ᠵᠡᠬᠦᠠᠭᠠᠷ ᠬᠤᠰᠢᠭᠤᠨ ᠤ ᠡᠨᠡ ᠲᠤᠰᠬᠤᠨ ᠠᠳᠠᠷ ᠭᠠᠵᠠᠷ ᠢ《 ᠡᠷᠳᠡᠨᠢᠰ ᠤᠨ ᠰᠠᠩ》ᠪᠤᠯᠭᠠᠪᠠ
ᠨᠡᠶᠢᠲᠡᠯᠡᠭᠰᠡᠨ ᠴᠠᠭ᠄
2022/1/24
     ᠡᠪᠤᠯ ᠤᠷᠤᠬᠰᠠᠨ ᠠᠴᠠ ᠨᠠᠭᠠᠰᠢ᠂ ᠯᠦᠡᠭᠺᠸᠤ ᠪᠠᠯᠭᠠᠰᠤ ᠶᠢᠨ ᠳ᠋ᠠᠺᠸᠤ ᠲᠤᠰᠬᠤᠨ ᠰᠤᠯᠠ ᠰᠡᠯᠡᠬᠦᠦ ᠠᠳᠠᠷ ᠭᠠᠵᠠᠷ ᠢ ᠠᠰᠢᠬᠯᠠᠨ ᠬᠦᠯᠡᠮᠵᠢ ᠪᠠᠶᠢᠭᠤᠯᠵᠦ᠂ ᠲᠦᠬᠦᠬᠡᠷᠦᠮᠵᠢᠳᠤ ᠲᠠᠷᠢᠶᠠᠯᠠᠩ ᠢ ᠲᠦᠷᠬᠡᠳᠬᠡᠨ ᠬᠦᠭᠵᠢᠬᠦᠯᠵᠦ᠂《 ᠲᠠᠷᠢᠶᠠᠯᠠᠩ ᠦᠢᠯᠡᠰ + ᠵᠤᠭᠠᠴᠠᠯ》 ᠤᠨ ᠤᠨᠴᠠᠯᠢᠬᠳᠤ ᠪᠠᠶᠠᠵᠢᠬᠤ ᠵᠠᠮ ᠢᠶᠠᠷ ᠵᠠᠮᠨᠠᠵᠦ᠂ ᠬᠦᠳᠡᠭᠡ ᠲᠤᠰᠬᠤᠨ ᠤ ᠬᠦᠭᠵᠢᠨ ᠮᠠᠨᠳᠤᠯᠳᠠ ᠶᠢ ᠠᠬᠢᠭᠤᠯᠵᠦ ᠪᠠᠶᠢᠨ᠎ᠠ᠃     ᠳ᠋ᠠᠺᠸᠤ ᠲᠤᠰᠬᠤᠨ ᠬᠦᠷᠬᠦ ᠳᠤ᠂ ᠶᠠᠭ ᠰᠠᠶᠢᠬᠠᠨ ᠪᠦᠳᠦᠬᠡᠨ ᠪᠠᠶᠢᠭᠤᠯᠵᠦ ᠪᠠᠶᠢᠭ᠎ᠠ ᠮᠦᠷ ᠮᠦᠷ ᠲᠡᠷᠢ ᠲᠡᠭᠰᠢ ᠲᠤᠮᠤ ᠬᠦᠯᠡᠮᠵᠢ ᠬᠤᠯᠠ ᠠᠴᠠ ᠬᠠᠷᠠᠬᠳᠠᠬᠤ ᠪᠦᠬᠡᠳ ᠠᠵᠢᠯᠴᠢᠳ ᠴᠤ ᠰᠠᠶᠢᠬᠠᠨ ᠡᠳᠦᠷ ᠢ ᠵᠠᠪᠳᠤᠵᠦ ᠭᠠᠵᠠᠷ ᠰᠢᠷᠤᠢ ᠪᠠᠨ ᠲᠡᠭᠰᠢᠯᠡᠵᠦ᠂ ᠲᠤᠮᠤ ᠬᠦᠯᠡᠮᠵᠢ ᠶᠢᠨ ᠰᠠᠭᠤᠷᠢ ᠶᠢ ᠤᠬᠰᠠᠷᠠᠭᠤᠯᠵᠦ ᠶᠠᠭᠠᠷᠠᠯᠳᠤᠨ᠎ᠠ᠃ ᠳ᠋ᠠᠺᠸᠤ ᠲᠤᠰᠬᠤᠨ ᠤ ᠨᠠᠮ ᠤᠨ ᠡᠬᠦᠷ ᠤᠨ ᠱᠦᠵᠢ ᠡᠤ ᠯᠠᠢ ᠱᠢ ᠬᠡᠯᠡᠬᠦ ᠳᠡᠭᠡᠨ᠄《 ᠪᠢᠳᠠ19 ᠮᠤ᠋ ᠭᠠᠵᠠᠷ ᠰᠢᠷᠤᠢ ᠪᠠᠨ ᠤᠯᠠᠷᠢᠭᠤᠯᠤᠨ ᠰᠢᠯᠵᠢᠬᠦᠯᠵᠦ᠂ 5 ᠲᠤᠮᠤ ᠬᠦᠯᠡᠮᠵᠢ ᠪᠠᠶᠢᠭᠤᠯᠬᠤ ᠪᠠᠷ ᠲᠦᠯᠦᠪᠯᠡᠵᠦ᠂ ᠰᠡᠬᠦᠯᠴᠢ ᠶᠢᠨ ᠬᠤᠭᠤᠴᠠᠭᠠᠨ ᠳᠤ ᠪᠤᠳᠠᠳᠤ ᠪᠠᠶᠢᠳᠠᠯ ᠢᠶᠠᠨ ᠦᠨᠳᠦᠰᠦᠯᠡᠨ ᠪᠠᠰᠠ 1  ᠨᠡᠮᠡᠵᠦ ᠪᠠᠶᠢᠭᠤᠯᠤᠬᠰᠠᠨ ᠪᠦᠬᠡᠳ ᠬᠠᠮᠳᠤ ᠳᠤᠨᠢ ᠢᠵᠢ ᠪᠦᠷᠢᠳᠦᠬᠦᠯᠵᠦ᠂ 3 ᠰᠠᠷ᠎ᠠ ᠶᠢᠨ ᠪᠦᠳᠦᠬᠡᠨ ᠪᠠᠶᠢᠭᠤᠯᠤᠯᠳᠠ ᠪᠠᠷ ᠲᠠᠮᠵᠢᠭᠠᠳ᠂ ᠤᠳᠤᠬᠠᠨ ᠳᠤ 6 ᠲᠤᠮᠤ ᠬᠦᠯᠡᠮᠵᠢ ᠶᠢᠨ ᠪᠠᠷᠢᠯᠭ᠎ᠠ  ᠶᠢ ᠦᠨᠳᠦᠰᠦᠨ ᠳᠡᠭᠡᠨ ᠲᠠᠭᠤᠰᠬᠠᠵᠦ ᠪᠠᠶᠢᠨ᠎ᠠ 》ᠬᠡᠪᠡ᠃      ᠳ᠋ᠠᠺᠸᠤ ᠲᠤᠰᠬᠤᠨ ᠨᠢ ᠭᠤᠷᠪᠠᠨ ᠮᠤᠵᠢ ᠶᠢᠨ ᠠᠭᠤᠯᠵᠠᠷ ᠲᠤ ᠪᠠᠶᠢᠷᠢᠰᠢᠵᠦ᠂ ᠲᠠᠯᠠᠢ ᠶᠢᠨ ᠲᠦᠪᠰᠢᠨ ᠠᠴᠠ ᠨᠡᠯᠢᠶᠡᠳ ᠪᠤᠭᠤᠨᠢ ᠪᠤᠯᠬᠤᠷ ᠤᠰᠤᠨ ᠤ ᠬᠡᠮᠵᠢᠶ᠎ᠠ ᠨᠢ ᠬᠦᠢᠴᠡᠳ ᠪᠠᠶᠢᠵᠦ᠂ ᠬᠤᠯᠠ ᠦᠢᠷ᠎ᠠ ᠳᠠᠭᠠᠨ ᠠᠯᠳᠠᠷᠰᠢᠬᠰᠠᠨ《 ᠭᠤᠸᠠ  ᠵᠢᠮᠢᠰ ᠤᠨ ᠨᠤᠳᠤᠭ》ᠪᠤᠯᠬᠤ ᠶᠤᠮ᠃  ᠡᠯᠪᠡᠭ ᠬᠤᠷᠢᠶᠠᠯᠳᠠ ᠪᠦᠬᠦᠢ ᠲᠠᠷᠪᠤᠰ ᠨᠢ ᠨᠠᠩ ᠴᠤ ᠨᠡᠷ᠎ᠠ ᠨᠦᠯᠦᠬᠡ ᠰᠠᠶᠢᠳᠡᠢ᠂ ᠵᠠᠬ᠎ᠠ ᠲᠡᠯᠬᠡᠬᠦᠷ ᠤᠨ ᠪᠤᠷᠤᠯᠠᠭᠤᠯᠤᠯᠳᠠ ᠰᠠᠶᠢᠨ ᠪᠠᠶᠢᠵᠦ᠂ ᠦᠪᠦᠷ ᠮᠤᠩᠭᠤᠯ ᠱᠠᠨ ᠰᠢ ᠱᠠᠨᠰᠢ ᠶᠢᠨ ᠦᠢᠷ᠎ᠠ ᠬᠠᠪᠢ ᠶᠢᠨ ᠭᠠᠵᠠᠷ ᠤᠷᠤᠨ ᠤ ᠤᠯᠠᠨ ᠲᠦᠮᠡᠨ ᠳᠤ ᠶᠡᠬᠡᠪᠡᠷ ᠬᠦᠷᠢᠶᠡᠯᠡᠭᠳᠡᠵᠦ ᠪᠠᠶᠢᠨ᠎ᠠ᠃ ᠡᠨᠡᠬᠦ ᠲᠠᠪᠠᠭᠤᠯᠢᠭ ᠠᠴᠠ ᠪᠠᠨ ᠡᠬᠦᠰᠦᠬᠡᠳ᠂ ᠳ᠋ᠠᠺᠸᠤ ᠲᠤᠰᠬᠤᠨ ᠤ ᠨᠠᠮ ᠤᠨ ᠡᠬᠦᠷ ᠨᠢ ᠳ᠋ᠠᠺᠸᠤ ᠲᠤᠰᠬᠤᠨ ᠤ ᠬᠤᠪᠢᠰᠬᠠᠯᠳᠤ ᠵᠤᠭᠠᠴᠠᠯ ᠤᠨ ᠵᠤᠴᠢᠨ ᠬᠦᠯᠢᠶᠡᠨ ᠠᠪᠬᠤ ᠲᠦᠪ ᠤᠨ ᠠᠷᠤ ᠲᠠᠯ᠎ᠠ ᠳᠤ ᠲᠤᠮᠤ ᠬᠦᠯᠡᠮᠵᠢ ᠶᠢᠨ ᠭᠠᠵᠠᠷ  ᠢᠶᠠᠨ ᠰᠤᠩᠭᠤᠨ ᠲᠤᠭᠳᠠᠭᠠᠵᠦ᠂ ᠡᠨᠡᠬᠦ 6 ᠮᠦᠷ ᠲᠤᠮᠤ ᠬᠦᠯᠡᠮᠵᠢ ᠳᠡᠭᠡᠨ ᠴᠦᠮ ᠲᠠᠷᠪᠤᠰ ᠤᠨ ᠴᠢᠬᠢ ᠪᠤᠶᠢᠵᠢᠭᠤᠯᠵᠦ ᠤᠷᠭᠤᠭᠤᠯᠬᠤ ᠪᠠᠷ ᠲᠦᠯᠦᠪᠯᠡᠪᠡ᠃ ᠡᠤ ᠯᠠᠢ ᠱᠢ ᠬᠡᠯᠡᠬᠦ ᠳᠡᠭᠡᠨ᠄《 ᠪᠢᠳᠠ ᠲᠤᠮᠤ ᠬᠦᠯᠡᠮᠵᠢ ᠪᠠᠨ ᠵᠤᠴᠢᠨ ᠬᠦᠯᠢᠶᠠᠨ ᠠᠪᠬᠤ ᠲᠦᠪ ᠲᠠᠢ ᠦᠢᠷᠠᠳᠤᠭᠤᠯᠵᠦ ᠪᠠᠷᠢᠬᠰᠠᠨ ᠨᠢ ᠵᠤᠭᠠᠴᠠᠬᠰᠠᠳ ᠦᠵᠡᠬᠦᠯᠬᠡ  ᠶᠢᠨ ᠲᠢᠩᠬᠢᠮ ᠢ ᠲᠤᠭᠤᠷᠢᠨ ᠦᠵᠡᠭᠰᠡᠨ ᠤ ᠲᠠᠷᠠᠭ᠎ᠠ ᠬᠦᠯᠡᠮᠵᠢ ᠳᠤ ᠢᠷᠡᠵᠦ ᠲᠡᠷᠪᠤᠰ ᠵᠢᠮᠢᠰ ᠲᠡᠬᠦᠵᠦ ᠠᠮᠳᠠᠯᠠᠬᠤ ᠮᠦᠷᠳᠡᠬᠡᠨ ᠲᠤᠭᠤᠷᠢᠨ ᠦᠵᠡᠵᠦ ᠪᠤᠯᠤᠨ᠎ᠠ》ᠬᠡᠪᠡ᠃      ᠳ᠋ᠠᠺᠸᠤ ᠲᠤᠰᠬᠤᠨ ᠨᠢ ᠲᠤᠮᠤ ᠬᠦᠯᠡᠮᠵᠢ ᠪᠠᠷ ᠪᠠᠶᠠᠵᠢᠯ ᠤᠨ ᠵᠠᠮ ᠢᠶᠠᠨ ᠡᠯᠬᠦᠵᠦ᠂ ᠲᠤᠮᠤ ᠬᠦᠯᠡᠮᠵᠢ ᠶᠢ ᠤᠯᠠᠨ ᠤ ᠤᠷᠤᠯᠭ᠎ᠠ ᠪᠠᠨ ᠨᠡᠮᠡᠭᠳᠡᠬᠦᠯᠦᠨ ᠪᠠᠶᠠᠵᠢᠨ ᠴᠢᠨᠡᠬᠡᠯᠢᠭᠵᠢᠬᠦ ᠡᠷᠳᠡᠨᠢᠰ ᠤᠨ ᠰᠠᠩ ᠤᠨ《 ᠬᠦᠯᠡᠮᠵᠢ》ᠪᠤᠯᠭᠠᠨ᠎ᠠ ᠬᠡᠵᠦ ᠪᠠᠶᠢᠨ᠎ᠠ᠃ ᠡᠨᠡ ᠨᠢ ᠲᠤᠰᠬᠤᠨ ᠤ ᠬᠠᠮᠳᠤ ᠶᠢᠨ ᠠᠵᠤ ᠠᠬᠤᠢ ᠶᠢᠨ ᠠᠰᠢᠭ ᠤᠷᠤᠯᠭ᠎ᠠ  ᠶᠢ ᠨᠡᠮᠡᠭᠳᠡᠬᠦᠯᠬᠦ ᠶᠢᠨ ᠲᠠᠭᠠᠤ ᠳᠤ ᠪᠠᠰᠠ ᠲᠤᠰᠬᠤᠨ ᠤ ᠠᠷᠠᠳ ᠲᠤ ᠠᠵᠢᠯ ᠤᠯᠬᠤ ᠲᠤᠬᠢᠶᠠᠯ ᠤᠯᠭᠤᠬᠰᠠᠨ ᠠᠴᠠ ᠤᠯᠠᠨ ᠤ ᠪᠠᠶᠠᠵᠢᠨ ᠴᠢᠨᠡᠬᠡᠯᠢᠭᠵᠢᠬᠦ ᠢᠳᠡᠬᠡᠯ ᠵᠤᠷᠢᠭ ᠢ ᠶᠡᠬᠡᠪᠡᠷ ᠲᠠᠶᠢᠴᠢᠯᠠᠬᠰᠠᠨ ᠪᠠᠶᠢᠨ᠎ᠠ᠃ ᠲᠤᠰᠬᠤᠨ ᠤ ᠠᠷᠠᠳ ᠸᠠᠩ ᠱᠤ᠋ ᠰᠢᠶᠤᠤ ᠬᠡᠯᠡᠬᠦ ᠳᠡᠭᠡᠨ᠄《 ᠪᠢ ᠲᠤᠮᠤ  ᠬᠦᠯᠡᠮᠵᠢ  ᠳᠤ ᠠᠵᠢᠯ ᠬᠢᠬᠡᠳ 50 ᠭᠠᠷᠤᠢ ᠡᠳᠦᠷ ᠪᠤᠯᠵᠦ ᠪᠠᠶᠢᠨ᠎ᠠ᠃ ᠤᠤᠯ ᠳᠠᠭᠠᠨ ᠪᠢ ᠭᠠᠳᠠᠷ ᠤᠷᠤᠨ ᠢᠶᠠᠷ ᠬᠦᠯᠦᠰᠦᠨ ᠠᠵᠢᠯ ᠬᠢᠵᠦ ᠪᠠᠶᠢᠬᠰᠠᠨ᠂ ᠮᠠᠨ ᠤ ᠠᠳᠡ ᠲᠤᠮᠤ ᠬᠦᠯᠡᠮᠵᠢ ᠪᠠᠷᠢᠬᠰᠠᠨ ᠢ ᠰᠤᠨᠤᠰᠤᠮᠠᠬᠴᠠ ᠪᠠᠨ ᠬᠠᠷᠢᠵᠦ ᠢᠷᠡᠬᠡᠳ ᠠᠳᠡ ᠠᠵᠢᠯᠯᠠᠪᠠ᠃ ᠬᠡᠷ ᠤᠨ ᠢᠶᠠᠨ ᠡᠬᠦᠳᠡᠨ ᠲᠡᠷᠬᠡᠳᠡ ᠬᠦᠯᠦᠰᠦᠨ ᠠᠵᠢᠯ ᠬᠢᠬᠡᠳ ᠡᠳᠦᠷ ᠪᠦᠷᠢ 200 ᠲᠦᠬᠦᠷᠢᠭ ᠤᠯᠵᠦ ᠪᠤᠢ᠂ ᠲᠤᠮᠤ ᠬᠦᠯᠡᠮᠵᠢ ᠪᠠᠶᠢᠭᠤᠯᠤᠬᠳᠠᠬᠰᠠᠨ ᠤ ᠲᠠᠷᠠᠭ᠎ᠠ ᠪᠢ ᠤᠷᠳᠤ ᠬᠤᠭᠤᠴᠠᠭ᠎ᠠ ᠪᠠᠷ ᠠᠳᠡ ᠠᠵᠢᠯᠯᠠᠵᠦ ᠤᠷᠤᠯᠭ᠎ᠠ ᠪᠠᠨ ᠨᠡᠮᠡᠭᠳᠡᠬᠦᠯᠦᠨ᠎ᠠ》ᠬᠡᠪᠡ᠃
ᠢᠷᠡᠯᠲᠡ᠄ ᠦᠨᠤᠳᠤᠷ ᠤᠨ ᠵᠡᠭᠦᠡᠭᠠᠷ