| | ᠠᠯᠲᠠᠨ ᠨᠠᠮᠤᠷ ᠤᠨ ᠰᠢᠷᠭᠠᠯ ᠤᠯᠠᠷᠢᠯ ᠳᠤ ᠂ ᠱᠢ ᠡᠯ ᠯᠢᠶᠠᠨ ᠴᠧᠩ ᠰᠢᠶᠠᠩ ᠤᠨ 2400 ᠮᠦ ᠡᠯᠡᠰᠦᠷᠬᠡᠭ ᠭᠠᠵᠠᠷ ᠤᠨ ᠲᠥᠮᠥᠰᠥ ᠡᠯᠪᠡᠭ ᠬᠤᠷᠢᠶᠠᠯᠲᠠ | ᠣᠯᠵᠤ ᠂ ᠵᠠᠭᠤ ᠭᠠᠷᠤᠢ ᠬᠦᠮᠤᠰ ᠠᠳᠡ ᠢᠷᠡᠨ ︽ ᠠᠯᠲᠠᠨ ᠪᠤᠷᠴᠠᠭ ᠳᠡᠬᠦᠵᠤ ᠂ ᠡᠯᠪᠡᠭ ᠬᠤᠷᠢᠶᠠᠯᠲᠠ ᠤᠯᠬᠤ ᠪᠠᠷ ᠶᠠᠭᠠᠷᠠᠯᠳᠤᠨ ︾ ᠂ ᠬᠥᠷ ᠬᠥᠭᠵᠢᠶᠡᠨ ᠲᠠᠢ | ᠡᠯᠪᠡᠭ ᠬᠤᠷᠢᠶᠠᠯᠲᠠ ᠶᠢᠨ ᠪᠠᠶᠢᠳᠠᠯ ᠢᠯᠡᠷᠡᠨ᠎ᠠ ᠃ | ᠱᠢ ᠡᠯ ᠯᠢᠶᠠᠨ ᠴᠧᠩ ᠰᠢᠶᠠᠩ ᠤᠨ 2400 ᠮᠦ ᠲᠥᠮᠥᠰᠥ ᠶᠢᠨ ᠲᠠᠷᠢᠶᠠᠨ ᠳᠤ ᠂ ᠰᠤᠷᠪᠤᠯᠵᠢᠯᠠᠭᠴᠢ ᠬᠦᠮᠤᠰ ᠪᠦᠰᠡᠨ ᠳᠡᠭᠡᠨ ᠨᠢᠭᠡ ᠪᠦᠭᠡᠮ ᠨᠡᠬᠡᠮᠡᠯ ᠤᠨ | ᠤᠭᠤᠲᠠ ᠵᠡᠬᠦᠨ ᠂ ᠪᠣᠯᠪᠠᠰᠤᠷᠠᠩᠭᠤᠢ ᠪᠠᠷ ᠶᠡᠭᠡ ᠪᠠᠭ᠎ᠠ ᠶᠢ ᠨᠢ ᠢᠯᠭᠠᠵᠤ ᠂ ᠤᠭᠤᠲᠠᠨ ᠳᠤ ᠰᠠᠪᠠᠯᠠᠵᠤ ᠪᠠᠶᠢᠬᠤ ᠶᠢ ᠣᠯᠵᠤ ᠬᠠᠷᠠᠨ᠎ᠠ᠃ ᠨᠥᠭᠦᠭᠡ ᠲᠠᠯ᠎ᠠ ᠪᠠᠷ ᠂ | ᠵᠠᠯᠠᠭᠤᠴᠤᠳ ᠡᠮᠬᠢ ᠵᠠᠮᠪᠠᠷᠠᠭ᠎ᠠ ᠲᠠᠢ ᠪᠠᠷ ᠨᠢᠭᠡ ᠨᠢᠭᠡ ᠤᠭᠤᠲᠠ ᠬᠦᠨᠳᠦ ᠲᠥᠮᠥᠰᠥ ᠶᠢ ᠲᠠᠷᠢᠶᠠᠯᠠᠩ ᠤᠨ ᠮᠠᠰᠢᠨ ᠳᠤ ᠲᠡᠭᠡᠭᠡᠪᠦᠷᠢᠯᠡᠵᠦ ᠂ ᠣᠯᠠᠨ ᠢᠶᠠᠷ ᠢᠶᠠᠨ | ᠠᠵᠢᠯ ᠢᠶᠠᠨ ᠬᠤᠪᠢᠶᠠᠷᠢᠯᠠᠨ ᠬᠠᠮᠲᠤᠷᠠᠨ ᠠᠵᠢᠯᠯᠠᠵᠤ ᠂ ᠶᠠᠭᠠᠷᠠᠯᠳᠠᠢ ᠪᠥᠭᠡᠳ ᠡᠮᠬᠢ ᠳᠢᠭᠯᠢᠮ ᠲᠠᠢ ᠪᠠᠶᠢᠯ᠎ᠠ ᠃ | | | | | | | | ᠨᠢᠭᠡ ᠤᠳᠠᠭᠠᠨ ᠤ ᠭᠡᠨᠡᠳᠲᠡ ᠶᠢᠨ ᠲᠣᠬᠢᠶᠠᠯ ᠢᠶᠠᠷ ᠂ ᠯᠥᠸᠧ ᠭᠠᠩ ᠱᠢ ᠡᠯ ᠯᠢᠶᠠᠨ ᠴᠧᠩ ᠰᠢᠶᠠᠩ ᠤᠨ ᠨᠡᠯᠢᠶᠡᠳ ᠬᠡᠮᠵᠢᠶᠡᠨ ᠤ ᠡᠯᠡᠰᠦᠷᠭᠡᠭᠵᠢᠭᠰᠡᠨ ᠭᠠᠵᠠᠷ | ᠰᠢᠷᠣᠢ ᠶᠢ ᠳᠠᠭᠠᠭᠠᠴᠢᠯᠠᠨ ᠠᠪᠴᠤ ᠲᠥᠮᠥᠰᠥ ᠲᠤᠷᠰᠢᠨ ᠳᠠᠷᠢᠵᠠᠢ ᠂ ᠡᠯᠡᠰᠦᠷᠭᠡᠭᠵᠢᠭᠰᠡᠨ ᠭᠠᠵᠠᠷ ᠰᠢᠷᠣᠢ ᠶᠢᠨ ᠡᠳᠦᠷ ᠰᠥᠨᠢ ᠶᠢᠨ ᠳᠤᠯᠠᠭᠠᠨ ᠤ ᠵᠥᠷᠢᠶ᠎ᠡ ᠶᠡᠭᠡ ᠂ | ᠨᠡᠷᠡᠨ ᠤ ᠲᠤᠰᠤᠯᠲᠠ ᠶᠢᠨ ᠴᠠᠭ ᠨᠢ ᠣᠷᠳᠣ ᠪᠣᠯᠬᠤᠷ ᠂ ᠠᠳᠡ ᠤᠷᠭᠤᠵᠤ ᠪᠠᠶᠢᠭ᠎ᠠ ᠲᠥᠮᠥᠰᠥ ᠨᠢ ᠭᠦᠢᠴᠡᠳ ᠬᠡᠷᠡᠯ ᠤᠨ ᠨᠡᠶᠢᠯᠡᠯᠭᠡ ᠬᠢᠵᠦ ᠂ ᠨᠠᠩ ᠠᠷᠪᠢᠨ ᠰᠢᠮ᠎ᠡ | ᠲᠡᠵᠢᠭᠡᠯ ᠬᠤᠷᠠᠮᠳᠤᠭᠤᠯᠳᠠᠭ ᠪᠠᠶᠢᠨ᠎ᠠ ᠃ ᠭᠤᠷᠪᠠᠨ ᠵᠢᠯ ᠳᠠᠷᠠᠭᠠᠯᠠᠨ ᠲᠤᠷᠰᠢᠨ ᠲᠠᠷᠢᠬᠤ ᠪᠠᠷ ᠲᠠᠮᠵᠢᠨ᠂ ᠲᠥᠮᠥᠰᠥ ᠶᠢᠨ ᠭᠠᠷᠤᠯᠲᠠ ᠤᠳᠠᠭ᠎ᠠ ᠳᠠᠷᠠᠭᠠᠯᠠᠨ ᠰᠢᠨ᠎ᠡ | ᠲᠡᠮᠳᠡᠭᠯᠡᠯ ᠢ ᠡᠭᠦᠳᠴᠦ ᠂ ᠯᠥᠸᠧ ᠭᠠᠩ ᠤᠨ ᠲᠥᠮᠥᠰᠥ ᠶᠢᠨ ᠠᠷᠠᠯᠵᠢᠶ᠎ᠠ ᠤᠯᠠᠮ ᠠᠴᠠ ᠤᠯᠠᠮ ᠬᠦᠭᠵᠢᠶᠠᠨ ᠲᠠᠢ ᠪᠤᠯᠤᠭᠠᠳ ᠂ ᠤᠳᠤᠬᠠᠨ ᠪᠤᠯᠬᠤ ᠳᠤ ᠠᠳᠡᠬᠢ | ᠲᠥᠮᠥᠰᠥ ᠨᠢ ᠤᠯᠤᠰ ᠤᠨ ᠳᠣᠲᠣᠭᠠᠳᠤ ᠭᠠᠳᠠᠭᠠᠳᠤ ᠶᠢᠨ ᠬᠥᠮᠥᠰ ᠤᠨ ᠲᠠᠭᠠᠰᠢᠶᠠᠯ ᠢ ᠬᠦᠢᠴᠡᠳ ᠣᠯᠵᠤ ᠪᠠᠶᠢᠨ᠎ᠠ᠃ | | | | | ᠲᠥᠮᠥᠰᠥ ᠲᠠᠷᠢᠬᠰᠠᠨ ᠡᠷᠦᠬᠡ ᠯᠥᠸᠧ ᠭᠠᠩ᠄ ᠡᠨᠡ ᠬᠡᠰᠡᠭ ᠭᠠᠵᠠᠷ ᠤᠨ ᠮᠦ ᠪᠦᠷᠢ ᠶᠢᠨ ᠬᠤᠷᠢᠶᠠᠯᠳᠠ ᠶᠢ ᠪᠠᠷᠤᠭᠴᠠᠭᠠᠯᠠᠪᠠᠯ 5 ᠲᠣᠨ ᠳᠤ ᠬᠦᠷᠦᠨ᠎ᠡ᠃ ᠰᠠᠶᠢᠨ | ᠳᠦᠮᠤᠰᠤ ︵ ᠴᠢᠨᠠᠷ ᠰᠠᠶᠢᠲᠠᠢ ᠲᠥᠮᠥᠰᠥ︶ ᠶᠢ ᠪᠦᠬᠦ ᠤᠯᠤᠰ ᠤᠨ ᠡᠯ᠎ᠡ ᠭᠠᠵᠠᠷ ᠲᠤ ᠪᠣᠷᠣᠯᠠᠭᠤᠯᠵᠤ ᠂ ᠵᠦᠭᠡᠷᠭᠡᠨ ᠰᠢᠭ ᠳᠦᠮᠤᠰᠤ ︵ᠴᠢᠨᠠᠷ ᠰᠠᠶᠢᠲᠠᠢ ᠲᠥᠮᠥᠰᠥ︶ | ᠶᠢᠨ ᠨᠢᠭᠡ ᠬᠡᠰᠡᠭ ᠢ ᠨᠢ ᠤᠯᠤᠰ ᠤᠨ ᠳᠣᠲᠣᠭᠠᠳᠤ ᠳᠤ ᠪᠣᠷᠣᠯᠠᠭᠤᠯᠤᠨ ᠂ ᠪᠠᠰᠠ ᠨᠢᠭᠡ ᠭᠡᠰᠡᠭ ᠢ ᠨᠢ ᠸᠢᠶᠧᠲᠨᠠᠮ ᠳᠤ ᠭᠠᠷᠭᠠᠵᠤ ᠪᠤᠷᠤᠯᠠᠭᠤᠯᠵᠤ ᠂ ᠦᠯᠡᠳᠡᠭᠰᠡᠨ ᠢ | ᠨᠢ ᠴᠠᠷᠳᠠᠭᠤᠯ ᠤᠨ ᠹᠧᠨᠲ᠋ᠢᠶᠣᠤᠷ ᠬᠢᠳᠡᠭ ᠪᠠᠶᠢᠨ᠎ᠠ᠃ | | | | | ᠠᠵᠤ ᠦᠢᠯᠡᠰ ᠤᠨ ᠬᠥᠭᠵᠢᠯᠲᠡ ᠶᠢᠨ ᠪᠠᠶᠢᠳᠠᠯ ᠢ ᠬᠠᠷᠠᠭᠠᠯᠠᠨ ᠂ ᠵᠠᠬ᠎ᠠ ᠳᠡᠯᠭᠡᠭᠦᠷ ᠤᠨ ᠪᠣᠷᠤᠯᠠᠭᠤᠯᠭ᠎ᠠ ᠶᠢᠨ ᠠᠷᠭ᠎ᠠ ᠵᠠᠮ ᠢ ᠣᠨᠣᠪᠴᠢᠲᠠᠶ ᠡᠷᠢᠭᠡᠳ ᠂ ᠰᠤᠯᠠ | ᠪᠠᠶᠢᠭ᠎ᠠ ᠭᠠᠵᠠᠷ ᠰᠢᠷᠣᠢ ᠳᠡᠭᠡᠷ᠎ᠡ ᠨᠢᠭᠡᠨ ︽ ᠢᠳᠡᠰᠢᠨ ᠨᠣᠭᠤᠭ᠎ᠠ ︾ ᠶᠢᠨ ᠢᠨᠵᠧᠨᠧᠷᠢᠩ ᠢ ᠪᠠᠶᠢᠭᠤᠯᠵᠤ ᠪᠤᠯᠬᠤ ᠶᠢ ᠮᠡᠳᠡᠪᠡ᠃ ᠯᠥᠸᠧ ᠭᠠᠩ ᠲᠤᠬᠠᠢ ᠶᠢᠨ | ᠦᠶ᠎ᠡ ᠳᠤ ᠠᠳᠡ ᠢᠷᠡᠵᠦ ᠪᠡᠯᠡ ᠣᠷᠣᠭᠤᠯᠬᠤ ᠳᠠᠭᠠᠨ ᠠᠳᠡᠬᠢ ᠶᠢᠨ ᠡᠬᠢ ᠪᠠᠶᠠᠯᠢᠭ ᠪᠣᠯᠣᠨ ᠢᠵᠢ ᠪᠦᠷᠢᠳᠦᠭᠰᠡᠨ ᠦᠢᠯᠡᠴᠢᠯᠡᠭᠡ ᠶᠢ ᠨᠡᠩ ᠢᠯᠡᠭᠦᠦ ᠴᠢᠬᠤᠯᠠᠴᠢᠯᠠᠵᠤ | ᠪᠠᠶᠢᠪᠠ᠂ ᠡᠨᠡ ᠨᠢ ᠪᠠᠰᠠ ᠡᠨᠡ ᠵᠢᠯ ᠤᠨ ᠲᠥᠮᠥᠰᠥ ᠶᠢᠨ ᠡᠯᠪᠡᠭ ᠬᠤᠷᠢᠶᠠᠯᠲᠠ ᠶᠢᠨ ᠭᠠᠷᠤᠯᠲᠠ ᠶᠢ ᠨᠡᠮᠡᠭᠳᠡᠭᠦᠯᠬᠦ ᠵᠠᠩᠭᠢᠯᠠᠭ᠎ᠠ ᠪᠣᠯᠤᠭᠰᠠᠨ ᠪᠠᠶᠢᠨ᠎ᠠ᠃ | ᠲᠥᠮᠥᠰᠥ ᠳᠠᠷᠢᠬᠰᠠᠨ ᠡᠷᠦᠬᠡ ᠯᠥᠸᠧ ᠭᠠᠩ ᠄ ᠡᠨᠡ ᠬᠦ ᠬᠥᠷᠥᠰᠥ ᠰᠢᠷᠣᠢ ᠶᠢᠨ ᠴᠢᠨᠠᠷ ᠨᠢ ᠶᠡᠭᠡ ᠰᠠᠶᠢᠨ ᠂ ᠠᠳᠡᠬᠢ ᠺᠠᠳ᠋ᠷᠴᠤᠳ ᠴᠥᠮ ᠪᠢᠳᠡᠨ ᠢ ᠶᠡᠭᠡ | ᠬᠠᠯᠠᠮᠵᠢᠯᠠᠵᠤ ᠂ ᠶᠠᠭᠤ ᠭᠡᠷᠡᠭᠴᠡᠭᠡ ᠲᠠᠢ ᠪᠤᠯ ᠳᠡᠬᠦᠨ ᠢ ᠨᠢ ᠶᠡᠭᠡ ᠬᠦᠴᠦᠨ ᠢᠶᠠᠷ ᠳᠡᠮᠵᠢᠵᠤ ᠢᠷᠡᠭᠰᠡᠨ ᠪᠠᠶᠢᠨ᠎ᠠ ᠃ | | | | | ᠣᠳᠣᠬᠠᠨ ᠳᠤ ᠂ ᠱᠢ ᠡᠯ ᠯᠢᠶᠠᠨ ᠴᠧᠩ ᠰᠢᠶᠠᠩ ᠤᠨ 2400 ᠮᠦ ᠲᠥᠮᠥᠰᠥ ᠬᠤᠷᠢᠶᠠᠬᠤ ᠠᠵᠢᠯ ᠰᠢᠪᠲᠤᠷᠭᠠᠨ ᠳᠠᠭᠠᠨ ᠣᠷᠣᠵᠠᠢ ᠃ | | |