ᠬᠡᠦᠬᠡᠳ ᠤᠨ ᠤᠭᠤᠷᠠᠭ ᠰᠢᠳᠦ ᠬᠤᠷᠣᠬᠠᠶᠢᠲᠤᠬᠤ ᠡᠪᠡᠳᠴᠢᠨ ᠢ ᠤᠮᠳᠤᠭᠠᠶᠢᠯᠠᠵᠤ ᠪᠣᠯᠬᠤ ᠦᠭᠡᠢ
ᠨᠡᠶᠢᠲᠡᠯᠡᠭᠰᠡᠨ ᠴᠠᠭ᠄
2022/10/20
          ᠤᠭᠤᠷᠠᠭ ᠰᠢᠳᠦ ᠶᠢᠨ ᠡᠷᠡᠭᠦᠯ ᠮᠡᠨᠳᠦ ᠨᠢ ᠪᠠᠶᠢᠡᠭᠭᠤ ᠶᠢᠨ ᠰᠢᠳᠦ ᠂ ᠠᠮᠠᠨ ᠬᠥᠨᠳᠡᠶ ᠂ ᠡᠷᠡᠦ ᠲᠦᠭᠦᠰᠢ ᠶᠢᠨ ᠬᠡᠰᠡᠭ ᠴᠢᠨᠠᠭᠰᠢᠯᠠᠪᠠᠯ ᠪᠦᠬᠦ ᠪᠡᠶ᠎ᠡ ᠶᠢᠨ ᠬᠡᠪ ᠤᠨ ᠪᠤᠶᠢᠵᠢᠯᠲᠠ ᠂ ᠠᠪᠢᠶᠠᠯᠠᠬᠤ ᠡᠷᠭᠡᠳᠡᠨ ᠵᠡᠷᠭᠡ ᠳᠤ ᠪᠦᠷ ᠮᠠᠰᠢ ᠴᠢᠬᠤᠯᠠ ᠨᠦᠯᠦᠭᠡ ᠲᠠᠢ ᠪᠠᠶᠢᠳᠠᠭ ᠃ ᠰᠢᠳᠦ ᠬᠤᠷᠣᠬᠠᠶᠢᠲᠤᠬᠤ ᠶᠢ ᠰᠡᠷᠭᠡᠶᠢᠯᠡᠬᠦ ᠳᠤ ᠡᠩ ᠲᠡᠷᠢᠭᠦᠨ ᠳᠤ ᠨᠢᠯᠬ᠎ᠠ ᠬᠡᠦᠬᠡᠳ ᠤᠨ ᠠᠮᠠᠨ ᠬᠥᠨᠳᠡᠶ ᠶᠢᠨ ᠠᠷᠢᠭᠤᠨ ᠴᠡᠪᠡᠷ ᠤᠨ ᠳᠠᠳᠬᠠᠯ ᠠᠴᠠ ᠭᠠᠷᠳᠠᠬᠤ ᠬᠡᠷᠡᠭᠲᠡᠶ ᠃ ᠨᠢᠯᠬ᠎ᠠ ᠬᠡᠦᠬᠡᠳ ᠤᠨ ᠤᠭᠤᠷᠠᠭ ᠰᠢᠳᠦ ᠭᠠᠷᠬᠤ ᠠᠴᠠ ᠡᠮᠦᠨ᠎ᠡ ᠂ ᠭᠡᠷ ᠤᠨ ᠠᠬᠠᠮᠠᠳ ᠨᠢ ᠡᠳᠦᠷ ᠪᠦᠷᠢ ᠬᠡᠦᠬᠡᠳ ᠤᠨ ᠢᠶᠠᠨ ᠠᠮᠠᠨ ᠬᠥᠨᠳᠡᠢ ᠶᠢ ᠴᠡᠪᠡᠷᠯᠡᠵᠦ ᠥᠭᠬᠦ ᠬᠡᠷᠡᠭᠲᠡᠢ ᠃ ᠠᠩᠬᠠᠨ ᠤ ᠤᠭᠤᠷᠠᠭ ᠰᠢᠳᠦ ᠨᠢ ᠴᠤᠬᠤᠶᠢᠵᠤ ᠭᠠᠷᠤᠭᠰᠠᠨ ᠤ ᠳᠠᠷᠠᠭ᠎ᠠ ᠂ ᠬᠡᠷ ᠤᠨ ᠠᠬᠠᠮᠠᠳ ᠨᠢ ᠪᠠᠺᠲ᠋ᠧᠷᠢ ᠥᠬᠡᠶ ᠱᠠ ᠪᠥᠰ ᠢ ᠹᠢᠽᠢᠣᠯᠣᠭᠢ ᠶᠢᠨ ᠳᠠᠪᠤᠰᠤ ᠲᠠᠢ ᠤᠰᠤ ᠪᠤᠶᠤ ᠪᠤᠴᠠᠯᠤᠭᠰᠠᠨ ᠤᠰᠤᠨ ᠳᠤ ᠳᠦᠷᠦᠵᠦ ᠰᠢᠳᠦ ᠶᠢ ᠵᠦᠯᠬᠦᠵᠦ ᠦᠭᠭᠦ ᠂ ᠡᠰᠡᠬᠦᠯ᠎ᠡ ᠬᠤᠷᠤᠭᠤᠨ ᠳᠤ ᠤᠬᠯᠠᠬᠰᠠᠨ ᠲᠤᠰᠬᠠᠶ ᠰᠢᠳᠦᠨ ᠱᠦ᠋ᠧᠠᠰᠠ ᠪᠠᠷ ︽ ᠲᠤᠭᠤᠷᠢᠭᠤᠯᠤᠨ ᠱᠦ᠋ᠧᠠᠰᠳᠠᠬᠤ ︾ ᠠᠷᠭ᠎ᠠ ᠪᠠᠷ ᠨᠢᠯᠬ᠎ᠠ ᠬᠡᠦᠬᠡᠳ ᠤᠨ ᠢᠶᠠᠨ ᠰᠢᠳᠦ ᠶᠢ ᠱᠦ᠋ᠧᠠᠰᠳᠠᠵᠤ ᠦᠭᠭᠦ ᠶᠢᠨ ᠬᠠᠮᠳᠤ ᠪᠤᠶᠢᠯᠠ ᠶᠢ ᠨᠢ ᠨᠤᠬᠤᠯᠠᠵᠤ ᠥᠭᠴᠦ ᠪᠤᠯᠤᠨ᠎ᠠ ᠃ ᠣᠯᠠᠨ ᠤᠭᠤᠷᠠᠭ ᠰᠢᠳᠦ ᠭᠠᠷᠤᠭᠰᠠᠨ ᠤ ᠳᠠᠷᠠᠭ᠎ᠠ ᠂ ᠬᠡᠦᠬᠡᠳ ᠤᠨ ᠰᠢᠳᠦᠨ ᠱᠦ᠋ᠧᠠᠰᠠ ᠶᠢ ᠰᠣᠯᠢᠵᠤ ᠠᠳᠠᠯᠢᠬᠠᠨ ᠠᠷᠭ᠎ᠠ ᠪᠠᠷ ᠬᠡᠦᠬᠡᠳ ᠤᠨ ᠢᠶᠠᠨ ᠠᠮᠠᠨ ᠬᠥᠨᠳᠡᠶ ᠶᠢ ᠴᠡᠪᠡᠷᠯᠡᠵᠦ ᠦᠭᠭᠦ ᠬᠡᠷᠡᠭᠲᠡᠶ ᠬᠡᠪᠡ ᠃ ᠬᠡᠦᠬᠡᠳ ᠤᠨ ᠠᠷᠠᠭ᠎ᠠ ᠰᠢᠳᠦ ᠰᠣᠶᠣᠭᠠᠯᠠᠨ ᠭᠠᠷᠬᠤ ᠦᠶ᠎ᠡ ᠳᠤ ᠂ ᠠᠷᠠᠭ᠎ᠠ ᠰᠢᠳᠦ ᠨᠢ ᠬᠤᠲᠣᠭᠤᠷ ᠭᠦᠳᠦᠭᠦᠷ ᠵᠠᠶ ᠵᠠᠪᠰᠠᠷ ᠲᠠᠢ ᠮᠦᠷᠳᠡᠭᠡᠨ ᠲᠡᠭᠰᠢ ᠦᠭᠡᠢ ᠪᠠᠶᠢᠳᠠᠭ ᠂ ᠡᠲᠡᠭᠡᠷ ᠬᠤᠲᠣᠭᠤᠷ ᠭᠦᠳᠦᠭᠦᠷ ᠵᠠᠶ ᠵᠠᠪᠰᠠᠷ ᠤᠨ ᠬᠢᠨᠢ ᠬᠤᠭᠤᠷᠤᠨᠳᠤ ᠪᠠᠺᠲ᠋ᠧᠷᠢ ᠮᠠᠰᠢ ᠠᠮᠠᠷᠬᠠᠨ ᠬᠤᠷᠠᠮᠳᠤᠨ ᠴᠤᠬᠯᠠᠷᠠᠵᠤ ᠪᠠᠶᠢᠳᠠᠭ ᠃ ᠰᠢᠳᠦᠨ ᠵᠠᠶ ᠵᠠᠪᠰᠠᠷ ᠢ ᠨᠢ ᠪᠦᠭᠯᠡᠪᠡᠯ ᠭᠡᠦᠭᠡᠳ ᠤᠨ ᠰᠢᠳᠤ ᠬᠤᠷᠣᠬᠠᠶᠢᠲᠤᠬᠤ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ ᠃ 3 - 5 ᠨᠠᠰᠤᠨ ᠤ ᠦᠶ᠎ᠡ ᠪᠣᠯ ᠬᠡᠦᠬᠡᠳ ᠤᠨ ᠡᠯ᠎ᠡ ᠵᠦᠢᠯ ᠤᠨ ᠰᠢᠳᠦ ᠬᠤᠷᠣᠬᠠᠶᠢᠲᠤᠬᠤ ᠡᠪᠡᠳᠴᠢᠨ ᠣᠯᠠᠨ ᠡᠭᠦᠰᠬᠦ ᠬᠤᠭᠤᠴᠠᠭ᠎ᠠ ᠪᠣᠯᠤᠨ᠎ᠠ ᠂ ᠬᠡᠦᠬᠡᠳ ᠤᠨ ᠰᠢᠳᠤᠨ ᠤ ᠵᠠᠢ ᠵᠠᠪᠰᠠᠷ ᠬᠤᠷᠣᠬᠠᠶᠢᠲᠤᠬᠤ ᠠᠴᠠ ᠭᠠᠳᠠᠨ᠎ᠠ ᠂ ᠡᠨᠡᠬᠦ ᠬᠤᠭᠤᠴᠠᠭᠠᠨ ᠳᠤ ᠬᠡᠦᠬᠡᠳ ᠤᠨ ᠰᠢᠳᠦᠨ ᠳᠤ ᠬᠤᠪᠢᠷᠠᠯᠳᠠ ᠭᠠᠷᠴᠤ ᠂ ᠰᠢᠳᠦ ᠳᠤᠨᠢ ᠵᠠᠪᠰᠠᠷ ᠭᠠᠷᠳᠠᠭ ᠂ ᠡᠶᠢᠮᠦ ᠠᠴᠠ ᠢᠳᠡᠭᠡᠨ ᠬᠡᠦᠬᠡᠳ ᠤᠨ ᠰᠢᠳᠦᠨ ᠤ ᠵᠠᠪᠰᠠᠷ ᠳᠤᠨᠢ ᠠᠮᠠᠷᠬᠠᠨ ᠤᠷᠤᠵᠤ ᠂ ᠰᠢᠳᠦ ᠶᠢ ᠨᠢ ᠬᠤᠷᠣᠬᠠᠶᠢᠲᠤᠭᠤᠯᠳᠠᠭ ᠃ ᠰᠢᠳᠦ ᠬᠤᠷᠣᠬᠠᠶᠢᠲᠤᠬᠤ ᠡᠪᠡᠳᠴᠢᠨ ᠢ ᠡᠷᠳᠡᠭᠡᠨ ᠡᠮᠨᠡᠨ ᠵᠠᠰᠠᠭᠤᠯᠪᠠᠯ ᠴᠠᠭ ᠨᠢ ᠣᠬᠤᠷ ᠂ ᠡᠪᠡᠷᠰᠢᠶᠡᠯ ᠨᠢ ᠪᠠᠭ᠎ᠠ ᠂ ᠵᠠᠰᠠᠯᠳᠠ ᠠᠪᠬᠤ ᠪᠠᠷ ᠰᠠᠶᠢᠨ ᠪᠠᠶᠢᠳᠠᠭ ᠃ ᠬᠡᠷᠪᠡ ᠴᠠᠭ ᠲᠤᠬᠠᠶ ᠳᠤᠨᠢ ᠡᠮᠨᠡᠨ ᠵᠠᠰᠠᠭᠤᠯᠬᠤ ᠦᠭᠡᠢ ᠪᠣᠯ ᠪᠠᠶᠢᠡᠭᠭᠤ ᠶᠢᠨ ᠰᠢᠳᠦᠨ ᠤ ᠪᠤᠶᠢᠵᠢᠯᠲᠠ ᠶᠢ ᠨᠥᠯᠥᠭᠡᠯᠡᠵᠦ ᠂ ᠡᠷᠡᠦ ᠶᠠᠰᠤ ᠪᠠ ᠰᠢᠳᠦᠨ ᠤ ᠵᠢᠭᠰᠠᠭᠠᠯᠳᠠ ᠶᠢ ᠨᠦᠯᠦᠭᠡᠯᠡᠬᠦ ᠠᠰᠠᠭᠤᠳᠠᠯ ᠭᠠᠷᠬᠤ ᠶᠢᠨ ᠤᠯᠠᠮ ᠢᠶᠠᠷ ᠬᠡᠦᠬᠡᠳ ᠤᠨ ᠪᠡᠶ᠎ᠡ ᠰᠡᠳᠬᠢᠯ ᠤᠨ ᠡᠷᠡᠭᠦᠯ ᠮᠡᠨᠳᠦ ᠶᠢ ᠨᠦᠯᠦᠭᠡᠯᠡᠬᠦ ᠪᠤᠯᠤᠨ᠎ᠠ ᠬᠡᠵᠦ ᠰᠠᠨᠠᠭᠤᠯᠣᠶ᠎ᠠ ᠃ 
ᠢᠷᠡᠯᠲᠡ᠄ ᠬᠤᠯᠪᠤᠭ᠎ᠠ ᠪᠦᠷᠬᠡ ᠰᠦᠯᠵᠢᠶ᠎ᠡ