ | 4. ᠨᠢᠴᠠᠯᠤᠬᠰᠠᠨ ᠠᠷᠪᠠᠢ ᠃ ᠡᠰ ᠢ ᠨᠡᠮᠡᠭᠳᠡᠬᠦᠯᠬᠦ ᠳᠤ ᠮᠠᠰᠢ ᠲᠤᠰᠠᠲᠠᠢ ᠃ | 5. ᠲᠠᠬᠢᠶᠠᠨ ᠤ ᠭᠤᠶ᠎ᠠ ᠃ ᠲᠠᠬᠢᠶᠠᠨ ᠤ ᠰᠢᠮ᠎ᠡ ᠲᠡᠵᠢᠬᠡᠯ ᠨᠢ ᠭᠤᠶ᠎ᠠ ᠪᠠ ᠬᠠᠷ᠎ᠠ ᠮᠢᠬᠠᠨ ᠳᠤ ᠨᠢ ᠪᠠᠶᠢᠨ᠎ᠠ ᠃ | 6. ᠦᠷᠭᠡᠰᠦᠲᠦ ᠨᠤᠭᠤᠭ᠎ᠠ ︵ ᠪᠦᠸᠧᠼᠠᠢ ︶ ᠃ ᠲᠡᠬᠦᠨ ᠳᠤ ᠡᠪᠡᠰᠦᠨ ᠤ ᠬᠦᠴᠢᠯ ᠠᠭᠤᠯᠤᠬᠳᠠᠪᠠᠴᠦ ᠶᠡᠭᠡ ᠬᠡᠮᠵᠢᠶᠡᠨ ᠤ ᠪᠦᠬᠡᠮ ᠬᠦᠴᠢᠯ ᠢ ᠬᠠᠩᠭᠠᠵᠦ | ᠦᠭᠲᠡᠭ ᠶᠤᠮ ᠃ | 7. ᠪᠤᠷᠴᠠᠬ ᠤᠨ ᠵᠦᠢᠯ ᠃ ᠲᠡᠭᠦᠨ ᠳᠤ ᠤᠭᠤᠷᠠᠬ ᠡᠯᠪᠡᠭ ᠃ ᠮᠢᠠᠬᠨ ᠤ ᠵᠦᠢᠯ ᠪᠤᠯᠤᠨ ᠪᠤᠯᠪᠠᠰᠤᠷᠠᠭᠤᠯᠤᠬᠰᠠᠨ ᠴᠠᠭᠠᠨ ᠢᠳᠡᠭᠡ ᠶᠢ ᠤᠷᠤᠯᠠᠵᠦ ᠪᠤᠯᠤᠨ᠎ᠠ ᠃ | 8. ᠪᠤᠷᠤ ᠪᠤᠷᠴᠠᠬ ︵ ᠸᠠᠨᠳᠧᠤ ︶ ᠃ ᠮᠦᠨ ᠮᠢᠬᠠᠨ ᠤ ᠤᠭᠤᠷᠠᠬ ᠢ ᠤᠷᠤᠯᠠᠬᠴᠢ ᠢᠲᠡᠭᠡᠨ ᠮᠦᠨ ᠃ | 9. ᠼᠠᠨᠳᠧᠤ ᠃ ᠪᠤᠷᠤ ᠪᠤᠷᠴᠠᠭ ᠲᠠᠢ ᠠᠳᠠᠯᠢ ᠰᠢᠮ᠎ᠠ ᠲᠡᠵᠢᠬᠡᠯ ᠪᠠᠶᠢᠬᠤ ᠠᠴᠠ ᠭᠠᠲᠠᠨ᠎ᠠ ᠤᠯᠠᠨ ᠵᠦᠢᠯ ᠤᠨ ᠰᠢᠬᠢᠷ ᠤᠨ ᠪᠦᠷᠢᠯᠳᠦᠬᠦᠨ ᠠᠭᠤᠯᠤᠬᠳᠠᠵᠦ | ᠬᠦᠮᠦᠨ ᠤ ᠪᠡᠶ᠎ᠡ ᠶᠢ ᠨᠡᠩ ᠶᠡᠭᠡ ᠢᠲᠡᠪᠬᠢᠵᠢᠭᠦᠯᠲᠡᠭ ᠃ ᠬᠦᠮᠦᠨ ᠲᠦᠷᠦᠯᠬᠢᠲᠡᠨ ᠤ ᠠᠮᠢ ᠨᠠᠰᠤ ᠶᠢ ᠤᠷᠲᠤᠳᠬᠠᠬᠤ ᠠᠨᠢᠰᠤ ᠶᠢ ᠡᠷᠢᠵᠦ ᠤᠯᠬᠤ ᠶᠢᠨ ᠲᠦᠯᠦᠬᠡ | ᠰᠢᠨᠵᠢᠯᠡᠬᠦ ᠤᠬᠠᠭᠠᠨᠲᠠᠳ ᠶᠡᠬᠡᠬᠡᠨ ᠰᠤᠲᠤᠯᠭ᠎ᠠ ᠬᠢᠵᠦ ᠤᠯᠠᠨ ᠵᠦᠢᠯ ᠤᠨ ᠤᠨᠤᠯ ᠢ ᠲᠤᠷᠠᠳᠴᠦ ᠭᠠᠷᠭᠠᠭᠰᠠᠨ ᠪᠦᠬᠡᠳ ᠬᠦᠮᠦᠨ ᠤ ᠪᠡᠶ᠎ᠡ ᠳᠠᠬᠢ ᠪᠦᠬᠡᠮ ᠬᠦᠴᠢᠯ ᠪᠤᠯ | ᠪᠠᠶ᠎ᠡ ᠳᠠᠬᠢ ᠡᠰ ᠪᠠ ᠨᠡᠬᠡᠳᠡᠰᠦ ᠶᠢ ᠴᠢᠩᠭᠠᠷᠠᠭᠤᠯᠬᠤ ᠴᠢᠬᠤᠯᠠ ᠬᠦᠴᠦᠨ ᠵᠦᠢᠯ ᠮᠦᠨ ᠬᠡᠵᠦ ᠵᠠᠷᠢᠮᠠᠳ ᠨᠢ ᠦᠵᠡᠵᠦ ᠪᠠᠶᠢᠨ᠎ᠠ ᠃ ᠬᠦᠮᠦᠰ ᠬᠠᠩᠭᠠᠮᠵᠢᠲᠠᠢ ᠪᠦᠬᠡᠮ | ᠬᠦᠴᠢᠯ ᠢ ᠲᠠᠰᠤᠷᠠᠯᠲᠠ ᠦᠬᠡᠢ ᠬᠦᠷᠲᠡᠭᠰᠡᠨ ᠤ ᠲᠠᠷᠠᠭ᠎ᠠ ᠡᠳᠡᠭᠡᠷ ᠪᠦᠬᠡᠮ ᠬᠦᠴᠢᠯ ᠨᠢ ᠦᠷᠴᠢᠯᠡᠭᠡ ᠤᠷᠤᠬᠤ ᠶᠢ ᠬᠤᠶᠢᠰᠢᠯᠠᠭᠤᠯᠵᠦ ᠪᠠᠶ᠎ᠠ ᠶᠢᠨ ᠨᠠᠬᠡᠳᠡᠰᠦ | ᠰᠤᠯᠠᠷᠠᠬᠤ ᠂ ᠪᠠᠶ᠎ᠠ ᠮᠠᠬᠠᠪᠤᠳ ᠤᠨ ᠰᠢᠨ᠎ᠡ ᠬᠠᠭᠤᠴᠢᠨ ᠤ ᠰᠤᠯᠢᠭᠳᠠᠯ ᠢ ᠬᠤᠷᠢᠭᠯᠠᠵᠤ ᠴᠢᠲᠠᠨ᠎ᠠ ᠃ | | |