| | ᠮᠠᠨ ᠤ ᠤᠷᠤᠨ ᠤ ᠪᠤᠷᠤᠭ᠎ᠠ ᠤᠷᠤᠬᠤ ᠭᠤᠤᠯ ᠤᠯᠠᠷᠢᠯ ᠪᠤᠯ 7 — 9 ᠰᠠᠷ᠎ᠠ ᠪᠤᠯᠤᠨ᠎ᠠ ᠃ ᠵᠢᠯ ᠪᠦᠷᠢ ᠶᠢᠨ ᠨᠠᠮᠤᠷ ᠤᠨ ᠴᠢᠬᠢᠭ ᠬᠠᠮᠤᠭ ᠠᠴᠠ ᠰᠠᠶᠢᠨ | ᠪᠦᠭᠡᠳ ᠳᠤᠯᠠᠭᠠᠨ ᠤ ᠬᠡᠮᠵᠢᠶ᠎ᠡ ᠠᠭᠠᠵᠢᠮ ᠠᠭᠠᠵᠢᠮ ᠢᠶᠠᠷ ᠤᠷᠤᠭᠰᠢᠯᠠᠵᠤ ᠂ ᠬᠦᠷᠦᠰᠦ ᠰᠢᠷᠤᠢ ᠪᠠ ᠴᠢᠬᠢ ᠮᠤᠳᠤᠨ ᠤ ᠠᠭᠤᠷᠰᠢᠯᠲᠠ ᠶᠢᠨ ᠬᠡᠮᠵᠢᠶ᠎ᠡ ᠨᠡᠯᠢᠶᠡᠳ ᠪᠠᠭ᠎ᠠ | ᠪᠤᠯᠬᠤ ᠲᠤᠯᠠ ᠂ ᠮᠤᠳᠤ ᠲᠠᠷᠢᠬᠤ ᠳᠤ ᠲᠤᠬᠢᠷᠠᠮᠵᠢᠲᠠᠢ ᠴᠠᠭ ᠪᠤᠯᠤᠨ᠎ᠠ ᠃ ᠨᠠᠮᠤᠷ ᠤᠨ ᠤᠯᠠᠷᠢᠯ ᠤᠨ ᠮᠤᠳᠤ ᠲᠠᠷᠢᠬᠤ ᠴᠠᠭ ᠪᠤᠯ ᠨᠡᠯᠢᠶᠡᠳ ᠤᠷᠳᠤ ᠪᠠᠶᠢᠳᠠᠭ ᠂ 10 | ᠰᠠᠷ᠎ᠠ ᠶᠢᠨ ᠳᠤᠮᠳᠠᠴᠢ ᠠᠴᠠ 11 ᠰᠠᠷ᠎ᠠ ᠶᠢᠨ ᠳᠤᠮᠳᠠᠴᠢ ᠪᠤᠯᠳᠠᠯ᠎ᠠ ᠪᠦᠷ ᠮᠤᠳᠤ ᠲᠠᠷᠢᠵᠤ ᠪᠤᠯᠤᠨ᠎ᠠ ᠃ ᠬᠡᠪᠡᠴᠤ ᠮᠠᠨ ᠤ ᠤᠷᠤᠨ ᠤ ᠨᠤᠲᠤᠭ ᠳᠡᠪᠢᠰᠭᠡᠷ ᠦᠷᠭᠡᠨ | ᠠᠭᠤᠳᠠᠮ ᠠᠭᠤᠷ ᠠᠮᠢᠰᠬᠤᠯ ᠤᠨ ᠵᠦᠷᠢᠶ᠎ᠡ ᠨᠡᠯᠢᠶᠡᠳ ᠶᠡᠭᠡ ᠲᠤᠯᠠ ᠡᠯ᠎ᠡ ᠭᠠᠵᠠᠷ ᠤᠨ ᠮᠤᠳᠤ ᠲᠠᠷᠢᠬᠤ ᠴᠠᠭ ᠨᠢ ᠪᠠᠰᠠ ᠠᠳᠠᠯᠢ ᠦᠬᠡᠢ ᠪᠠᠶᠢᠳᠠᠭ ᠃ ᠬᠡᠲᠦᠷᠭᠡᠢ | ᠡᠷᠳᠡ ᠪᠤᠶᠤ ᠭᠡᠲᠦᠷᠬᠡᠢ ᠤᠷᠤᠢ ᠲᠠᠷᠢᠬᠤ ᠨᠢ ᠪᠦᠷ ᠮᠠᠭᠤ ᠶᠤᠮ ᠃ ᠮᠤᠳᠤᠨ ᠤ ᠲᠦᠷᠦᠯ ᠵᠦᠢᠯ ᠢ ᠰᠤᠩᠭᠤᠬᠤ ᠶᠠᠪᠤᠳᠠᠯ ᠲᠦᠢᠯ ᠤᠨ ᠴᠢᠬᠤᠯᠠ ᠶᠤᠮ ᠃ ᠭᠠᠭᠴᠠ | ᠬᠦ ᠲᠤᠬᠠᠢ ᠶᠢᠨ ᠭᠠᠵᠠᠷ ᠲᠠᠭᠠᠨ ᠳᠤᠬᠢᠷᠠᠬᠤ ᠮᠤᠳᠤ ᠶᠢ ᠰᠤᠩᠭᠤᠪᠠᠯ ᠰᠠᠶ᠋ᠢ ᠡᠳᠡᠭᠡᠷᠡᠯᠲᠡ ᠶᠢᠨ ᠨᠤᠷᠮ᠎ᠠ ᠨᠢ ᠦᠨᠳᠦᠷ ᠪᠤᠯᠵᠤ ᠴᠢᠳᠠᠨ᠎ᠠ ᠃ ᠤᠰᠤᠯᠤᠯᠳᠠ ᠶᠢᠨ | ᠨᠦᠬᠦᠴᠡᠯ ᠲᠠᠢ ᠴᠢᠬᠢᠭ ᠰᠠᠶᠢᠲᠠᠢ ᠭᠤᠤᠯ ᠰᠤᠪᠠᠭ ᠤᠨ ᠬᠦᠪᠡᠭᠡ ᠂ ᠭᠤᠤᠯ ᠵᠢᠯᠠᠭ᠎ᠠ ᠳᠤ ᠪᠤᠯ ᠤᠯᠢᠶᠠᠰᠤ ᠤᠳᠠ ᠂ ᠬᠠᠶᠢᠯᠠᠰᠤ ᠶᠢ ᠲᠠᠷᠢᠵᠤ ᠂ ᠠᠭᠤᠯᠠ ᠳᠤᠪᠤᠷᠬᠠᠭ | ᠭᠠᠵᠠᠷ ᠲᠤ ᠬᠠᠷ᠎ᠠ ᠨᠠᠷᠠᠰᠤ ᠵᠡᠷᠭᠡ ᠰᠢᠯᠮᠤᠤᠰᠤᠲᠤ ᠮᠤᠳᠤ ᠶᠢ ᠲᠠᠷᠢᠵᠤ ᠂ ᠪᠤᠰᠤᠳ ᠡᠯᠡᠰᠦᠷᠭᠡᠭ ᠤᠷᠤᠨ ᠠᠭᠤᠯᠠᠷᠬᠠᠭ ᠤᠷᠤᠨ ᠂ ᠬᠤᠵᠢᠷᠯᠢᠭ ᠭᠠᠵᠠᠷ ᠲᠤ ᠬᠠᠷᠭᠠᠨ᠎ᠠ ᠂ | ᠪᠤᠷᠭᠠᠰᠤ ᠂ ᠴᠢᠴᠠᠷᠭᠠᠨ᠎ᠠ ᠂ ᠬᠡᠬᠡᠷ᠎ᠡ ᠶᠢᠨ ᠬᠦᠢᠯᠡᠰᠦ ᠵᠡᠷᠭᠡ ᠪᠤᠳᠠᠯᠢᠭ ᠮᠤᠳᠤ ᠶᠢ ᠲᠠᠷᠢᠪᠠᠯ ᠵᠤᠬᠢᠨ᠎ᠠ ᠃ | ᠪᠤᠳᠠᠯᠢᠭ ᠮᠤᠳᠤ ᠪᠤᠯ ᠭᠠᠩ ᠬᠠᠭᠤᠷᠠᠢ ᠳᠤ ᠳᠠᠭᠠᠭᠠᠴᠢᠲᠠᠢ ᠂ ᠳᠠᠴᠢᠷ ᠨᠢᠮᠬᠡᠨ ᠪᠠ ᠬᠤᠵᠢᠷᠯᠢᠭ ᠭᠠᠵᠠᠷ ᠲᠤ ᠤᠷᠭᠤᠬᠤ ᠮᠦᠷᠲᠡᠬᠡᠨ ᠡᠳᠡᠭᠡᠷᠡᠬᠦ ᠳᠤ ᠬᠢᠯᠪᠠᠷ | ᠪᠠᠶᠢᠳᠠᠭ ᠃ ᠴᠢᠬᠢ ᠮᠤᠳᠤ ᠪᠠ ᠰᠠᠭᠤᠯᠭᠠᠬᠤ ᠮᠤᠳᠤᠨ ᠤ ᠴᠢᠬᠢᠭ ᠢ ᠬᠠᠮᠠᠭᠠᠯᠠᠬᠤ ᠶᠠᠪᠤᠳᠠᠯ ᠪᠤᠯ ᠲᠦᠢᠯ ᠤᠨ ᠴᠢᠬᠤᠯᠠ ᠪᠠᠶᠢᠳᠠᠭ ᠃ ᠡᠨᠡ ᠨᠢ ᠲᠠᠷᠢᠭᠰᠠᠨ ᠮᠤᠳᠤᠨ ᠤ | ᠡᠳᠡᠭᠡᠷᠡᠬᠦ ᠡᠰᠡᠬᠦ ᠳᠤ ᠬᠤᠯᠪᠤᠭᠳᠠᠨ᠎ᠠ ᠃ ᠡᠶᠢᠮᠦ ᠠᠴᠠ ᠪᠤᠯᠬᠤ ᠶᠢᠨ ᠬᠢᠷᠢ ᠳᠤ ᠴᠢᠬᠢ ᠮᠤᠳᠤ ᠪᠠᠨ ᠠᠪᠤᠮᠠᠭᠴᠠ ᠲᠠᠷᠢᠵᠤ ᠲᠠᠷᠢᠵᠤ ᠂ ᠴᠢᠬᠢ ᠮᠤᠳᠤ ᠪᠠᠨ ᠤᠷᠳᠤ | ᠬᠤᠭᠤᠴᠠᠭ᠎ᠠ ᠪᠠᠷ ᠰᠠᠯᠬᠢᠨ ᠳᠤ ᠦᠯᠢᠶᠡᠭᠲᠡᠵᠤ ᠂ ᠨᠠᠷᠠᠨ ᠳᠤ ᠰᠢᠷᠠᠭᠲᠠᠬᠤ ᠶᠢ ᠰᠡᠷᠬᠡᠶᠢᠯᠡᠪᠡᠯ ᠵᠤᠬᠢᠨ᠎ᠠ ᠃ ᠮᠤᠳᠤ ᠲᠠᠷᠢᠬᠤ ᠳᠠᠭᠠᠨ ᠪᠠᠰᠠ ᠨᠠᠮᠤᠷ ᠤᠨ ᠤᠯᠠᠷᠢᠯ ᠤᠨ | ᠤᠨᠴᠠᠯᠢᠭ ᠢ ᠪᠤᠳᠤᠯᠬᠢᠯᠠᠬᠤ ᠬᠡᠷᠡᠭᠲᠠᠢ ᠃ ᠨᠠᠮᠤᠷ ᠪᠤᠯ ᠬᠤᠲᠠ ᠂ ᠬᠦᠷᠢᠶ᠎ᠡ ᠬᠠᠰᠢᠶ᠎ᠠ ᠶᠢ ᠨᠤᠭᠤᠭᠠᠷᠠᠭᠤᠯᠬᠤ ᠠᠴᠠ ᠭᠠᠳᠠᠨ᠎ᠠ ᠂ ᠡᠩ ᠤᠨ ᠪᠠᠶᠢᠳᠠᠯ ᠳᠤᠤᠷ᠎ᠠ ᠦᠨᠳᠦᠷ | ᠡᠰᠢᠲᠤ ᠮᠤᠳᠤ ᠶᠢ ᠰᠠᠭᠤᠯᠭᠠᠬᠤ ᠳᠤ ᠪᠠᠰᠠ ᠳᠤᠬᠢᠷᠠᠬᠤ ᠦᠬᠡᠢ ᠪᠠᠶᠢᠳᠠᠭ ᠂ ᠤᠴᠢᠷ ᠨᠢ ᠡᠪᠦᠯ ᠬᠠᠪᠤᠷ ᠤᠨ ᠤᠯᠠᠷᠢᠯ ᠤᠷᠳᠤ ᠂ ᠰᠠᠯᠬᠢ ᠡᠯᠡᠰᠦ ᠶᠡᠭᠡ ᠂ ᠴᠢᠬᠢ ᠮᠤᠳᠤ | ᠬᠢᠯᠪᠠᠷᠬᠠᠨ ᠬᠠᠲᠠᠵᠤ ᠂ ᠮᠠᠯ ᠤᠨᠤᠭ᠎ᠠ ᠳᠤ ᠬᠡᠮᠡᠯᠢᠭᠳᠡᠭᠡᠳ ᠡᠳᠡᠭᠡᠷᠡᠯᠲᠡ ᠶᠢᠨ ᠨᠤᠷᠮ᠎ᠠ ᠨᠢ ᠳᠤᠷᠤᠭᠰᠢᠯᠠᠳᠠᠭ ᠶᠤᠮ ᠃ ᠡᠶᠢᠮᠦ ᠠᠴᠠ ᠬᠠᠳᠬᠤᠨ ᠰᠠᠭᠤᠯᠭᠠᠬᠤ ᠂ | ᠡᠰᠢ ᠶᠢ ᠨᠢ ᠪᠤᠯᠠᠬᠤ ᠪᠠ ᠨᠢᠯᠬ᠎ᠠ ᠮᠤᠳᠤ ᠶᠢ ᠰᠠᠭᠤᠯᠭᠠᠪᠠᠯ ᠵᠤᠬᠢᠨ᠎ᠠ ᠂ ᠪᠤᠯᠠᠵᠤ ᠲᠠᠷᠢᠬᠤ ᠪᠠ ᠵᠠᠶᠢᠳᠠᠰᠤ ᠬᠠᠳᠬᠤᠨ ᠲᠠᠷᠢᠬᠤ ᠮᠤᠳᠤᠨ ᠤ ᠦᠵᠦᠬᠦᠷ ᠢ ᠨᠢ | ᠭᠠᠵᠠᠷ ᠤᠨ ᠭᠠᠳᠠᠷᠭᠤ ᠲᠠᠢ ᠳᠡᠭᠰᠢ ᠪᠠᠶᠢᠯᠭᠠᠵᠤ ᠨᠦᠬᠡ ᠮᠠᠯᠲᠠᠵᠤ ᠲᠠᠷᠢᠭᠰᠠᠨ ᠪᠤᠯ ᠨᠦᠬᠡᠨ ᠤ ᠢᠷᠮᠡᠭ ᠠᠴᠠ 10 — 20 ᠮᠢᠯᠯᠢᠮᠧᠳ᠋ᠷ ᠲᠤᠤᠷ᠎ᠠ ᠪᠠᠶᠢᠯᠭᠠᠪᠠᠯ | ᠰᠠᠶᠢᠨ ᠶᠤᠮ ᠃ ᠨᠠᠮᠤᠷ ᠤᠨ ᠤᠯᠠᠷᠢᠯ ᠳᠤ ᠬᠡᠬᠡᠷ᠎ᠡ ᠶᠢᠨ ᠬᠦᠢᠯᠡᠰᠦ ᠂ ᠬᠡᠬᠡᠷ᠎ᠡ ᠶᠢᠨ ᠢᠩᠲᠤᠤᠷ ᠂ ᠱᠠᠩᠳᠦ᠋ᠩ ᠮᠤᠳᠤ ᠵᠡᠷᠭᠡ ᠪᠦᠳᠦᠬᠦᠨ ᠦᠷ᠎ᠡ ᠲᠠᠢ ᠮᠤᠳᠤ ᠶᠢ | ᠰᠢᠭᠤᠳ ᠲᠠᠷᠢᠬᠤ ᠳᠤ ᠰᠠᠶᠢᠨ ᠪᠠᠶᠢᠳᠠᠭ ᠃ | ︽ ᠮᠠᠯ ᠲᠠᠷᠢᠶᠠᠯᠠᠩ ᠤᠨ ᠬᠡᠷᠡᠭᠯᠡᠬᠡᠨ ᠤ ᠰᠢᠨ᠎ᠡ ᠮᠡᠷᠭᠡᠵᠢᠯ ︾ ᠬᠡᠬᠦ ᠨᠤᠮ ᠠᠴᠠ ᠪᠠᠭᠤᠯᠭᠠᠪᠠ | | |