| | ᠲᠤᠷᠰᠢᠯᠭ᠎ᠠ ᠬᠤᠷᠠᠮᠳᠤᠭᠤᠯᠬᠤ ᠄ ᠬᠥᠮᠥᠨ ᠤ ᠠᠮᠢᠳᠤᠷᠠᠯ ᠭᠡᠭᠴᠢ ᠠᠯᠳᠠᠭ᠎ᠠ ᠣᠨᠤᠭ᠎ᠠ ᠨᠤᠭᠤᠷᠠᠯ ᠪᠦᠳᠦᠷᠡᠯ ᠢᠶᠠᠷ ᠳᠦᠬᠦᠷᠡᠩ ᠪᠠᠶᠢᠳᠠᠭ ᠂ ᠲᠡᠶᠢᠮᠤ ᠪᠣᠯᠬᠤᠷ | ᠴᠦᠬᠡᠨ ᠪᠦᠳᠦᠷᠢᠬᠦ ᠬᠠᠮᠤᠭ ᠤᠨ ᠰᠠᠶᠢᠨ ᠠᠷᠭ᠎ᠠ ᠪᠣᠯ ᠳᠠᠷᠤᠢ ᠲᠠᠰᠤᠷᠠᠯᠲᠠ ᠦᠭᠡᠢ ᠲᠤᠷᠰᠢᠯᠭ᠎ᠠ ᠬᠤᠷᠠᠮᠳᠤᠭᠤᠯᠵᠤ ᠂ ᠮᠡᠳᠡᠯᠭᠡ ᠪᠠᠨ ᠨᠡᠮᠡᠭᠳᠡᠭᠦᠯᠬᠦ ᠶᠠᠪᠤᠳᠠᠯ ᠪᠣᠯᠣᠨ᠎ᠠ ᠃ | ᠳᠣᠰᠣᠯ ᠣᠰᠣ ᠬᠤᠷᠠᠮᠳᠣᠵᠦ ᠳᠠᠯᠠᠢ ᠪᠤᠯᠳᠠᠭ ᠤᠨ ᠠᠳᠠᠯᠢ ᠂ ᠠᠮᠵᠢᠯᠳᠠ ᠳᠤ ᠬᠦᠷᠦᠶ᠎ᠡ ᠭᠡᠪᠡᠯ ᠠᠩᠬᠠᠨ ᠤ ᠠᠯᠬᠤᠮ ᠡᠴᠠᠡᠬᠢᠯᠡᠨᠬᠤᠷᠠᠮᠳᠠᠭᠤᠯᠬᠤᠯᠡᠴᠢᠬᠤᠯᠠ᠃ | ᠲᠠᠰᠤᠷᠠᠯᠲᠠᠦᠭᠡᠢ ᠲᠤᠷᠰᠢᠵᠤ ᠂ ᠦᠷᠢᠰᠦᠯᠳᠦᠬᠡᠨ ᠳᠤ ᠦᠪᠡᠷ ᠢ ᠪᠠᠨ ᠰᠣᠷᠢᠪᠠᠯ ᠂ ᠠᠮᠢᠳᠣᠷᠠᠯ ᠴᠢᠨᠢ ᠶᠠᠪᠤᠭᠠᠨ ᠳᠠᠭᠠᠨ ᠰᠠᠶᠢᠵᠢᠷᠠᠬᠤ ᠪᠤᠯᠤᠨ᠎ᠠ ᠃ ᠳᠣᠷᠰᠢᠯᠭ᠎ᠠ | ᠴᠢᠬᠤᠯᠠ ᠰᠢᠦ ︕ ᠠᠭᠲᠠ ᠶᠢᠨ ᠪᠤᠢ ᠳᠤ ᠭᠠᠵᠠᠷ ᠳᠠᠨᠢᠵᠦ ᠂ ᠠᠪᠤ ᠶᠢᠨ ᠪᠤᠢ ᠳᠤ ᠬᠦᠮᠦᠨ ᠳᠠᠨᠢ ᠬᠡᠳᠡᠭ ᠶᠤᠮ ᠳ᠋ᠡ ᠃ | ᠨᠣᠮ ᠤᠩᠰᠢᠬᠤ ᠄ ᠨᠣᠮ ᠤᠩᠰᠢᠬᠤ ᠳᠠᠳᠬᠠᠯ ᠲᠠᠢ ᠪᠣᠯᠬᠤ ᠨᠢ ᠥᠪᠡᠷ ᠢ ᠪᠠᠨ ᠪᠠᠶᠢᠩᠭᠤ ᠮᠡᠳᠡᠯᠭᠡᠵᠢᠭᠦᠯᠵᠦ ᠪᠠᠶᠢᠭ᠎ᠠ ᠶᠠᠪᠤᠳᠠᠯ ᠪᠣᠯᠣᠨ᠎ᠠ ᠃ ᠢᠯᠠᠩᠭᠤᠶ᠎ᠠ | ᠨᠡᠶᠢᠬᠡᠮ ᠳᠡᠭᠡᠷ᠎ᠡ ᠭᠠᠷᠴᠦ ᠠᠵᠢᠯᠯᠠᠭᠰᠠᠨ ᠤ ᠳᠠᠷᠠᠭ᠎ᠠ ᠂ ᠨᠣᠮ ᠤᠩᠰᠢᠬᠤ ᠨᠢ ᠰᠢᠯᠭᠠᠯᠲᠠ ᠶᠢ ᠠᠷᠭᠠᠴᠠᠭᠠᠬᠤ ᠪᠢᠰᠢ ᠂ ᠬᠠᠷᠢᠨ ᠮᠡᠳᠡᠯᠬᠡ ᠪᠠᠨ ᠳᠡᠯᠡᠵᠦ ᠂ ᠴᠢᠳᠠᠪᠤᠷᠢ | ᠪᠠᠨ ᠳᠡᠭᠡᠭᠰᠢᠯᠡᠬᠦᠯᠬᠦ ᠶᠢᠨ ᠲᠥᠯᠥᠭᠡ ᠪᠠᠶᠢᠳᠠᠭ ᠃ ᠮᠢᠩᠭᠠᠨ ᠮᠠᠯ ᠲᠠᠢ ᠶᠠᠪᠤᠬᠤ ᠠᠴᠠ ᠮᠢᠩᠭᠠᠨ ᠨᠤᠮ ᠤᠩᠰᠢᠵᠤ ᠶᠠᠪᠤ ᠬᠡᠳᠡᠭ ᠃ | ᠵᠣᠷᠢᠭ ᠢᠶᠠᠨ ᠳᠠᠶᠢᠴᠢᠯᠠᠬᠤ ᠄ ᠤᠷᠲᠤ ᠬᠤᠭᠤᠴᠠᠭ᠎ᠠ ᠪᠠᠷ ᠠᠩᠬᠠᠷᠤᠯ ᠢᠶᠠᠨ ᠳᠦᠪᠯᠡᠷᠡᠬᠦᠯᠵᠦ ᠴᠢᠳᠠᠳᠠᠭ ᠦᠬᠡᠢ ᠨᠢ ᠤᠳᠤ ᠶᠢᠨ ᠬᠦᠮᠦᠰ ᠲᠤ ᠲᠤᠯᠭᠠᠷᠠᠵᠤ ᠪᠠᠶᠢᠭ᠎ᠠ | ᠨᠡᠶᠢᠳᠡᠮ ᠤᠨ ᠠᠰᠠᠭᠤᠳᠠᠯ ᠤᠨ ᠨᠢᠬᠡ ᠪᠣᠯᠵᠠᠢ ᠃ ᠬᠢᠬᠦ ᠵᠦᠢᠯ ᠮᠠᠰᠢ ᠣᠯᠠᠨ ᠪᠠᠶᠢᠭ᠎ᠠ ᠪᠣᠯᠪᠠᠴᠤ ᠬᠠᠶᠢᠩᠭᠤ ᠬᠠᠨᠳᠣᠬᠰᠠᠨ ᠠᠴᠠ ᠪᠤᠯᠵᠦ ᠦᠷ᠎ᠡ ᠪᠦᠲᠦᠮᠵᠢ ᠣᠯᠳᠠᠭ | ᠦᠭᠡᠢ ᠃ ᠡᠶᠢᠮᠦ ᠪᠤᠯᠬᠤᠷ ᠬᠢᠶ᠎ᠡ ᠬᠡᠵᠦ ᠪᠤᠳᠣᠬᠰᠠᠨ ᠵᠦᠢᠯ ᠳᠡᠭᠡᠷ᠎ᠡ ᠪᠠᠨ ᠪᠦᠬᠦ ᠰᠡᠳᠬᠢᠯ ᠵᠢᠷᠦᠬᠡ ᠪᠠᠨ ᠳᠠᠶᠢᠴᠢᠯᠠᠬᠤ ᠬᠡᠷᠡᠭᠳᠡᠢ ᠃ ᠵᠤᠷᠢᠭ ᠪᠠᠶᠢᠪᠠᠯ | ᠵᠤᠷᠢᠬᠰᠠᠨ ᠳᠠᠭᠠᠨ ᠬᠦᠷᠦᠨ᠎ᠡ ᠬᠡᠳᠡᠭ ᠪᠢᠰᠢᠦ ᠃ | ᠠᠮᠢᠳᠣᠷᠠᠯ ᠢ ᠮᠡᠳᠡᠷᠡᠬᠦ ᠄ ᠬᠥᠮᠥᠨ ᠬᠡᠴᠢᠨᠡᠨ ᠠᠭᠤᠷᠯᠠᠵᠦ ᠪᠤᠬᠢᠨᠢᠳᠣᠬᠰᠠᠨ ᠴᠤ ᠂ ᠨᠢᠭᠡᠨᠲᠡ ᠡᠭᠦᠰᠦᠭᠰᠡᠨ ᠤᠴᠢᠷ ᠢ ᠬᠤᠪᠢᠷᠠᠭᠤᠯᠵᠤ ᠴᠢᠳᠠᠬᠤ ᠦᠭᠡᠢ | ᠣᠴᠢᠷ ᠠᠴᠠ ᠂ ᠰᠡᠳᠬᠢᠯ ᠢᠶᠠᠨ ᠵᠠᠰᠠᠵᠦ ᠪᠤᠬᠢᠨᠢᠳᠣᠯ ᠠᠴᠠ ᠪᠠᠨ ᠭᠠᠷᠬᠤ ᠭᠡᠷᠡᠭᠳᠡᠢ ᠃ ᠤᠷᠮ᠎ᠠ ᠮᠠᠭᠤᠲᠠᠢ ᠪᠠᠶᠢᠭ᠎ᠠ ᠦᠶ᠎ᠡ ᠳᠡᠭᠡᠨ ᠳᠣᠷᠠᠳᠠᠢ ᠶᠠᠭᠤᠮ᠎ᠠ ᠪᠠᠨ ᠢᠳᠡᠵᠦ ᠂ | ᠬᠠᠶᠠ ᠨᠢᠬᠡ ᠺᠢᠨᠣ᠋ ᠦᠵᠡᠵᠦ ᠂ ᠲᠠᠮᠢᠷ ᠤᠨ ᠬᠥᠳᠡᠯᠭᠡᠭᠡᠨ ᠳᠤ ᠣᠷᠣᠯᠴᠠᠨ ᠂ ᠭᠡᠷ ᠳᠡᠷᠬᠡ ᠪᠠᠨ ᠴᠡᠪᠡᠷᠯᠡᠬᠦ ᠬᠡᠬᠦ ᠮᠡᠲᠦ ᠪᠠᠷ ᠠᠩᠬᠠᠷᠣᠯ ᠢᠶᠠᠨ ᠦᠭᠡᠷ᠎ᠡ ᠵᠦᠢᠯ ᠣᠷᠣᠭᠤ | ᠰᠢᠯᠵᠢᠬᠦᠯᠵᠦ ᠪᠠᠶᠢᠭᠠᠳ ᠰᠡᠳᠬᠢᠯ ᠤᠨ ᠪᠤᠬᠢᠨᠢᠳᠣᠯ ᠢᠶᠠᠨ ᠲᠠᠶᠢᠯᠵᠤ ᠪᠤᠯᠳᠠᠭ ᠃ ᠢᠩᠬᠢᠪᠡᠯ ᠰᠠᠶ᠋ᠢ ᠠᠮᠢᠳᠤᠷᠠᠯ ᠤᠨ ᠰᠠᠶᠢᠨ ᠰᠠᠶᠢᠬᠠᠨ ᠢ ᠮᠡᠳᠡᠷᠡᠵᠦ ᠴᠢᠳᠠᠨ᠎ᠠ ᠃ | ᠠᠮᠢᠳᠣᠷᠠᠯ ᠳᠤ ᠪᠠᠶᠠᠷ ᠪᠠᠶᠠᠰᠬᠤᠯᠠᠩ ᠢᠨᠢᠶᠡᠳᠦ ᠬᠦᠷ ᠠᠴᠠ ᠦᠭᠡᠷ᠎ᠡ ᠶᠡᠭᠤ ᠬᠡᠷᠡᠭᠳᠡᠢ ᠪᠢᠯᠡ ᠳ᠋ᠠ ︕ | ᠬᠦᠳᠡᠯᠬᠡᠬᠡᠨ ᠬᠢᠬᠦ ᠄ ᠵᠠᠪᠠᠯ ᠪᠡᠶ᠎ᠡ ᠪᠣᠯᠪᠠᠰᠤᠷᠠᠭᠤᠯᠬᠤ ᠭᠠᠵᠠᠷ ᠲᠤ ᠣᠴᠢ ᠭᠡᠰᠡᠨ ᠪᠢᠰᠢ ᠂ ᠵᠠᠪ ᠯᠠ ᠭᠠᠷᠪᠠᠯ ᠬᠡᠵᠢᠶ᠎ᠡ ᠬᠠᠮᠢᠭᠠᠴᠤ ᠶᠠᠭᠠᠬᠢᠬᠤᠪ ᠂ ᠪᠡᠶ᠎ᠡ | ᠮᠠᠬᠠᠪᠤᠤᠨ ᠢᠶᠠᠨ ᠪᠤᠯᠪᠠᠰᠤᠷᠠᠭᠤᠯᠵᠤ ᠪᠠᠢ ᠃ ᠲᠠᠺᠰᠢ ᠳᠤ ᠰᠠᠭᠤᠬᠤ ᠶᠢᠨ ᠣᠷᠣᠨ ᠳᠤ ᠬᠠᠶᠠ ᠪᠠᠰᠠ ᠳᠤᠭᠤᠢ ᠣᠨᠣᠵᠦ ᠂ ᠭᠡᠷ ᠲᠡᠭᠡᠨ ᠣᠷᠣᠬᠤ ᠳᠠᠭᠠᠨ ᠴᠠᠬᠢᠯᠭᠠᠨ | ᠱᠠᠲᠤᠨ ᠳᠤ ᠪᠢᠰᠢ ᠬᠠᠶᠠ ᠱᠠᠳᠦ ᠠᠪᠠᠷᠢᠵᠤ ᠂ ᠬᠥᠯᠥᠰᠦ ᠪᠠᠨ ᠭᠠᠷᠭᠠᠵᠦ ᠪᠠᠶᠢᠪᠠᠯ ᠰᠠᠶᠢᠨ ᠃ ᠪᠠᠷᠢᠮᠳᠠᠯᠠᠭᠠᠳ ᠪᠠᠶᠢᠪᠠᠯ ᠪᠡᠶᠡᠨ ᠳᠤ ᠴᠢᠨᠢ ᠬᠤᠪᠢᠷᠠᠯᠳᠠ ᠭᠠᠷᠬᠤ ᠶᠤᠮ ᠃ | ᠬᠦᠮᠦᠨ ᠬᠦᠭᠰᠢᠷᠡᠵᠦ ᠦᠬᠦᠬᠦ ᠦᠬᠡᠢ ᠬᠦᠰᠢᠵᠦ ᠦᠬᠦᠨ᠎ᠡ ᠬᠡᠳᠡᠭ ᠪᠢᠰᠢᠦ ᠃ | ᠳᠠᠳᠬᠠᠯ ᠢᠶᠠᠨ ᠪᠠᠷᠢᠮᠲᠠᠯᠠᠬᠤ ᠄ ᠰᠠᠶᠢᠨ ᠰᠠᠶᠢᠬᠠᠨ ᠠᠮᠢᠳᠣᠷᠠᠯ ᠤᠨ ᠳᠠᠳᠬᠠᠯ ᠢᠶᠠᠨ ᠪᠠᠷᠢᠮᠲᠠᠯᠠᠬᠤ ᠨᠢ ᠰᠠᠶ᠋ᠢ ᠬᠠᠮᠤᠭ ᠤᠨ ᠴᠢᠬᠤᠯᠠ ᠪᠠᠶᠢᠳᠠᠭ ᠃ ᠶᠢᠷᠲᠢᠨᠴᠦ | ᠳᠡᠭᠡᠷ᠎ᠡ ᠴᠢᠷᠮᠠᠶᠢᠯᠭ᠎ᠠ ᠬᠤᠭᠤᠰᠳᠠᠬᠤ ᠶᠤᠰᠣ ᠦᠭᠡᠢ ᠂ ᠡᠳᠡᠭᠡᠷ ᠰᠠᠶᠢᠨ ᠰᠠᠶᠢᠬᠠᠨ ᠳᠠᠳᠬᠠᠯ ᠨᠢ ᠲᠠᠨ ᠢ ᠰᠢᠭᠤᠳ ᠠᠮᠵᠢᠯᠲᠠ ᠳᠤ ᠬᠦᠷᠭᠡᠳᠡᠭ ᠦᠬᠡᠢ ᠴᠦ ᠭᠡᠰᠡᠨ | ᠮᠦᠷᠦᠬᠡᠳᠦᠯ ᠲᠡᠮᠡᠦᠯᠦᠯ ᠳᠡᠭᠡᠨ ᠬᠦᠷᠬᠦ ᠳᠤ ᠴᠢᠨᠢ ᠳᠣᠰᠠᠯᠠᠳᠠᠭ ᠃ ᠴᠢᠷᠮᠠᠶᠢᠯᠭ᠎ᠠ ᠬᠦᠮᠦᠨ ᠢ ᠭᠤᠮᠤᠳᠠᠭᠠᠳᠠᠭ ᠦᠬᠡᠢ ᠬᠡᠳᠡᠭ ᠪᠢᠵᠡ ᠳ᠋ᠡ ︕ | | | |