ᠳ᠋ᠦᠡᠭ ᠰᠠᠨ ᠶᠤᠤ ᠳᠤᠰᠬᠤᠨ ᠤ᠄  ᠪᠠᠭ᠎ᠠ ᠮᠦᠬᠦ ᠳᠤᠮᠤ ᠠᠵᠤ ᠦᠢᠯᠡᠰ
ᠨᠡᠶᠢᠲᠡᠯᠡᠭᠰᠡᠨ ᠴᠠᠭ᠄
2022/1/24
     ᠬᠦᠳᠡᠭᠡ ᠳᠤᠰᠬᠤᠨ ᠢ ᠬᠦᠭᠵᠢᠬᠦᠯᠬᠦ ᠳᠤ ᠠᠵᠤ ᠦᠢᠯᠡᠰ ᠤᠨ ᠮᠠᠨᠳᠤᠨ ᠬᠦᠭᠵᠢᠬᠦ ᠪᠤᠯ ᠵᠠᠩᠬᠢᠯᠠᠭ᠎ᠠ ᠪᠤᠯᠤᠨ᠎ᠠ᠃ ᠤᠶᠢᠷ᠎ᠡ ᠶᠢᠨ ᠵᠢᠯ ᠠᠴᠠ ᠨᠠᠭᠠᠰᠢ᠂ ᠰᠢᠷᠡᠯᠵᠢᠳᠡᠢ ᠰᠢᠶᠠᠩ ᠤᠨ ᠳ᠋ᠦᠡᠭ ᠰᠠᠨ ᠶᠤᠤ ᠳᠤᠰᠬᠤᠨ ᠤ ᠬᠢᠨ ᠳᠤᠰᠬᠤᠨ ᠢᠶᠠᠨ ᠬᠦᠴᠦᠷᠭᠡᠭᠵᠢᠬᠦᠯᠵᠤ ᠠᠷᠡᠳ ᠢᠶᠠᠨ ᠪᠠᠶᠠᠵᠢᠭᠤᠯᠬᠤ ᠪᠠᠷ ᠬᠠᠷᠠᠯᠳᠠ ᠪᠠᠨ ᠪᠤᠯᠭᠠᠵᠤ᠂ ᠳᠤᠰᠬᠤᠨ ᠤ ᠱᠠᠳᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠦᠨ ᠪᠤᠵᠠᠭᠠᠶᠢᠷᠠᠭᠤᠯᠬᠤ ᠢᠶᠠᠨ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ᠂ ᠤᠳᠤ ᠦᠶ᠎ᠡ ᠶᠢᠨ ᠠᠵᠤ ᠦᠢᠯᠡᠰ ᠢ ᠬᠦᠭᠵᠢᠬᠦᠯᠬᠦ᠂ ᠦᠵᠡᠰᠬᠦᠯᠡᠩᠳᠦ ᠰᠠᠶᠢᠬᠠᠨ ᠬᠦᠳᠡᠭᠡ ᠳᠤᠰᠬᠤᠨ ᠢ ᠪᠦᠳᠦᠬᠡᠨ ᠪᠠᠶᠢᠭᠤᠯᠬᠤ᠂ ᠳᠠᠷᠢᠶᠠᠴᠢᠳ  ᠤᠨ ᠤᠷᠤᠯᠭ᠎ᠠ ᠶᠢ ᠨᠡᠮᠡᠭᠳᠡᠬᠦᠯᠵᠦ ᠠᠬᠢᠭᠤᠯᠬᠤ ᠲᠠᠢ ᠤᠶᠠᠯᠳᠤᠭᠤᠯᠵᠤ᠂ ᠮᠦᠬᠦ ᠶᠢᠨ ᠠᠵᠤ ᠦᠢᠯᠡᠰ ᠢ ᠬᠦᠭᠵᠢᠬᠦᠯᠵᠤ᠂ ᠨᠢᠬᠡᠬᠡᠨ ᠵᠢᠯ ᠤᠨ ᠬᠤᠭᠤᠴᠠᠭᠠᠨ ᠳᠤ ᠪᠠᠭ᠎ᠠ ᠮᠦᠬᠦ ᠨᠢ《 ᠠᠯᠳᠠᠨ ᠴᠤᠮᠤᠷᠯᠢᠭ》ᠪᠤᠯᠵᠤ᠂ ᠲᠠᠷᠢᠶᠠᠴᠢᠳ ᠲᠤ ᠦᠨᠡᠨ ᠪᠤᠳᠠᠳᠠᠢ ᠬᠦᠷᠳᠡᠬᠡᠮᠵᠢ ᠶᠢᠨ ᠳᠦᠷᠦᠭᠳᠡᠯ᠂ ᠵᠤᠯ ᠵᠢᠷᠭᠠᠯᠳᠤ ᠳᠦᠷᠦᠭᠳᠡᠯ ᠢ ᠤᠯᠭᠤᠬᠰᠠᠨ ᠪᠠᠶᠢᠨ᠎ᠠ᠃ᠳ᠋ᠦᠡᠭ ᠰᠠᠨ ᠶᠤᠤ ᠳᠤᠰᠬᠤᠨ ᠤ ᠠᠷᠡᠳ ᠰᠢᠤᠢ ᠯᠢ ᠵᠧᠨ ᠤ ᠳᠠᠭᠠᠭᠠᠴᠢᠯᠡᠨ ᠠᠪᠤᠬᠰᠠᠨ ᠮᠦᠬᠦ ᠶᠢᠨ ᠲᠠᠷᠢᠮᠠᠯ ᠤᠨ ᠳᠠᠷᠢᠵᠤ ᠤᠷᠭᠤᠭᠤᠯᠬᠤ ᠬᠦᠯᠡᠮᠵᠢ ᠳᠤ᠂ ᠳᠡᠷᠡ ᠬᠡᠳᠦᠨ ᠳᠤᠰᠬᠤᠨ ᠤ ᠠᠷᠡᠳ ᠲᠠᠢ ᠡᠨᠡ ᠵᠢᠯ ᠤᠨ 5 ᠳ᠋ᠤᠭᠠᠷ ᠭᠤᠤᠷᠰᠤ ᠶᠢᠨ ᠮᠦᠬᠦ ᠪᠠᠨ ᠳᠡᠬᠦᠨ᠎ᠡ᠃ ᠮᠦᠬᠦ ᠶᠢᠨ ᠰᠠᠪᠠᠭ᠎ᠠ ᠡᠰᠢ ᠳᠡᠷᠢ ᠳᠡᠭᠰᠢ ᠵᠢᠭᠳᠡᠷᠡᠵᠤ᠂《 ᠵᠢᠵᠢᠭ ᠰᠢᠬᠦᠷ》 ᠨᠦᠭᠦᠳ ᠨᠢ ᠰᠤᠷᠭᠤᠭ ᠮᠢᠬᠠᠯᠢᠭ ᠪᠠᠶᠢᠵᠤ᠂ ᠤᠷᠭᠤᠴᠠ ᠨᠢ ᠰᠠᠶᠢᠨ ᠪᠠᠶᠢᠯ᠎ᠠ᠃ ᠡᠨᠡ ᠨᠢ ᠰᠢᠤᠢ ᠯᠢ ᠵᠧᠨ ᠤ ᠠᠩᠬᠠᠳᠤᠭᠠᠷ ᠵᠢᠯ  ᠲᠤᠮᠤ ᠬᠦᠯᠡᠮᠵᠢ ᠳᠠᠭᠠᠭᠠᠴᠢᠯᠡᠨ ᠠᠪᠴᠤ ᠳᠠᠷᠢᠬᠰᠠᠨ ᠮᠦᠬᠦ  ᠪᠠᠶᠢᠪᠠᠴᠤ ᠬᠠᠨᠤᠮᠵᠢᠳᠡᠢ ᠤᠷᠤᠯᠭ᠎ᠠ ᠨᠢ ᠳᠡᠬᠦᠨ ᠢ ᠪᠠᠶᠠᠷᠯᠠᠭᠤᠯᠤᠨ᠎ᠠ᠃     ᠰᠢᠤᠢ ᠯᠢ ᠵᠧᠨ ᠶᠠᠷᠢᠬᠤ ᠳᠠᠭᠠᠨ᠄《 ᠨᠢᠬᠡ ᠲᠤᠮᠤ ᠬᠦᠯᠡᠮᠵᠢ ᠶᠢᠨ ᠤᠷᠤᠯᠭ᠎ᠠ ᠨᠢ 4 —5 ᠳᠦᠮᠡᠨ ᠳᠦᠬᠦᠷᠢᠭ ᠤᠷᠴᠢᠮ ᠬᠦᠷᠳᠡᠭ᠂ ᠬᠦᠯᠦᠰᠤᠨ ᠠᠵᠢᠯ ᠬᠢᠭᠰᠡᠨ ᠠᠴᠠ ᠬᠤᠯᠠ ᠰᠠᠶᠢᠨ ᠶᠤᠮ》ᠬᠡᠯ᠎ᠠ᠃ ᠰᠢᠤᠢ ᠯᠢ ᠵᠧᠨ ᠰᠤᠷᠪᠤᠯᠵᠢᠯᠠᠬᠴᠢ ᠳᠤ᠂ ᠳᠡᠷᠡ ᠤᠤᠯ ᠨᠢ ᠭᠠᠳᠠᠨ᠎ᠠ ᠬᠦᠯᠦᠰᠦᠨ ᠠᠵᠢᠯ ᠬᠢᠵᠦ ᠪᠠᠶᠢᠬᠤ ᠦᠶ᠎ᠠ  ᠳᠤ ᠶᠠᠭ ᠮᠦᠬᠦ ᠶᠢᠨ ᠠᠵᠤ ᠦᠢᠯᠡᠰ ᠲᠠᠢ ᠬᠤᠯᠪᠤᠭ᠎ᠠ ᠪᠦᠬᠦᠢ ᠠᠵᠢᠯ ᠢ ᠬᠢᠵᠦ ᠪᠠᠶᠢᠬᠰᠠᠨ ᠪᠤᠯᠬᠤᠷ ᠤᠯᠠᠨ ᠠᠵᠢᠯ ᠤᠨ ᠶᠠᠪᠤᠴᠠ ᠶᠢ ᠳᠤᠩ ᠰᠠᠶᠢᠬᠠᠨ ᠡᠵᠡᠮᠰᠢᠭᠰᠡᠨ ᠪᠠᠶᠢᠵᠡᠢ᠃ ᠳᠤᠰᠬᠤᠨ ᠤ ᠬᠠᠮᠳᠤ ᠶᠢᠨ ᠠᠵᠤ ᠠᠬᠤᠢ ᠨᠢ ᠮᠦᠬᠦ ᠶᠢᠨ ᠠᠵᠤ ᠦᠢᠯᠡᠰ ᠢ ᠬᠦᠭᠵᠢᠬᠦᠯᠬᠦ ᠪᠠᠷ ᠪᠤᠯᠤᠬᠰᠠᠨ ᠳᠤ ᠳᠡᠷᠡ ᠳᠠᠳᠠᠭᠠᠯᠵᠠᠯ ᠦᠬᠡᠢ ᠪᠠᠷ ᠦᠪᠡᠷ  ᠢᠶᠠᠨ ᠬᠢᠬᠦ ᠪᠠᠷ ᠰᠢᠢᠳᠴᠡᠢ᠃ ᠡᠨᠡ ᠵᠢᠯ ᠳᠡᠷᠡ 2 ᠲᠤᠮᠤ ᠬᠦᠯᠡᠮᠵᠢ ᠳᠦᠷᠢᠶᠡᠰᠦᠯᠡᠵᠤ᠂ ᠠᠰᠢᠭ ᠤᠷᠤᠯᠭ᠎ᠠ ᠨᠢ 8 ᠳᠦᠮᠡᠨ ᠳᠦᠬᠦᠷᠢᠭ ᠤᠷᠴᠢᠮ  ᠬᠦᠷᠦᠭᠰᠡᠨ ᠳᠤ ᠂ ᠲᠡᠷᠡ ᠠᠮᠳᠠᠨ ᠳᠤᠨᠢ ᠤᠷᠤᠵᠦ᠂ ᠰᠢᠨ᠎ᠡ  ᠪᠤᠳᠤᠯᠭ᠎ᠠ ᠳᠦᠷᠦᠪᠡ ᠬᠡᠪᠡ᠃     ᠰᠢᠤᠢ ᠯᠢ ᠵᠧᠨ ᠬᠡᠯᠡᠬᠦ ᠳᠡᠭᠡᠨ᠄《ᠳᠠᠷᠠᠭ᠎ᠠ ᠵᠢᠯ ᠪᠠᠰᠠ 2 ᠲᠤᠮᠤ ᠬᠦᠯᠡᠮᠵᠢ ᠨᠡᠮᠡᠵᠤ ᠳᠠᠭᠠᠭᠠᠴᠢᠯᠡᠨ ᠠᠪᠬᠤ ᠰᠠᠨᠠᠭ᠎ᠠ ᠲᠠᠢ᠂  ᠪᠤᠷᠤᠯᠠᠭᠤᠯᠭ᠎ᠠ ᠨᠢ ᠰᠠᠶᠢᠨ᠂ ᠦᠨ᠎ᠡ ᠬᠠᠨᠭ᠍ᠰᠢ ᠨᠢ ᠴᠤ ᠲᠤᠬᠢᠷᠠᠮᠵᠢᠳᠡᠢ ᠦᠶ᠎ᠡ ᠳᠤ ᠬᠤᠳᠠᠯᠳᠤᠨ᠎ᠠ᠂ ᠦᠨ᠎ᠡ ᠬᠠᠨᠭ᠍ᠰᠢ ᠨᠢ ᠲᠤᠬᠢᠷᠠᠮᠵᠢ  ᠦᠬᠡᠢ ᠪᠤᠯ ᠬᠠᠳᠠᠭᠠᠬᠰᠠᠨ ᠮᠦᠬᠦ ᠬᠢᠨ᠎ᠡ᠂ ᠬᠠᠳᠠᠭᠠᠬᠰᠠᠨ ᠮᠦᠬᠦ ᠶᠢᠨ ᠦᠨ᠎ᠡ ᠬᠠᠨᠭ᠍ᠰᠢ ᠴᠤ ᠬᠠᠨᠤᠮᠵᠢᠳᠡᠢ》ᠬᠡᠪᠡ᠃ᠤᠶᠢᠯᠠᠭᠠᠬᠰᠠᠨ ᠢᠶᠠᠷ᠂ ᠰᠢᠤᠢ ᠯᠢ ᠵᠧᠨ ᠤ ᠶᠠᠷᠢᠬᠰᠠᠨ ᠰᠢᠭ᠋ ᠢᠶᠠᠷ ᠦᠨ᠎ᠡ ᠬᠠᠨᠭ᠍ᠰᠢ ᠨᠢ ᠲᠤᠬᠢᠷᠠᠮᠵᠢᠳᠡᠢ ᠦᠶ᠎ᠡ ᠳᠤ ᠦᠪᠡᠷ ᠢᠶᠠᠨ ᠬᠤᠳᠠᠯᠳᠤᠵᠤ᠂ ᠦᠨ᠎ᠡ ᠬᠠᠨᠭ᠍ᠰᠢ  ᠨᠢ ᠳᠤᠤᠷ᠎ᠡ ᠦᠶᠡᠰ ᠬᠠᠳᠠᠭᠠᠵᠤ ᠬᠤᠳᠠᠯᠳᠤᠬᠤ ᠠᠴᠠ ᠭᠠᠳᠠᠨ᠎ᠠ᠂ ᠬᠦ᠋ ᠯᠠᠢ ᠰᠢᠶᠠᠩ ᠲᠠᠷᠢᠮᠠᠯ   ᠲᠡᠵᠢᠬᠡᠪᠦᠷᠢ ᠶᠢᠨ ᠲᠤᠰᠬᠠᠢ ᠬᠤᠷᠰᠢᠶᠠᠵᠢᠯ ᠨᠢ ᠪᠠᠰᠠ ᠪᠠᠳᠤᠯᠠᠭᠠᠳᠤ ᠦᠨ᠎ᠡ ᠪᠠᠷ ᠬᠤᠷᠢᠶᠡᠨ ᠠᠪᠴᠤ᠂ ᠳᠠᠷᠢᠶᠠᠴᠢᠳ ᠤᠨ ᠬᠤᠶᠢᠰᠢᠳᠡ ᠶᠢᠨ ᠵᠤᠪᠠᠨᠢᠯ ᠢ ᠰᠢᠢᠳᠪᠦᠷᠢᠯᠡᠪᠡ᠃     ᠳ᠋ᠦᠡᠭ ᠰᠠᠨ ᠶᠤᠤ ᠳᠤᠰᠬᠤᠨ 2020 ᠤᠨ ᠳᠤ ᠮᠦᠬᠦ ᠶᠢᠨ ᠰᠠᠪᠠᠭ᠎ᠠ ᠶᠢᠨ ᠦᠢᠯᠡᠳᠪᠦᠷᠢ ᠪᠠᠶᠢᠭᠤᠯᠵᠤ᠂ ᠳᠤᠰᠬᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠬᠦ ᠶᠢᠨ ᠳᠦᠯᠦᠬᠡ᠂ ᠦᠢᠯᠡᠳᠪᠦᠷᠢ ᠪᠠᠨ ᠬᠦ᠋ ᠯᠡᠢ ᠰᠢᠶᠠᠩ ᠲᠠᠷᠢᠮᠠᠯ ᠲᠠᠵᠢᠬᠡᠪᠦᠷᠢ ᠶᠢᠨ ᠳᠤᠰᠬᠠᠢ  ᠬᠤᠷᠰᠢᠶᠡᠵᠢᠯ ᠳᠤ ᠳᠦᠷᠢᠶᠡᠰᠦᠯᠡᠨ ᠦᠭᠴᠤ ᠡᠵᠡᠩᠨᠡᠯᠳᠡ ᠬᠢᠯᠬᠡᠪᠡ᠃ ᠡᠨᠡ ᠵᠢᠯ 51 ᠳᠦᠮᠡᠨ ᠰᠠᠭᠤᠷᠢ ᠮᠦᠬᠦ ᠶᠢᠨ ᠰᠠᠪᠠᠭ᠎ᠠ ᠦᠢᠯᠡᠳᠪᠦᠷᠢᠯᠡᠵᠤ᠂ ᠳᠤᠰᠬᠤᠨ ᠤ ᠬᠠᠮᠳᠤ ᠶᠢᠨ ᠠᠵᠤ ᠠᠬᠤᠢ ᠨᠢ 15 ᠳᠦᠮᠡᠨ ᠳᠦᠬᠦᠷᠢᠭ ᠤᠨ ᠳᠦᠷᠢᠶᠡᠰᠦᠨ ᠮᠦᠡᠭᠬᠦ ᠤᠯᠪᠠ᠃  ᠡᠬᠦᠨ ᠠᠴᠠ ᠭᠠᠳᠠᠨ᠎ᠠ᠂ ᠳᠤᠬᠠᠢ ᠶᠢᠨ ᠭᠠᠵᠠᠷ ᠤᠨ ᠳᠠᠷᠢᠶᠠᠴᠢᠨ ᠡᠷᠦᠬᠡ ᠮᠦᠬᠦ ᠶᠢᠨ ᠰᠠᠪᠠᠭ᠎ᠠ ᠬᠤᠳᠠᠯᠳᠤᠨ ᠠᠪᠬᠤ ᠳᠤ ᠤᠷᠢᠳ ᠢᠶᠠᠷ ᠬᠠᠭᠠᠰ ᠮᠦᠡᠭᠬᠦ ᠶᠢ ᠨᠢ ᠳᠤᠰᠢᠶᠠᠵᠤ ᠦᠯᠡᠳᠡᠭᠰᠡᠨ ᠬᠠᠭᠠᠰ ᠢ ᠨᠢ ᠮᠦᠬᠦ ᠪᠠᠷ ᠳᠤᠯᠭᠠᠨ ᠬᠠᠰᠤᠵᠤ᠂ ᠳᠠᠷᠢᠶᠠᠴᠢᠳ ᠤᠨ ᠡᠮᠦᠨᠡᠬᠢ ᠬᠤᠭᠤᠴᠠᠭᠠᠨ ᠤ ᠪᠡᠯᠡ ᠤᠷᠤᠭᠤᠯᠤᠯᠳᠠ ᠶᠢᠨ ᠳᠠᠷᠤᠭᠠᠰᠤ ᠶᠢ ᠶᠡᠬᠡᠪᠡᠷ ᠬᠦᠡᠭᠬᠡᠷᠡᠬᠦᠯᠵᠡᠢ᠃ ᠳᠤᠰᠬᠤᠨ ᠤ ᠬᠠᠮᠳᠤ ᠨᠠᠶᠢᠳᠠ + ᠬᠤᠷᠰᠢᠶᠡᠵᠢᠯ + ᠳᠠᠷᠢᠶᠠᠴᠢᠨ ᠡᠷᠦᠬᠡ ᠶᠢᠨ ᠬᠦᠭᠵᠢᠯᠳᠡ ᠶᠢᠨ ᠡᠨᠡᠬᠦ ᠵᠠᠬᠪᠤᠷ ᠢᠶᠠᠷ ᠳᠠᠮᠵᠢᠨ ᠤᠨᠴᠠᠯᠢᠬᠳᠤ ᠠᠵᠤ ᠦᠢᠯᠡᠰ ᠢ ᠬᠦᠭᠵᠢᠬᠦᠯᠵᠤ᠂ ᠬᠦᠳᠡᠭᠡ ᠳᠤᠰᠬᠤᠨ ᠤ ᠬᠠᠮᠳᠤ ᠶᠢᠨ ᠠᠵᠤ ᠠᠬᠤᠢ  ᠶᠢᠨ ᠳᠤᠳᠤᠭᠠᠳᠤ ᠬᠦᠳᠡᠯᠬᠡᠬᠦ ᠬᠦᠴᠦᠨ ᠢ ᠠᠮᠢᠯᠠᠭᠤᠯᠤᠬᠰᠠᠨ ᠢᠶᠠᠷ ᠪᠠᠷᠬᠤ ᠦᠬᠡᠢ᠂  ᠪᠠᠰᠠ ᠠᠵᠤ ᠦᠢᠯᠡᠰ ᠤᠨ ᠳᠠᠰᠤᠷᠡᠯᠳᠡ ᠦᠬᠡᠢ ᠬᠦᠭᠵᠢᠨ ᠪᠤᠵᠠᠭᠠᠶᠢᠷᠠᠬᠤ ᠶᠢ ᠠᠬᠢᠭᠤᠯᠵᠦ᠂ ᠳᠤᠰᠬᠤᠨ ᠤ ᠠᠷᠡᠳ   ᠲᠤ ᠴᠤ ᠦᠨᠡᠨ ᠪᠤᠳᠠᠳᠠᠢ ᠠᠰᠢᠭ ᠬᠦᠷᠳᠡᠭᠡᠭᠰᠡᠨ ᠪᠠᠶᠢᠨ᠎ᠠ᠃     ᠳ᠋ᠦᠡᠭ ᠰᠠᠨ ᠶᠤᠤ ᠳᠤᠰᠬᠤᠨ ᠤ ᠨᠠᠮ ᠤᠨ ᠡᠬᠦᠷ ᠤᠨ ᠱᠦᠵᠢ ᠴᠢᠨ ᠯᠢ ᠵᠢᠶᠦ᠋ᠨ ᠶᠠᠷᠢᠬᠤ ᠳ᠋ᠠ᠋ᠭᠠᠨ᠄《 ᠡᠨᠡ ᠵᠢᠯ ᠪᠠᠰᠠ 10  ᠲᠤᠮᠤ ᠬᠦᠯᠡᠮᠵᠢ ᠪᠠᠶᠢᠭᠤᠯᠵᠤ᠂ ᠲᠤᠰᠬᠠᠶᠢᠯᠠᠨ ᠮᠦᠬᠦ ᠳᠠᠷᠢᠵᠤ ᠳᠤᠰᠬᠤᠨ ᠤ ᠬᠠᠮᠳᠤ ᠶᠢᠨ ᠠᠵᠤ ᠠᠬᠤᠢ ᠶᠢ ᠦᠷᠬᠦᠯᠵᠢᠯᠡᠨ ᠬᠦᠭᠵᠢᠬᠦᠯᠵᠤ᠂ ᠳᠤᠰᠬᠤᠨ ᠤ ᠠᠷᠡᠳ ᠤᠨ ᠮᠦᠬᠦ ᠶᠢᠨ ᠲᠠᠷᠢᠮᠠᠯ ᠤᠨ ᠡᠩᠨᠡᠬᠡᠨ ᠳᠤ ᠦᠷᠬᠦᠯᠵᠢᠯᠡᠨ ᠤᠷᠤᠯᠴᠠᠬᠤ ᠶᠢ ᠵᠤᠷᠢᠬᠵᠢᠭᠤᠯᠤᠨ᠂ ᠮᠦᠬᠦ ᠶᠢ ᠳ᠋ᠦᠡᠭ ᠰᠠᠨ ᠶᠤᠤ ᠳᠤᠰᠬᠤᠨ ᠤ ᠤᠨᠴᠠᠯᠢᠬᠳᠤ ᠠᠵᠤ ᠦᠢᠯᠡᠰ ᠪᠤᠯᠭᠠᠨ ᠬᠦᠭᠵᠢᠬᠦᠯᠵᠤ᠂ ᠳᠤᠰᠬᠤᠨ ᠤ ᠬᠠᠮᠳᠤ ᠶᠢᠨ ᠠᠵᠤ ᠠᠬᠤᠢ ᠶᠢᠨ ᠬᠦᠭᠵᠢᠯᠳᠡ ᠪᠠᠷ ᠳᠤᠰᠬᠤᠨ ᠤ ᠠᠷᠡᠳ ᠤᠨ ᠬᠠᠮᠳᠤᠪᠡᠷ ᠴᠢᠨᠡᠬᠡᠯᠢᠭᠵᠢᠬᠦ ᠶᠢ ᠳᠠᠶᠢᠴᠢᠯᠡᠨ᠎ᠡ》 ᠬᠡᠵᠡᠢ᠃
ᠢᠷᠡᠯᠲᠡ᠄ ᠦᠨᠤᠳᠤᠷ ᠤᠨ ᠵᠡᠭᠦᠡᠭᠠᠷ