ᠵᠡᠭᠦᠨᠭᠠᠷ ᠬᠤᠰᠢᠭᠤᠨ ᠤ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠲᠡᠷᠬᠡᠨ ᠤ ᠳᠦᠷᠦᠯ ᠵᠦᠢᠯ ᠠᠰᠢᠬᠯᠠᠯᠳᠠ ᠳᠤ ᠤᠷᠤᠯ᠎ᠠ
ᠨᠡᠶᠢᠲᠡᠯᠡᠭᠰᠡᠨ ᠴᠠᠭ᠄
2022/1/14
     ᠰᠢᠨ᠎ᠡ ᠤᠨ ᠠᠴᠠ ᠨᠠᠭᠠᠰᠢ᠂ ᠵᠡᠭᠦᠨᠭᠠᠷ ᠠᠵᠤ ᠠᠬᠤᠢ ᠶᠢᠨ ᠨᠡᠬᠡᠭᠡᠯᠳᠡ ᠶᠢᠨ ᠳᠤᠭᠤᠷᠢᠭ ᠲᠤ ᠪᠠᠶᠢᠭ᠎ᠠ ᠦᠪᠤᠷ ᠮᠤᠩᠭᠤᠯ ᠤᠨ ᠲᠢᠶᠧ ᠴᠧᠨ ᠤᠶᠤᠨᠴᠢ ᠳᠤᠨᠤᠬᠯᠠᠯ ᠤᠨ ᠬᠢᠵᠠᠭᠠᠷᠳᠤ ᠺᠤᠮᠫᠠᠨᠢ ᠶᠢᠨ ᠶᠡᠷᠦᠩᠬᠡᠢ ᠤᠬᠰᠠᠷᠠᠭᠤᠯᠬᠤ ᠳᠠᠰᠤᠭ ᠲᠤ᠂ ᠠᠩᠬᠠᠳᠠᠬᠴᠢ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ  ᠶᠢᠨ ᠠᠭᠤᠷᠬᠠᠢ ᠳᠤ ᠬᠡᠷᠡᠭᠯᠡᠬᠦ ᠳᠡᠷᠬᠡ ᠦᠢᠯᠡᠳᠪᠤᠷᠢ ᠠᠴᠠ ᠭᠠᠷᠬᠤ ᠶᠢ ᠳᠠᠭᠠᠯᠳᠤᠨ ᠳᠤᠰ  ᠺᠤᠮᠫᠠᠨᠢ ᠶᠢᠨ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠳᠡᠷᠬᠡᠨ ᠤ ᠳᠦᠷᠦᠯ ᠵᠦᠢᠯ ᠵᠢᠩᠬᠢᠨᠢ ᠪᠠᠷ ᠠᠰᠢᠬᠯᠠᠯᠳᠠ ᠳᠤ ᠤᠷᠤᠬᠰᠠᠨ ᠤ ᠬᠢᠨᠢ ᠪᠡᠯᠬᠡ ᠳᠡᠮᠳᠡᠭ ᠪᠤᠯᠵᠦ᠂ ᠺᠤᠮᠫᠠᠨᠢ  ᠶᠢᠨ ᠪᠤᠬᠢᠷᠳᠤᠯ ᠦᠬᠡᠢ ᠦᠢᠯᠡᠳᠬᠦ ᠪᠠ ᠤᠶᠤᠨᠴᠢ ᠳᠤᠨᠤᠬᠯᠠᠯ ᠦᠢᠯᠡᠳᠬᠦ ᠳᠠᠯ᠎ᠠ ᠪᠠᠷ ᠬᠢ ᠠᠵᠢᠯ ᠳᠦᠷᠦᠯ ᠳᠡᠭᠡᠨ ᠤᠷᠤᠶᠢᠯᠠᠵᠤ ᠪᠠᠶᠢᠭ᠎ᠠ ᠪᠤᠳᠠᠳᠤ ᠬᠦᠴᠤᠨ ᠢ ᠦᠨᠡᠨᠬᠦ ᠢᠯᠡᠷᠡᠬᠦᠯᠦᠭᠰᠡᠨ ᠪᠠᠶᠢᠨ᠎ᠠ᠃ᠤᠳᠤᠬᠠᠨ ᠳᠤ᠂ ᠪᠤᠬᠢᠷᠳᠤᠯ ᠦᠬᠡᠢ ᠬᠦᠭᠵᠢᠯᠳᠡ ᠶᠢ ᠪᠦᠬᠦ ᠳᠠᠯ᠎ᠠ ᠪᠠᠷ ᠶᠠᠪᠤᠬᠳᠠᠭᠤᠯᠵᠦ᠂ ᠪᠠᠷᠢᠯᠭ᠎ᠠ ᠶᠢᠨ ᠮᠧᠬᠠᠨᠢᠭ ᠤᠨ ᠪᠤᠬᠢᠷᠳᠤᠯ ᠦᠬᠡᠢ ᠦᠢᠯᠡᠳᠬᠦ ᠰᠢᠰᠲ᠋ᠧᠮ  ᠢ ᠴᠤᠬᠴᠠᠯᠠᠬᠤ ᠨᠢ ᠠᠵᠢᠯ ᠳᠦᠷᠦᠯ ᠤᠨ ᠬᠦᠭᠵᠢᠯᠳᠡ ᠶᠢᠨ ᠬᠠᠨᠳᠤᠰᠢ ᠪᠤᠯᠵᠤ᠂ ᠨᠠᠩ ᠴᠤ ᠳᠤᠨᠤᠬᠯᠠᠯ ᠦᠢᠯᠡᠳᠬᠦ ᠠᠵᠤ ᠠᠬᠤᠶᠢᠯᠡᠯ ᠤᠨ《ᠬᠤᠤᠰ ᠨᠡᠬᠦᠷᠡᠰᠤᠳᠦ᠋ᠷᠦᠭᠴᠢᠳᠤ》 ᠶᠢᠨ ᠪᠠᠶᠢᠯᠳᠤᠬᠤ ᠪᠤᠳᠤᠯᠭ᠎ᠠ ᠶᠢ ᠨᠠᠶᠢᠳᠠᠪᠤᠷᠢᠵᠢᠭᠤᠯᠬᠤ᠂ ᠰᠢᠨ᠎ᠠ ᠵᠠᠬ᠎ᠠ ᠳᠡᠯᠬᠡᠬᠦᠷ ᠢ ᠡᠬᠦᠳᠬᠦ ᠶᠢᠨ ᠬᠡᠷᠡᠭᠴᠡᠭᠡ ᠪᠤᠯᠵᠤ᠂ ᠠᠵᠤ ᠠᠬᠤᠶᠢᠯᠡᠯ ᠤᠨ ᠦᠷᠬᠦᠯᠵᠢᠯᠡᠭᠰᠡᠨ ᠬᠦᠭᠵᠢᠯᠳᠡ ᠶᠢ ᠪᠡᠶᠡᠯᠡᠬᠦᠯᠬᠦ ᠵᠠᠶᠢᠯᠠᠰᠢ ᠦᠬᠡᠢ ᠱᠠᠭᠠᠷᠳᠠᠯᠭ᠎ᠠ ᠪᠤᠯᠤᠬᠰᠠᠨ ᠪᠠᠶᠢᠨ᠎ᠠ᠃ ᠪᠤᠬᠢᠷᠳᠤᠯ ᠦᠬᠡᠢ ᠬᠦᠭᠵᠢᠯᠳᠡ ᠶᠢᠨ ᠤᠨᠤᠯᠵᠢᠭᠤᠨ ᠢ ᠪᠠᠷᠢᠮᠳᠡᠯᠡᠵᠤ ᠂《ᠬᠤᠤᠰ ᠨᠡᠬᠦᠷᠡᠰᠤᠳᠦ᠋ᠷᠦᠭᠴᠢᠳᠤ 》 ᠶᠢᠨ ᠪᠠᠶᠢᠯᠳᠤᠬᠤ ᠪᠤᠳᠤᠯᠭ᠎ᠠ ᠶᠢ ᠬᠦᠨᠵᠡᠬᠡᠢ ᠳᠤᠭᠤᠰᠢᠯᠠᠭᠤᠯᠵᠤ᠂ ᠦᠪᠤᠷ ᠮᠤᠩᠭᠤᠯ ᠤᠨ ᠲᠢᠶᠧ ᠴᠧᠨ ᠤᠶᠤᠨᠴᠢ ᠳᠤᠨᠤᠬᠯᠠᠯ ᠦᠢᠯᠡᠳᠬᠦ ᠬᠢᠵᠠᠭᠠᠷᠳᠤ ᠺᠤᠮᠫᠠᠨᠢ ᠨᠢ ᠤᠶᠤᠨᠴᠢ ᠳᠤᠨᠤᠬᠯᠠᠯ ᠦᠢᠯᠡᠳᠬᠦ᠂ ᠪᠤᠬᠢᠷᠳᠤᠯ ᠦᠬᠡᠢ ᠦᠢᠯᠡᠳᠬᠦ ᠪᠠᠷ ᠬᠠᠷᠠᠯᠳᠠ ᠪᠠᠨ ᠪᠤᠯᠭᠠᠬᠰᠠᠨ ᠮᠡᠷᠬᠡᠵᠢᠯ ᠤᠨ ᠰᠢᠪᠳᠤᠯᠤᠯᠳᠠ ᠬᠢᠵᠦ᠂ ᠰᠢᠨᠵᠢᠯᠡᠬᠦ ᠤᠬᠠᠭᠠᠨ ᠮᠡᠷᠬᠡᠵᠢᠯ ᠢᠶᠠᠷ ᠡᠨᠧᠷᠬᠢ ᠤᠯᠭᠤᠬᠤ᠂ 5G   ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠵᠢᠨ‌ᠠᠭᠤᠷᠬᠠᠢ ᠳᠤ ᠬᠡᠷᠡᠭᠯᠡᠬᠦ ᠳᠡᠷᠬᠡᠨ ᠤ ᠠᠯᠢ ᠤᠯᠠᠨ ᠳᠦᠷᠦᠯ ᠵᠦᠢᠯ ᠢ ᠢᠳᠡᠪᠬᠢᠳᠡᠢ ᠰᠤᠳᠤᠯᠤᠨ ᠨᠡᠬᠡᠬᠡᠵᠤ᠂《ᠬᠤᠤᠰ ᠨᠡᠬᠦᠷᠡᠰᠤᠳᠦ᠋ᠷᠦᠭᠴᠢᠳᠤ》ᠪᠠ ᠪᠤᠬᠢᠷᠳᠤᠯ ᠦᠬᠡᠢ ᠠᠭᠤᠷᠬᠠᠢ ᠶᠢᠨ ᠤᠷᠤᠨ ᠤ ᠪᠦᠳᠦᠬᠡᠨ ᠪᠠᠶᠢᠭᠤᠯᠤᠯᠳᠠ ᠳᠤ ᠰᠢᠨ᠎ᠡ ᠬᠦᠴᠦᠨ ᠨᠡᠮᠡᠷᠢᠯᠡᠬᠦ ᠪᠠᠷ ᠪᠠᠶᠢᠨ᠎ᠠ᠃   《 ᠵᠡᠭᠦᠨᠭᠠᠷ ᠬᠤᠰᠢᠭᠤ ᠨᠢ ᠡᠬᠢ ᠪᠠᠶᠠᠯᠢᠭ ᠤᠨ ᠬᠡᠯᠪᠡᠷᠢ ᠶᠢᠨ ᠭᠠᠵᠠᠷ ᠤᠷᠤᠨ ᠳᠤ ᠬᠠᠷᠢᠶᠠᠯᠠᠬᠳᠠᠵᠤ᠂ ᠨᠡᠬᠦᠷᠡᠰᠤᠨ ᠤ ᠡᠬᠢ ᠪᠠᠶᠠᠯᠢᠭ ᠡᠯᠪᠡᠭ ᠲᠡᠯᠪᠡᠭ᠂ ᠠᠭᠤᠷᠬᠠᠢ ᠳᠤ ᠬᠡᠷᠡᠭᠯᠡᠬᠦ ᠳᠡᠷᠬᠡᠨ ᠤ ᠬᠡᠷᠡᠭᠴᠡᠭᠡ ᠱᠠᠭᠠᠷᠳᠠᠯᠭ᠎ᠠ ᠨᠡᠯᠢᠶᠡᠳ ᠶᠡᠭᠡ ᠪᠤᠯᠬᠤᠷ ᠳᠤᠨᠤᠬᠯᠠᠯ ᠦᠢᠯᠡᠳᠬᠦ ᠦᠢᠯᠡᠰ ᠨᠢ ᠳᠤᠬᠠᠢ ᠶᠢᠨ ᠭᠠᠵᠠᠷ ᠲᠠᠭᠠᠨ ᠬᠤᠭᠤᠰᠤᠨ ᠪᠠᠶᠢᠬᠰᠠᠭᠠᠷ᠃ ᠤᠳᠤᠬᠠᠨ ᠳᠤ ᠮᠠᠨ ᠤ ᠺᠤᠮᠫᠠᠨᠢ ᠰᠤᠳᠤᠯᠤᠨ ᠨᠡᠬᠡᠬᠡᠬᠦ᠂  ᠦᠢᠯᠡᠳᠪᠦᠷᠢᠯᠡᠬᠦ᠂ ᠪᠤᠷᠤᠯᠠᠭᠤᠯᠬᠤ ᠶᠢ ᠨᠢᠬᠡ ᠴᠤᠬᠴᠠᠵᠢᠭᠤᠯᠤᠬᠰᠠᠨ ᠠᠭᠤᠷᠬᠠᠢ ᠳᠤ ᠬᠡᠷᠡᠭᠯᠡᠬᠦ ᠳᠡᠷᠬᠡ ᠶᠢ ᠦᠢᠯᠡᠳᠬᠦ ᠴᠢᠳᠠᠪᠤᠷᠢ  ᠲᠠᠢ ᠪᠠᠶᠢᠵᠦ᠂ ᠲᠠᠭᠠᠯᠳᠠ ᠰᠢᠯᠢᠳᠡᠭ ᠠᠵᠤ ᠠᠬᠤᠶᠢᠯᠡᠯ ᠤᠨ ᠪᠦᠬᠡᠨᠡᠷᠡᠭᠰᠡᠨ ᠴᠢᠨᠡᠷ ᠰᠠᠶᠢᠳᠡᠢ ᠬᠦᠭᠵᠢᠯᠳᠡ ᠶᠢ ᠳᠠᠶᠢᠴᠢᠯᠠᠵᠤ᠂ ᠳᠤᠬᠠᠢ ᠶᠢᠨ ᠭᠠᠵᠠᠷ ᠤᠷᠤᠨ ᠤ ᠠᠵᠤ ᠠᠬᠤᠢ ᠵᠢᠴᠢ  ᠪᠤᠬᠢᠷᠳᠤᠯ ᠦᠬᠡᠢ ᠠᠭᠤᠷᠬᠠᠢ ᠶᠢᠨ ᠤᠷᠤᠨ ᠤ ᠪᠦᠳᠦᠬᠡᠨ ᠪᠠᠶᠢᠭᠤᠯᠤᠯᠳᠠ  ᠳᠤ ᠡᠬᠢ ᠰᠤᠷᠪᠤᠯᠵᠢ ᠠᠴᠠ ᠨᠢ ᠠᠮᠢᠵᠢᠷᠡᠯ ᠤᠨ ᠬᠦᠴᠤᠨ ᠤᠯᠭᠤᠬᠤ ᠶᠢ ᠬᠦᠰᠡᠵᠤ ᠪᠠᠶᠢᠨ᠎ᠠ》ᠬᠡᠵᠤ ᠦᠪᠤᠷ ᠮᠤᠩᠭᠤᠯ ᠤᠨ ᠲᠢᠶᠧ ᠴᠧᠨ ᠤᠶᠤᠨᠴᠢ ᠳᠤᠨᠤᠬᠯᠠᠯ  ᠤᠨ ᠬᠢᠵᠠᠭᠠᠷᠳᠤ ᠺᠤᠮᠫᠠᠨᠢ ᠶᠢᠨ ᠳᠡᠳ᠋ ᠳᠠᠭᠠᠭᠠᠮᠠᠯ ᠼᠦᠢ ᠸᠧᠨ ᠢᠤᠢ ᠶᠠᠷᠢᠨ᠎ᠡ᠃     ᠲᠢᠶᠧ ᠴᠧᠨ ᠤᠶᠤᠨᠴᠢ ᠳᠤᠨᠤᠬᠯᠠᠯ ᠤᠨ ᠬᠢᠵᠠᠭᠠᠷᠲᠤ ᠺᠤᠮᠫᠠᠨᠢ ᠶᠢᠨ ᠶᠡᠷᠦᠩᠬᠡᠢ ᠤᠬᠰᠠᠷᠠᠭᠤᠯᠬᠤ ᠳᠠᠰᠤᠭ ᠲᠤ᠂ ᠮᠠᠰᠢᠨ ᠳᠤᠨᠤᠭ ᠬᠦᠷᠴᠢᠬᠢᠨᠡᠵᠤ᠂ ᠴᠤ᠋ ᠰᠢᠨ᠎ᠡ ᠤᠶᠤᠨᠴᠢᠯᠠᠬᠰᠠᠨ ᠦᠢᠯᠡᠳᠪᠦᠷᠢᠯᠡᠯ ᠤᠨ ᠱᠤᠭᠤᠮ ᠳᠡᠬᠡᠷ᠎ᠡ ᠠᠵᠢᠯᠴᠢᠳ ᠤᠬᠰᠠᠷᠠᠭᠤᠯᠤᠨ ᠳᠠᠭᠠᠷᠠᠭᠤᠯᠬᠤ ᠠᠵᠢᠯ  ᠢ ᠬᠢᠵᠤ᠂ 38 ᠮᠢᠨᠦ᠋ᠲ ᠪᠦᠷᠢ ᠨᠢᠬᠡ ᠰᠠᠭᠤᠷᠢ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠵᠢᠨ‌ᠠᠭᠤᠷᠬᠠᠢ ᠳᠤ ᠬᠡᠷᠡᠭᠯᠡᠬᠦ ᠳᠡᠷᠬᠡ ᠦᠢᠯᠡᠳᠪᠤᠷᠢᠯᠡᠵᠦ ᠪᠠᠶᠢᠨ᠎ᠠ᠃ ᠳᠤᠰ ᠺᠤᠮᠫᠠᠨᠢ ᠨᠢ ᠳᠤᠨᠤᠬᠯᠠᠯ ᠦᠢᠯᠡᠳᠬᠦ ᠢᠷᠡᠬᠡᠳᠦᠢ ᠶᠢᠨ ᠬᠦᠭᠵᠢᠯᠳᠡ ᠶᠢᠨ ᠴᠢᠭᠯᠡᠯ  ᠢᠶᠠᠨ ᠲᠤᠭᠳᠠᠭᠠᠵᠦ᠂ ᠬᠡᠷᠡᠭᠯᠡᠬᠡᠨ ᠤ ᠤᠶᠤᠨ ᠴᠢᠳᠠᠪᠤᠷᠢ᠂ ᠡᠨᠧᠷᠬᠢ ᠠᠷᠪᠢᠯᠠᠬᠤ ᠮᠡᠷᠬᠡᠵᠢᠯ ᠤᠨ ᠰᠢᠨ᠎ᠠ ᠶᠢ ᠡᠬᠦᠳᠴᠤ᠂ ᠳᠤᠨᠤᠭ ᠳᠦᠬᠦᠬᠡᠷᠦᠮᠵᠢ  ᠨᠢ ᠲᠦᠡᠭᠬᠡᠵᠢ ᠦᠢᠯᠡᠳᠪᠤᠷᠢᠯᠡᠯ ᠤᠨ ᠱᠤᠭᠤᠮ ᠠᠴᠠ ᠭᠠᠷᠬᠤ ᠲᠠᠢ ᠵᠡᠷᠬᠡ  ᠬᠡᠷᠡᠭᠯᠡᠭᠴᠢᠳ ᠤᠨ ᠬᠠᠯᠠᠭᠤᠨ ᠬᠦᠷᠢᠶᠡᠯᠡᠯ ᠢ ᠤᠯᠤᠬᠰᠠᠨ ᠪᠠᠶᠢᠨ᠎ᠠ᠃   《2 ᠵᠢᠯ ᠭᠠᠷᠤᠢ ᠶᠢᠨ ᠪᠦᠳᠦᠬᠡᠨ ᠪᠠᠶᠢᠭᠤᠯᠤᠯᠳᠠ ᠪᠠᠷ ᠳᠠᠮᠵᠢᠨ᠂ ᠳᠦᠷᠦᠯ ᠵᠦᠢᠯ ᠮᠠᠨᠢ ᠤᠳᠤ ᠵᠢᠩᠬᠢᠨᠢ ᠪᠠᠷ ᠠᠰᠢᠬᠯᠠᠯᠳᠠ ᠳᠤ ᠤᠷᠤᠵᠤ᠂ ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠳᠡᠷᠬᠡ ᠶᠢ ᠦᠢᠯᠡᠳᠪᠦᠷᠢᠯᠡᠵᠤ ᠪᠤᠢ᠃ ᠤᠳᠤᠬᠠᠨ ᠳᠤ᠂ ᠺᠤᠮᠫᠠᠨᠢ ᠠᠴᠠ ᠨᠢᠬᠡᠨᠳᠡ ᠤᠶᠢᠷ᠎ᠡ ᠬᠠᠪᠢ ᠶᠢᠨ ᠬᠡᠷᠡᠭᠯᠡᠭᠴᠢᠳ ᠤᠨ ᠶᠡᠭᠡ ᠬᠡᠮᠵᠢᠶᠡᠨ ᠤ ᠵᠠᠬᠢᠶᠠᠯᠠᠭ᠎ᠠ ᠶᠢ ᠳᠤᠰᠴᠤ᠂ ᠭᠤᠤᠯᠳᠠᠭᠤ ᠡᠨᠧᠷᠬᠢ᠂ ᠳᠡᠬᠡᠬᠡᠪᠦᠷᠢ ᠶᠢᠨ ᠬᠦᠷᠢᠶᠡᠨ ᠳᠠᠬᠢ ᠬᠤᠯᠪᠤᠬᠳᠠᠯ ᠪᠦᠬᠦᠢ ᠠᠵᠤ ᠠᠬᠤᠶᠢᠯᠡᠯ ᠠᠴᠠ ᠢᠷᠡᠯᠳᠡ ᠲᠠᠢ ᠪᠠᠶᠢᠨ᠎ᠠ》ᠬᠡᠵᠤ ᠼᠦᠢ ᠸᠧᠨ ᠢᠤᠢ ᠶᠠᠷᠢᠨ᠎ᠡ᠃     ᠲᠢᠶᠧ ᠴᠧᠨ ᠤᠶᠤᠨᠴᠢ ᠳᠤᠨᠤᠭᠯᠠᠯ ᠤᠨ ᠺᠤᠮᠫᠠᠨᠢ ᠠᠴᠠ ᠦᠢᠯᠡᠳᠦᠭᠰᠡᠨ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠳᠡᠷᠬᠡ ᠨᠢ ᠠᠭᠤᠷᠬᠠᠢ ᠶᠢᠨ ᠤᠷᠤᠨ ᠳᠤ ᠤᠨᠤᠪᠴᠢᠳᠡᠢ ᠮᠦᠷᠳᠡᠬᠡᠨ ᠠᠦ᠋ᠲ᠋ᠤ᠋ ᠪᠠᠷ ᠯᠠᠪᠳᠠᠭᠤᠨ ᠰᠠᠪᠠᠯᠠᠬᠤ᠂ ᠳᠡᠬᠡᠬᠡᠪᠦᠷᠢᠯᠡᠬᠦ᠂ ᠤᠶᠢᠷᠠᠳᠤᠨ ᠵᠤᠬᠰᠤᠬᠤ᠂ ᠪᠡᠶ᠎ᠡ ᠪᠠᠨ ᠳᠠᠭᠠᠭᠠᠵᠤ ᠬᠠᠷᠰᠢ ᠰᠠᠭᠠᠳ ᠠᠴᠠ ᠵᠠᠶᠢᠯᠠᠬᠤ ᠵᠡᠷᠬᠡ ᠴᠢᠳᠠᠪᠤᠷᠢ ᠲᠠᠢ  ᠠᠵᠢᠯᠯᠠᠵᠦ ᠪᠠᠶᠢᠨ᠎ᠠ᠃ ᠡᠬᠦᠨ ᠤ ᠲᠠᠭᠠᠤ ᠲᠡᠷᠬᠡᠨ ᠳᠤ ᠤᠷᠴᠢᠨ ᠳᠤᠭᠤᠷᠢᠨ ᠢ ᠰᠡᠷᠡᠵᠤ ᠮᠡᠳᠡᠬᠦ ᠰᠢᠰᠲ᠋ᠧᠮ᠂ ᠦᠢᠯᠡ ᠠᠵᠢᠯᠯᠠᠭ᠎ᠠ ᠶᠢ ᠡᠵᠡᠮᠳᠡᠬᠦ᠂ ᠪᠠᠶᠢᠷᠢ ᠳᠤᠬᠳᠠᠭᠠᠬᠤ ᠰᠢᠰᠲ᠋ᠧᠮ ᠵᠢᠴᠢ ᠨᠠᠷᠢᠯᠢᠭ ᠤᠨᠤᠪᠴᠢᠳᠡᠢ ᠭᠠᠵᠠᠷ ᠤᠨ ᠵᠢᠷᠤᠭ ᠢ ᠳᠠᠭᠠᠷᠠᠭᠤᠯᠵᠤ᠂ ᠠᠭᠤᠷᠬᠠᠢ ᠶᠢᠨ ᠤᠷᠤᠨ ᠤ ᠳᠤᠬᠢᠷᠠᠭᠤᠯᠤᠯᠳᠠ ᠵᠢᠯᠤᠭᠤᠳᠤᠯᠭ᠎ᠠ ᠶᠢᠨ ᠵᠠᠷᠯᠢᠭ ᠶᠤᠰᠤᠭᠠᠷ ᠬᠦᠮᠦᠨ ᠠᠵᠢᠯᠯᠠᠬᠤ ᠦᠬᠡᠢ ᠪᠠᠶᠢᠳᠠᠯ ᠳᠤᠤᠷ᠎ᠡ ᠨᠠᠷᠢᠯᠢᠭ ᠤᠨᠤᠪᠴᠢᠳᠡᠢ ᠡᠷᠬᠢᠯᠳᠡᠳᠤ ᠠᠵᠢᠯ ᠢ ᠪᠡᠶᠡᠯᠡᠬᠦᠯᠵᠤ᠂ ᠦᠪᠡᠷ ᠤᠨ ᠦᠷᠳᠡᠭ ᠢᠶᠠᠷ ᠳᠤᠤᠷ᠎ᠡ᠂ ᠦᠨᠳᠦᠷ ᠦᠷ᠎ᠡ ᠠᠰᠢᠭ ᠪᠦᠬᠦᠢ ᠠᠭᠤᠷᠬᠠᠢ ᠶᠢᠨ ᠤᠷᠤᠨ ᠤ ᠦᠢᠯᠡᠳᠪᠦᠷᠢᠯᠡᠯ ᠡᠵᠡᠩᠨᠡᠯᠳᠡ ᠶᠢᠨ ᠬᠠᠷᠠᠯᠳᠠ ᠳᠤ ᠬᠦᠷᠴᠤ ᠴᠢᠳᠠᠨ᠎ᠠ᠃     《ᠤᠯᠤᠰ ᠤᠨ〈 ᠬᠤᠤᠰ ᠨᠡᠬᠦᠷᠡᠰᠤᠳᠦ᠋ᠷᠦᠭᠴᠢᠳᠤ〉 ᠶᠢᠨ ᠤᠷᠢᠶᠠᠯᠠᠭ᠎ᠠ ᠶᠢ ᠢᠳᠡᠪᠬᠢᠳᠡᠢ  ᠴᠤᠤᠷᠢᠶᠠᠳᠤᠨ ᠲᠠᠭᠠᠵᠦ᠂ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠳᠡᠷᠬᠡᠨ ᠤ ᠬᠡᠷᠡᠭᠯᠡᠯᠳᠡ ᠨᠢ ᠡᠨᠧᠷᠬᠢ ᠶᠢ ᠠᠷᠪᠢᠯᠡᠨ ᠪᠤᠬᠢᠷᠳᠤᠯ ᠢ ᠪᠠᠭᠠᠰᠬᠠᠬᠤ᠂ ᠬᠤᠷᠤᠬᠳᠠᠯ ᠢ ᠪᠠᠭᠤᠷᠠᠭᠤᠯᠬᠤ ᠶᠢᠨ ᠬᠠᠮᠳᠤ ᠵᠠᠳᠠᠭᠠᠢ ᠨᠡᠬᠦᠷᠡᠰᠦᠨ ᠠᠭᠤᠷᠬᠠᠢ ᠶᠢᠨ ᠠᠵᠢᠯᠴᠢᠨ ᠡᠯᠰᠡᠬᠦ ᠳᠤ  ᠬᠦᠴᠢᠷ᠂ ᠬᠦᠮᠦᠨ ᠬᠡᠷᠡᠭᠯᠡᠬᠦ ᠳᠤ ᠬᠦᠴᠢᠷ ᠪᠠ ᠠᠮᠤᠷ ᠲᠦᠪᠰᠢᠨ ᠤ ᠠᠰᠠᠭᠤᠳᠠᠯ ᠢ ᠰᠢᠢᠳᠪᠦᠷᠢᠯᠡᠪᠡ᠃ ᠤᠳᠤᠬᠠᠨ ᠳᠤ ᠪᠡᠬᠡᠵᠢᠩ᠂ ᠱᠠᠩᠬᠠᠢ᠂ ᠵᠢᠶᠠᠩᠰᠤ᠂  ᠪᠤᠭᠤᠳᠤ ᠳᠤ ᠪᠦᠷ ᠮᠠᠨ ᠤ ᠰᠤᠳᠤᠯᠤᠨ ᠨᠡᠬᠡᠬᠡᠬᠦ ᠳᠦᠪ ᠲᠠᠢ ᠪᠠᠶᠢᠵᠦ᠂ ᠮᠠᠨ ᠤ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠮᠡᠷᠬᠡᠵᠢᠯ ᠪᠤᠯᠪᠠᠰᠤᠷᠠᠩᠭᠤᠢ ᠪᠤᠯᠵᠤ᠂ ᠵᠠᠬ᠎ᠠ ᠳᠡᠯᠬᠡᠬᠦᠷ ᠤᠨ ᠢᠷᠡᠬᠡᠳᠦᠢ ᠴᠤ ᠦᠷᠬᠡᠨ ᠠᠭᠤᠳᠠᠮ ᠪᠠᠶᠢᠨ᠎ᠠ》ᠬᠡᠵᠤ ᠼᠦᠢ ᠸᠧᠨ ᠢᠤᠢ ᠶᠠᠷᠢᠨ᠎ᠡ᠃     ᠦᠢᠯᠡᠳᠬᠦ ᠠᠵᠢᠯ ᠳᠦᠷᠦᠯ ᠳᠤ᠂ ᠰᠢᠨᠵᠢᠯᠡᠬᠦ ᠤᠬᠠᠭᠠᠨ ᠮᠡᠷᠬᠡᠵᠢᠯ ᠤᠨ ᠬᠡᠯᠪᠡᠷᠢ ᠳᠡᠶᠢᠰᠢ ᠬᠤᠪᠢᠷᠠᠬᠤ ᠨᠢ《 ᠰᠤᠩᠭᠤᠬᠤ ᠰᠡᠳᠦᠪ》ᠨᠢᠬᠡᠨᠳᠡ ᠪᠢᠰᠢ ᠪᠤᠯᠵᠦ ᠂ ᠬᠠᠷᠢᠨ ᠰᠢᠨᠵᠢᠯᠡᠬᠦ ᠤᠬᠠᠭᠠᠨ ᠮᠡᠷᠬᠡᠵᠢᠯ ᠤᠨ ᠬᠡᠯᠪᠡᠷᠢ ᠶᠢᠨ ᠠᠵᠤ ᠠᠬᠤᠶᠢᠯᠡᠯ ᠤᠨ《 ᠵᠡᠪᠡᠯ ᠰᠤᠩᠭᠤᠬᠤ ᠰᠡᠳᠦᠪ》ᠪᠤᠯᠤᠬᠰᠠᠨ ᠪᠠᠶᠢᠨ᠎ᠠ᠃ ᠰᠢᠨᠵᠢᠯᠡᠬᠦ ᠤᠬᠠᠭᠠᠨ ᠮᠡᠷᠬᠡᠵᠢᠯ ᠤᠨ ᠬᠡᠯᠪᠡᠷᠢ ᠶᠢᠨ ᠠᠵᠤ ᠠᠬᠤᠶᠢᠯᠡᠯ ᠳᠤ ᠠᠪᠴᠤ ᠬᠡᠯᠡᠪᠡᠯ᠂ ᠤᠶᠤᠨᠴᠢ ᠴᠢᠨᠡᠷ ᠢᠶᠠᠷ ᠦᠨᠳᠦᠷ᠂ ᠠᠮᠤᠷ ᠲᠦᠪᠰᠢᠨ ᠴᠢᠨᠡᠷ ᠢᠶᠠᠷ ᠴᠢᠩᠭ᠎ᠠ ᠳᠤᠨᠤᠭ ᠳᠦᠬᠦᠬᠡᠷᠦᠮᠵᠢ ᠦᠢᠯᠡᠳᠬᠦ ᠪᠤᠯ ᠪᠤᠬᠢᠷᠳᠤᠯ ᠦᠬᠡᠢ ᠨᠡᠬᠦᠷᠡᠰᠦᠳᠦ᠋ᠷᠦᠭᠴᠢ ᠪᠠᠭ᠎ᠠ ᠭᠠᠳᠠᠬᠰᠢᠯᠠᠭᠤᠯᠬᠤ ᠳᠤ ᠨᠠᠶᠢᠴᠡᠬᠦᠯᠬᠦ ᠶᠢᠨ ᠵᠠᠩᠬᠢᠯᠠᠭ᠎ᠠ ᠪᠤᠯᠤᠨ᠎ᠠ᠃ ᠬᠠᠷᠢᠨ ᠰᠢᠨᠵᠢᠯᠡᠬᠦ ᠤᠬᠠᠭᠠᠨ ᠮᠡᠷᠬᠡᠵᠢᠯ ᠤᠨ ᠡᠷᠡᠬᠦᠯ ᠬᠦᠭᠵᠢᠯᠳᠡ ᠨᠢ ᠬᠦᠴᠦᠷᠭᠡᠭ ᠶᠡᠭᠡ ᠪᠦᠭᠡᠳ ᠪᠦᠷᠢᠨ ᠳᠡᠬᠦᠯᠳᠡᠷ ᠰᠢᠨᠵᠢᠯᠡᠬᠦ ᠤᠬᠠᠭᠠᠨ ᠮᠡᠷᠬᠡᠵᠢᠯ ᠤᠨ ᠳᠤᠯᠭᠠᠭᠤᠷᠢᠯᠡᠯ  ᠠᠴᠠ ᠰᠠᠯᠵᠤ ᠴᠢᠳᠠᠬᠤ ᠦᠬᠡᠢ ᠶᠤᠮ᠃ ᠡᠶᠢᠮᠦ ᠠᠴᠠ ᠲᠢᠶᠧ ᠴᠧᠨ ᠤᠶᠤᠨᠴᠢ ᠺᠤᠮᠫᠠᠨᠢ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠶᠢ ᠡᠬᠦᠳᠬᠦ ᠪᠠᠷ ᠨᠢᠷᠤᠭᠤᠪᠴᠢ ᠪᠤᠯᠭᠠᠵᠤ᠂ ᠠᠵᠤ ᠦᠢᠯᠡᠰ ᠤᠨ ᠡᠬᠢ ᠪᠠᠶᠠᠯᠢᠭ ᠢ ᠨᠡᠶᠢᠳᠬᠡᠵᠤ᠂ ᠰᠢᠨᠵᠢᠯᠡᠬᠦ ᠤᠬᠠᠭᠠᠨ ᠮᠡᠷᠬᠡᠵᠢᠯ ᠳᠤ ᠬᠠᠷᠢᠶᠠᠯᠠᠬᠳᠠᠬᠤ ᠪᠤᠬᠢᠷᠳᠤᠯ ᠦᠬᠡᠢ ᠬᠦᠭᠵᠢᠯᠳᠡ ᠶᠢᠨ ᠵᠠᠮ ᠢᠶᠠᠷ ᠵᠠᠮᠨᠠᠪᠠ᠃    《ᠤᠳᠤᠬᠠᠨ ᠳᠤ᠂ ᠮᠠᠨ ᠤ ᠺᠤᠮᠫᠠᠨᠢ ᠶᠢᠨ ᠴᠡᠪᠡᠷ ᠴᠠᠬᠢᠯᠭᠠᠨ ᠬᠦᠳᠡᠯᠬᠡᠬᠦᠷ ᠤᠨ ᠵᠢᠯᠤᠭᠤᠴᠢ ᠦᠬᠡᠢ ᠦᠷᠬᠡᠨ ᠪᠡᠶᠡᠳᠤ ᠳᠡᠷᠬᠡ ᠨᠢ ᠤᠯᠤᠰ ᠤᠨ ᠳᠤᠳᠤᠭᠠᠳᠤ  ᠶᠢᠨ ᠬᠠᠮᠤᠭ ᠤᠨ ᠳᠡᠷᠢᠬᠦᠨ ᠤ ᠵᠢᠬᠰᠠᠭᠠᠯᠳᠠ ᠳᠤ ᠤᠷᠤᠵᠦ᠂ ᠳᠡᠯᠡᠬᠡᠢ ᠳᠡᠬᠡᠷ᠎ᠡ ᠴᠤ ᠲᠦᠷᠦᠬᠦᠯᠡᠵᠦ ᠪᠠᠶᠢᠨ᠎ᠠ᠃ ᠤᠳᠤᠬᠠᠨ ᠳᠤ ᠵᠠᠬ᠎ᠠ ᠲᠡᠯᠬᠡᠬᠦᠷ ᠲᠡᠭᠡᠷ᠎ᠠ ᠪᠠᠶᠢᠭ᠎ᠠ ᠳᠤᠮᠤ ᠳᠤᠨ ᠤ ᠬᠡᠯᠪᠡᠷᠢ ᠶᠢᠨ ᠲᠡᠷᠬᠡᠨ ᠤ ᠬᠦᠷᠳᠤ ᠨᠢ ᠬᠡᠳᠦᠶᠢᠪᠡᠷ ᠴᠠᠬᠢᠯᠭᠠᠨ ᠬᠦᠳᠡᠯᠬᠡᠬᠦᠷᠢᠳᠤ ᠪᠤᠯᠪᠠᠴᠤ ᠳᠡᠷᠬᠡᠨ ᠤ ᠡᠨᠧᠷᠬᠢ ᠨᠢ ᠪᠠᠰᠠ ᠯᠠ ᠴᠠᠶᠢᠶ᠋ᠢᠦ ᠳᠤᠰᠤ ᠪᠠᠶᠢᠵᠤ᠂ ᠴᠠᠶᠢᠶ᠋ᠢᠦ ᠳᠤᠰᠤ ᠪᠠᠷ ᠴᠠᠬᠢᠯᠭᠠᠨ ᠭᠠᠷᠭᠠᠵᠤ ᠴᠠᠬᠢᠯᠭᠠᠨ ᠬᠦᠳᠡᠯᠬᠡᠬᠦᠷᠢᠳᠤ ᠠᠷᠠᠭᠠᠳᠤ ᠬᠦᠷᠳᠤ ᠪᠠᠷ ᠬᠦᠳᠡᠯᠬᠡᠳᠡᠭ᠃ ᠲᠡᠬᠦᠨ ᠤ ᠬᠠᠮᠤᠭ  ᠤᠨ ᠠᠩᠬᠠᠨ ᠤ ᠡᠨᠧᠷᠬᠢ ᠨᠢ ᠴᠡᠪᠡᠷ ᠴᠠᠬᠢᠯᠭᠠᠨ ᠬᠦᠳᠡᠯᠬᠡᠬᠦᠷ ᠪᠢᠰᠢ ᠶᠤᠮ᠂ ᠪᠢᠳᠠᠨ ᠤ ᠦᠢᠯᠡᠳᠦᠭᠰᠡᠨ ᠲᠡᠷᠬᠡ ᠪᠤᠯ ᠪᠦᠷᠢᠮᠦᠰᠦᠨ ᠴᠡᠪᠡᠷ ᠴᠠᠬᠢᠯᠭᠠᠨ ᠬᠦᠳᠡᠯᠬᠡᠬᠦᠷ᠂  ᠪᠤᠬᠢᠷᠳᠤᠯ ᠦᠬᠡᠢ ᠡᠨᠧᠷᠬᠢ ᠶᠢᠨ ᠵᠢᠯᠤᠭᠤᠴᠢ ᠦᠬᠡᠢ ᠦᠢᠯᠡᠳᠬᠦᠨ ᠪᠤᠯᠤᠨ᠎ᠠ》ᠬᠡᠵᠤ ᠳᠤᠰ ᠺᠤᠮᠫᠠᠨᠢ ᠶᠢᠨ ᠶᠡᠷᠦᠩᠬᠡᠢ ᠢᠨᠵᠧᠨᠧᠷ ᠰᠢᠤᠢ ᠰᠢᠶᠡᠨ ᠽᠧ ᠤᠮᠤᠭ ᠪᠠᠭ᠋ᠠᠳᠤᠯ ᠲᠠᠢ ᠶᠠᠷᠢᠨ᠎ᠡ᠃        ᠠᠯᠤᠰ ᠭᠠᠵᠠᠷ ᠠᠴᠠ ᠢᠷᠡᠭᠰᠡᠨ ᠠᠨᠳᠠ ᠨᠦᠭᠦᠳ  ᠲᠠᠢ ᠪᠠᠨ ᠂ ᠳᠤᠰ ᠺᠤᠮᠫᠠᠨᠢ ᠶᠢᠨ ᠰᠤᠳᠤᠯᠤᠨ ᠨᠡᠬᠡᠬᠡᠬᠦ ᠳᠦᠪ ᠤᠨ ᠠᠯᠪᠠᠨ ᠬᠡᠷ ᠲᠤ ᠬᠦᠷ ᠬᠦᠭᠵᠢᠶᠡᠨ ᠲᠠᠢ ᠶᠠᠷᠢᠯᠴᠠᠵᠦ ᠪᠠᠶᠢᠯ᠎ᠠ᠃ ᠮᠡᠷᠬᠡᠵᠢᠯ ᠤᠨ ᠰᠤᠯᠢᠯᠴᠠᠭ᠎ᠠ ᠶᠢ ᠦᠷᠬᠡᠨ ᠳᠡᠯᠬᠡᠷ ᠦᠷᠨᠢᠬᠦᠯᠵᠤ᠂ ᠬᠤᠯᠪᠤᠭᠠᠯᠠᠵᠦ ᠰᠤᠳᠤᠯᠤᠨ ᠨᠡᠬᠡᠬᠡᠬᠦ ᠳᠤᠭᠤᠶᠢᠯᠠᠩ ᠤᠨ ᠪᠦᠷᠢᠯᠳᠦᠬᠦᠨ ᠳ᠋ᠦᠡᠭ ᠹᠸᠡᠭ᠂ ᠾᠧ ᠰᠢᠩ᠂ ᠱᠠᠩᠬᠠᠢ ᠶᠢᠨ ᠵᠦᠡᠭ ᠰᠦ᠋ ᠵᠡᠷᠬᠡ ᠤᠰᠤᠳᠦ᠋ᠷᠦᠭᠴᠢ ᠡᠨᠧᠷᠬᠢ᠂ ᠤᠰᠤᠳᠦ᠋ᠷᠦᠭᠴᠢ ᠶᠢᠨ ᠰᠢᠳᠠᠭᠠᠯᠭ᠎ᠠ ᠶᠢᠨ ᠬᠦᠳᠡᠯᠬᠡᠬᠦᠷ ᠮᠠᠰᠢᠨ ᠤ ᠦᠢᠯᠡᠳᠪᠦᠷᠢ ᠠᠴᠠ ᠳᠤᠰ ᠺᠤᠮᠫᠠᠨᠢ ᠶᠢᠨ 12 ᠰᠤᠳᠤᠯᠤᠨ ᠨᠡᠭᠡᠭᠡᠭᠴᠢ ᠲᠠᠢ ᠬᠦᠨᠵᠡᠬᠡᠢ ᠰᠤᠯᠢᠯᠴᠠᠭ᠎ᠠ ᠵᠦᠪᠳᠡᠯᠴᠡᠭᠡ ᠬᠢᠵᠦ ᠪᠠᠶᠢᠯ᠎ᠠ᠃     《 ᠬᠤᠯᠪᠤᠭᠠᠯᠠᠵᠦ ᠰᠤᠳᠤᠯᠤᠨ ᠨᠡᠬᠡᠬᠡᠬᠦ ᠳᠤᠭᠤᠶᠢᠯᠠᠩ ᠪᠠᠶᠢᠭᠤᠯᠵᠤ᠂ ᠮᠠᠨ ᠤ ᠺᠤᠮᠫᠠᠨᠢ ᠶᠢᠨ ᠦᠢᠯᠡᠳᠪᠦᠷᠢᠯᠡᠬᠦ ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠳᠡᠷᠬᠡᠨ ᠤ ᠰᠤᠳᠤᠯᠤᠨ ᠨᠡᠬᠡᠬᠡᠯᠳᠡ ᠶᠢ ᠪᠡᠶᠡᠯᠡᠬᠦᠯᠦᠨ᠎ᠡ᠃ ᠡᠬᠦᠨ ᠳᠤ ᠨᠢᠬᠡ ᠳᠦᠷᠦᠯ ᠨᠢ ᠵᠢᠯᠤᠭᠤᠴᠢ ᠦᠬᠡᠢ ᠴᠡᠪᠡᠷ ᠴᠠᠬᠢᠯᠭᠠᠨ ᠬᠦᠳᠡᠯᠬᠡᠬᠦᠷᠢᠳᠤ ᠳᠡᠷᠬᠡ ᠶᠢᠨ ᠬᠡᠯᠪᠡᠷᠢ ᠪᠠᠶᠢᠵᠦ᠂ ᠨᠦᠬᠦᠬᠡ ᠨᠢᠬᠡ ᠳᠦᠷᠦᠯ ᠨᠢ ᠵᠢᠯᠤᠭᠤᠴᠢ ᠦᠬᠡᠢ ᠤᠰᠤᠳᠦ᠋ᠷᠦᠭᠴᠢ ᠶᠢᠨ ᠰᠢᠳᠠᠭᠠᠯᠭ᠎ᠠ ᠪᠦᠬᠦᠢ ᠳᠡᠷᠬᠡ ᠶᠢᠨ ᠬᠡᠯᠪᠡᠷᠢ ᠪᠠᠶᠢᠵᠦ᠂ ᠴᠦᠮ ᠪᠤᠬᠢᠷᠳᠤᠯ ᠦᠬᠡᠢ ᠡᠨᠧᠷᠬᠢ ᠶᠢᠨ ᠰᠢᠨ᠎ᠡ ᠦᠢᠯᠡᠳᠬᠦᠨ ᠤ ᠳᠡᠷᠬᠡ ᠶᠢᠨ ᠬᠡᠯᠪᠡᠷᠢ  ᠪᠤᠯᠤᠨ᠎ᠠ 》ᠬᠡᠵᠤ ᠰᠢᠤᠢ ᠰᠢᠶᠡᠨ ᠽᠧ ᠢᠳᠡᠬᠡᠯ ᠳᠡᠬᠦᠯᠳᠡᠷ ᠶᠠᠷᠢᠬᠤ   ᠳᠠᠭᠠᠨ᠄ 《ᠪᠢᠳᠡ ᠨᠢᠬᠡᠨᠳᠡ ᠤᠯᠤᠰ ᠤᠨ ᠳᠤᠳᠤᠭᠠᠳᠤ ᠶᠢᠨ ᠰᠢᠨ᠎ᠡ ᠡᠨᠧᠷᠬᠢ ᠶᠢᠨ ᠰᠤᠷᠪᠤᠯᠵᠢ ᠶᠢᠨ ᠮᠠᠰᠢᠨ ᠳᠡᠷᠬᠡᠨ ᠤ ᠬᠦᠷᠢᠶᠡᠨ ᠳᠠᠬᠢ ᠳᠤᠯᠤᠭᠠᠶᠢᠯᠠᠬᠴᠢ ᠠᠵᠤ ᠠᠬᠤᠶᠢᠯᠡᠯ ᠲᠠᠢ ᠪᠠᠶᠢᠯᠳᠤᠬᠤ ᠪᠤᠳᠤᠯᠭ᠎ᠠ ᠶᠢᠨ ᠬᠠᠮᠳᠤᠷᠡᠨ ᠠᠵᠢᠯᠯᠠᠬᠤ ᠬᠠᠷᠢᠴᠠᠭ᠎ᠠ ᠶᠢ ᠪᠠᠶᠢᠭᠤᠯᠵᠤ᠂ ᠰᠢᠨ᠎ᠡ ᠡᠨᠧᠷᠬᠢ  ᠶᠢᠨ ᠰᠤᠷᠪᠤᠯᠵᠢ ᠶᠢᠨ ᠴᠢᠷᠦᠬᠦᠯ ᠳᠡᠷᠬᠡ᠂ ᠦᠪᠡᠰᠦᠪᠡᠨ ᠪᠠᠭᠤᠯᠭᠠᠬᠤ ᠳᠡᠷᠬᠡ᠂ ᠮᠯᠠᠳᠠᠭᠤᠷ ᠮᠠᠰᠢᠨ ᠵᠡᠷᠬᠡ ᠶᠢ ᠪᠠᠭᠳᠠᠭᠠᠬᠰᠠᠨ ᠦᠢᠯᠡᠳᠬᠦᠨ ᠢ ᠭᠠᠷᠭᠠᠵᠤ᠂ ᠬᠡᠷᠡᠭᠯᠡᠭᠴᠢᠳ ᠲᠤ ᠪᠦᠷᠢᠨ ᠲᠦᠬᠦᠷ ᠤᠶᠤᠨᠴᠢᠯᠠᠬᠰᠠᠨ᠂ ᠰᠢᠨ᠎ᠡ ᠡᠨᠧᠷᠬᠢ ᠶᠢᠨ ᠰᠤᠷᠪᠤᠯᠵᠢ ᠶᠢᠨ ᠦᠢᠯᠡᠳᠬᠦᠨ ᠢ  ᠰᠢᠢᠳᠪᠤᠷᠢᠯᠡᠬᠦ ᠳᠦᠰᠦᠯ ᠬᠠᠨᠭ᠍ᠭᠠᠵᠤ᠂ ᠮᠠᠨ ᠤ ᠤᠯᠤᠰ ᠤᠨ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠮᠠᠰᠢᠨ ᠳᠡᠷᠬᠡᠨ ᠤ ᠬᠦᠷᠢᠶᠡᠨ ᠳᠠᠬᠢ ᠦᠯᠢᠬᠡᠷ ᠵᠢᠱᠢᠶ᠎ᠠ ᠶᠢ ᠡᠬᠦᠳᠦᠨ᠎ᠠ ᠬᠡᠪᠡ᠃       ᠤᠶᠢᠯᠠᠭᠠᠬᠰᠠᠨ ᠢᠶᠠᠷ᠂ ᠦᠪᠤᠷ ᠮᠤᠩᠭᠤᠯ ᠤᠨ ᠲᠢᠶᠧ ᠴᠧᠨ ᠤᠶᠤᠨᠴᠢ ᠳᠤᠨᠤᠭᠯᠠᠯ ᠤᠨ ᠬᠢᠵᠠᠭᠠᠷᠳᠤ ᠺᠤᠮᠫᠠᠨᠢ ᠶᠢᠨ 5G ᠵᠢᠯᠤᠭᠤᠴᠢ ᠦᠬᠡᠢ ᠰᠢᠨ᠎ᠡ ᠡᠨᠧᠷᠬᠢ ᠶᠢᠨ ᠰᠤᠷᠪᠤᠯᠵᠢ ᠶᠢᠨ ᠠᠭᠤᠷᠬᠠᠢ ᠳᠤ ᠬᠡᠷᠡᠭᠯᠡᠬᠦ ᠳᠡᠷᠬᠡᠨ ᠤ ᠳᠦᠷᠦᠯ ᠵᠦᠢᠯ ᠤᠨ ᠶᠡᠷᠦᠩᠬᠡᠢ ᠪᠡᠯᠡ ᠤᠷᠤᠭᠤᠯᠤᠯᠳᠠ ᠨᠢ 10 ᠳ᠋ᠦᠡᠭᠰᠢᠭᠤᠷ ᠳᠦᠬᠦᠷᠢᠭ ᠲᠤ ᠬᠦᠷᠴᠤ᠂ ᠳᠦᠷᠦᠯ ᠵᠦᠢᠯ ᠠᠰᠢᠬᠯᠠᠯᠳᠠ ᠳᠤ ᠤᠷᠤᠬᠰᠠᠨ ᠤ ᠳᠠᠷᠠᠭ᠎ᠠ᠂ ᠭᠤᠤᠯᠳᠠᠭᠤ ᠦᠪᠤᠷ ᠮᠤᠩᠭᠤᠯ᠂ ᠰᠢᠨᠵᠢᠶᠠᠩ᠂ ᠱᠠᠨ ᠰᠢ᠂ ᠱᠠᠨᠰᠢ ᠵᠡᠷᠬᠡ ᠭᠠᠵᠠᠷ ᠤᠷᠤᠨ  ᠢᠶᠠᠷ ᠪᠤᠷᠤᠯᠠᠭᠤᠯᠬᠤ ᠶᠢᠨ ᠬᠠᠮᠳᠤ ᠪᠦᠬᠦ ᠤᠯᠤᠰ ᠤᠨ ᠡᠯ᠎ᠡ ᠳᠤᠮᠤ ᠠᠭᠤᠷᠬᠠᠢ ᠶᠢᠨ ᠤᠷᠤᠨ ᠤ ᠪᠠᠷᠢᠯᠭ᠎ᠠ ᠶᠢᠨ ᠠᠵᠤ ᠠᠬᠤᠶᠢᠯᠡᠯ ᠢ  ᠲᠠᠶᠢᠴᠢᠯᠠᠬᠤ ᠪᠤᠯᠤᠨ᠎ᠠ᠃      ᠳᠤᠰ ᠺᠤᠮᠫᠠᠨᠢ ᠨᠢ ᠦᠪᠡᠷ ᠤᠨ ᠲᠤᠭᠠᠴᠠᠭ᠎ᠠ ᠲᠠᠢ ᠪᠠᠶᠢᠨ᠎ᠠ᠄ ᠴᠡᠪᠡᠷ ᠴᠠᠬᠢᠯᠭᠠᠨ ᠬᠦᠳᠡᠯᠬᠡᠬᠦᠷᠢᠳᠤ ᠳᠡᠷᠬᠡ ᠶᠢᠨ ᠳᠠᠪᠠᠭᠤᠯᠢᠭ ᠨᠢ ᠢᠯᠡᠷᠬᠡᠢ ᠪᠠᠶᠢᠵᠦ᠂ ᠵᠢᠯ ᠪᠦᠷᠢ ᠶᠢᠨ 300 ᠡᠳᠦᠷ ᠤᠨ ᠡᠷᠬᠢᠯᠳᠡᠳᠤ ᠠᠵᠢᠯᠯᠠᠬᠤ ᠴᠠᠭ ᠤᠨ ᠶᠤᠰᠤᠭᠠᠷ᠂ ᠵᠢᠯ ᠤᠨ 50 ᠳᠦᠮᠡᠨ  ᠪᠤᠰᠤᠭ᠎ᠠ ᠳᠦᠷᠪᠡᠯᠵᠢᠨ ᠮᠧᠲᠷ ‍ᠤᠨ‌‍ᠲ᠋ᠡᠬᠡᠬᠡᠪᠦᠷᠢ ᠶᠢᠨ ᠬᠡᠮᠵᠢᠶ᠎ᠡ ᠪᠠᠷ ᠪᠤᠳᠤᠪᠠᠯ᠂ ᠴᠠᠶᠢᠶ᠋ᠢᠦ ᠳᠤᠰᠤᠨ ᠤ ᠠᠭᠤᠷᠬᠠᠢ ᠳᠤ ᠬᠡᠷᠡᠭᠯᠡᠬᠦ ᠳᠡᠷᠬᠡᠨ ᠤ ᠡᠨᠧᠷᠬᠢ ᠶᠢᠨ ᠰᠤᠷᠪᠤᠯᠵᠢ ᠶᠢᠨ ᠰᠦᠢᠳᠬᠡᠯ ᠨᠢ 54.4 ᠳᠦᠮᠡᠨ ᠳᠦᠬᠦᠷᠢᠭ ᠂ ᠴᠡᠪᠡᠷ ᠴᠠᠬᠢᠯᠭᠠᠨ ᠬᠦᠳᠡᠯᠬᠡᠬᠦᠷᠢᠳᠤ ᠠᠭᠤᠷᠬᠠᠢ ᠳᠤ ᠬᠡᠷᠡᠭᠯᠡᠬᠦ ᠳᠡᠷᠬᠡᠨ ᠤ ᠡᠨᠧᠷᠬᠢ ᠶᠢᠨ ᠰᠤᠷᠪᠤᠯᠵᠢ ᠶᠢᠨ ᠰᠦᠢᠳᠬᠡᠯ ᠨᠢ 18.36 ᠳᠦᠮᠡᠨ ᠳᠦᠭᠦᠷᠢᠭ ᠪᠠᠶᠢᠨ᠎ᠠ ︔ ᠴᠠᠶᠢᠶ᠋ᠢᠦ ᠳᠤᠰᠤᠨ ᠤ ᠠᠭᠤᠷᠬᠠᠢ ᠳᠤ ᠬᠡᠷᠡᠭᠯᠡᠬᠦ ᠳᠡᠷᠬᠡᠨ ᠤ ᠭᠠᠳᠠᠬᠰᠢᠯᠠᠭᠤᠯᠬᠤ ᠨᠡᠬᠦᠷᠡᠰᠦᠳᠦ᠋ᠷᠦᠭᠴᠢ ᠨᠢ 57.33 ᠳᠤᠨ᠂ ᠴᠡᠪᠡᠷ ᠴᠠᠬᠢᠯᠭᠠᠨ ᠬᠦᠳᠡᠯᠬᠡᠬᠦᠷᠢᠳᠤ ᠠᠭᠤᠷᠬᠠᠢ ᠳᠤ ᠬᠡᠷᠡᠭᠯᠡᠬᠦ ᠳᠡᠷᠬᠡᠨ ᠤ ᠭᠠᠳᠠᠭᠰᠢᠯᠠᠭᠤᠯᠬᠤ ᠨᠡᠬᠦᠷᠡᠰᠦᠳᠦ᠋ᠷᠦᠭᠴᠢ ᠨᠢ 0 ᠪᠤᠯᠤᠨ᠎ᠠ᠃     《ᠮᠠᠨ ᠤ ᠳᠦᠷᠦᠯ ᠵᠦᠢᠯ ᠠᠰᠢᠬᠯᠠᠯᠳᠠ ᠳᠤ ᠤᠷᠤᠬᠰᠠᠨ ᠤ ᠳᠠᠷᠠᠭ᠎ᠠ᠂ ᠨᠢᠬᠡᠳᠦᠬᠡᠷ ᠬᠤᠭᠤᠴᠠᠭᠠᠨ ᠳᠤ ᠵᠢᠯ ᠳᠤ ᠳᠦᠮᠡ ᠭᠠᠷᠤᠢ  ᠰᠠᠭᠤᠷᠢ ᠤᠶᠤᠨᠴᠢᠯᠠᠬᠰᠠᠨ ᠰᠢᠨ᠎ᠡ ᠡᠨᠧᠷᠬᠢ ᠶᠢᠨ ᠰᠤᠷᠪᠤᠯᠵᠢ ᠶᠢᠨ ᠳᠤᠨᠤᠭᠯᠠᠯ ᠦᠢᠯᠡᠳᠪᠦᠷᠢᠯᠡᠵᠤ᠂ ᠵᠠᠬ᠎ᠠ ᠳᠡᠯᠬᠡᠬᠦᠷ ᠤᠨ ᠬᠡᠷᠡᠭᠴᠡᠭᠡ ᠨᠡᠯᠢᠶᠡᠳ ᠬᠦᠭᠵᠢᠶᠡᠨ ᠲᠠᠢ ᠪᠤᠯᠬᠤ ᠬᠡᠵᠤ ᠵᠢᠱᠢᠵᠤ ᠪᠤᠢ᠂ ᠢᠷᠡᠬᠡᠳᠦᠢ ᠳᠤ ᠺᠤᠮᠫᠠᠨᠢ ᠠᠴᠠ ᠰᠤᠳᠤᠯᠤᠨ ᠨᠡᠬᠡᠬᠡᠯᠳᠡ ᠬᠢᠬᠦ ᠪᠡᠯᠡ ᠤᠷᠤᠭᠤᠯᠤᠯᠳᠠ ᠶᠢᠨ ᠬᠦᠴᠦᠯᠡᠴᠡ ᠪᠠᠨ ᠦᠷᠬᠦᠯᠵᠢᠯᠡᠨ ᠨᠡᠮᠡᠭᠳᠡᠬᠦᠯᠵᠤ᠂ ᠬᠠᠮᠢᠶᠠᠷᠤᠯᠳᠡ ᠶᠢᠨ ᠳᠦᠪᠰᠢᠨ ᠢᠶᠠᠨ ᠳᠡᠭᠡᠭᠰᠢᠯᠡᠬᠦᠯᠦᠨ᠂《 ᠬᠤᠤᠰ ᠨᠡᠬᠦᠷᠡᠰᠤᠳᠦ᠋ᠷᠦᠭᠴᠢᠳᠤ》 ᠶᠢᠨ ᠬᠠᠷᠠᠯᠳᠠ ᠶᠢ ᠡᠷᠳᠡ ᠨᠢᠬᠡᠨ ᠡᠳᠦᠷ ᠪᠡᠶᠡᠯᠡᠬᠦᠯᠵᠤ᠂ ᠪᠤᠬᠢᠷᠳᠤᠯ ᠦᠬᠡᠢ ᠪᠠᠷᠠᠭᠠᠨ ᠤ ᠬᠦᠢᠯᠬᠡᠬᠡ᠂ ᠪᠤᠬᠢᠷᠳᠤᠯ ᠦᠬᠡᠢ ᠠᠭᠤᠷᠬᠠᠢ ᠶᠢᠨ ᠤᠷᠤᠨ᠂ ᠤᠶᠤᠨᠴᠢ ᠠᠭᠤᠷᠬᠠᠢ ᠶᠢᠨ ᠤᠷᠤᠨ ᠤ ᠠᠤᠭ᠎ᠠ ᠦᠢᠯᠡᠰ ᠲᠤ ᠢᠳᠡᠪᠬᠢᠳᠡᠢ ᠵᠢᠳᠬᠦᠯ ᠭᠠᠷᠭᠠᠨ᠎ᠠ》ᠬᠡᠵᠤ ᠼᠦᠢ ᠸᠧᠨ ᠢᠤᠢ ᠶᠠᠷᠢᠨ᠎ᠡ᠃     《 ᠠᠷᠪᠡᠨ ᠳᠦᠷᠪᠡᠳᠦᠬᠡᠷ ᠳᠠᠪᠤᠨ ᠵᠢᠯ》 ᠤᠨ ᠳᠦᠯᠦᠪᠵᠢᠬᠦᠯᠬᠡ ᠶᠢᠨ ᠬᠤᠭᠤᠴᠠᠭᠠᠨ ᠳᠤ᠂ ᠲᠢᠶᠧ ᠴᠧᠨ ᠤᠶᠤᠨᠴᠢ ᠳᠤᠨᠤᠭᠯᠠᠯ ᠤᠨ  ᠬᠢᠵᠠᠭᠠᠷᠳᠤ ᠺᠤᠮᠫᠠᠨᠢ ᠨᠢ ᠳᠡᠷᠢᠬᠦᠨ ᠤ ᠨᠠᠶᠢᠳᠡᠴᠢ ᠴᠢᠨᠡᠷᠳᠡᠢ ᠮᠡᠷᠬᠡᠵᠢᠯ᠂ ᠳᠤᠭᠠᠴᠠᠯᠠᠬᠰᠠᠨ ᠵᠦᠢᠷᠡᠢ ᠮᠡᠷᠬᠡᠵᠢᠯ᠂ ᠪᠤᠬᠢᠷᠳᠤᠯ ᠦᠬᠡᠢ ᠡᠨᠧᠷᠬᠢ ᠠᠷᠪᠢᠯᠠᠬᠤ ᠮᠡᠷᠬᠡᠵᠢᠯ᠂ ᠰᠢᠨ᠎ᠡ ᠡᠨᠧᠷᠬᠢ ᠶᠢᠨ ᠰᠤᠷᠪᠤᠯᠵᠢ ᠶᠢᠨ ᠬᠦᠳᠡᠯᠬᠡᠬᠦ ᠬᠦᠴᠤᠨ ᠤ ᠮᠡᠷᠬᠡᠵᠢᠯ ᠤᠨ ᠰᠤᠳᠤᠯᠤᠨ ᠨᠡᠬᠡᠬᠡᠬᠦ ᠪᠤᠭᠤᠮᠳᠠ ᠰᠢᠪᠳᠤᠯᠬᠤ ᠡᠷᠴᠢᠮ ᠢᠶᠠᠨ ᠦᠷᠬᠦᠯᠵᠢᠯᠡᠨ ᠴᠢᠩᠭᠠᠷᠠᠭᠤᠯᠵᠤ ᠂ ᠳᠡᠬᠡᠳᠦ ᠳᠡᠰ ᠤᠨ ᠠᠭᠤᠷᠬᠠᠢ ᠶᠢᠨ ᠳᠤᠨᠤᠬᠯᠠᠯ ᠢ ᠦᠷᠬᠡᠳᠬᠡᠵᠤ᠂ ᠨᠢᠬᠡ ᠴᠤᠬᠴᠠᠵᠢᠬᠰᠠᠨ ᠪᠤᠬᠢᠷᠳᠤᠯ ᠦᠬᠡᠢ ᠤᠶᠤᠨᠴᠢ ᠠᠭᠤᠷᠬᠠᠢ ᠶᠢᠨ ᠪᠦᠷᠢᠨ ᠳᠦᠬᠦᠷ ᠳᠤᠨᠤᠭᠯᠠᠯ ᠬᠠᠨᠭ᠍ᠭᠠᠬᠤ ᠰᠢᠰᠲ᠋ᠧᠮ ᠪᠠ  ᠲᠡᠭᠡᠳᠤ ᠲᠡᠰ ᠤᠨ ᠳᠤᠨᠤᠭᠯᠠᠯ ᠦᠢᠯᠡᠳᠬᠦ ᠦᠢᠯᠡᠰ ᠤᠨ ᠰᠢᠨ᠎ᠡ ᠶᠢ ᠡᠬᠦᠳᠦᠨ ᠬᠦᠭᠵᠢᠬᠦᠯᠬᠦ ᠤᠶᠤᠨᠴᠢ ᠦᠯᠢᠬᠡᠷ ᠳᠠᠭᠤᠷᠢᠶᠡᠯ ᠢ ᠪᠤᠢ ᠪᠤᠯᠭᠠᠵᠤ᠂ ᠳᠡᠯᠡᠬᠡᠢ ᠶᠢᠨ ᠠᠵᠢᠯ ᠳᠦᠷᠦᠯ ᠤᠨ ᠨᠤᠶᠡᠨ ᠤᠷᠬᠢᠯ ᠳᠤ ᠠᠪᠠᠷᠢᠵᠤ᠂ ᠪᠠᠷᠢᠯᠭ᠎ᠠ ᠶᠢᠨ ᠳᠤᠨᠤᠭᠯᠠᠯ ᠦᠢᠯᠡᠳᠬᠦ ᠬᠦᠷᠢᠶᠡᠨ ᠤ ᠳᠡᠯᠡᠬᠡᠢ  ᠶᠢᠨ ᠦᠷᠳᠡᠭ  ᠤᠨ ᠡᠬᠦᠳᠦᠭᠴᠢ ᠪᠤᠯᠬᠤ ᠪᠠᠷ ᠬᠦᠴᠦᠯᠡᠨ ᠴᠢᠷᠮᠠᠶᠢᠵᠦ ᠪᠤᠢ᠃  
ᠢᠷᠡᠯᠲᠡ᠄ ᠦᠨᠦᠳᠤᠷ ᠤᠨ ᠵᠡᠭᠦᠡᠭᠠᠷ