ᠪᠠᠶᠠᠨ ᠬᠠᠩᠭᠠᠢ ᠶᠢᠨ ᠠᠷᠤ ᠳᠤ | ᠤᠨᠠᠭᠠᠯᠠᠭᠰᠠᠨ ᠮᠤᠷᠢ ᠶᠤᠮ | ᠪᠠᠷᠰ ᠶᠤ᠋ ᠵᠢᠯ ᠤᠨ ᠴᠡᠷᠢᠭ ᠲᠤ | ᠤᠨᠤᠶ᠎ᠠ ᠭᠡᠰᠡᠨ ᠮᠤᠷᠢ ᠮᠢᠨᠢ | ᠡᠬᠦᠯᠡ ᠪᠤᠳᠠᠩ ᠲᠠᠳᠠᠭᠴᠢ | ᠦᠨᠳᠦᠷ ᠬᠦᠭᠡ ᠮᠤᠷᠢ ᠯᠡ ᠶᠤᠮ | ᠦᠨᠳᠦᠷ ᠠᠭᠤᠯᠠ ᠶᠢᠨ ᠤᠷᠤᠢ ᠪᠠᠷ | ᠬᠦᠶᠦᠭᠡᠳ ᠭᠠᠷᠬᠤ ᠶᠢ ᠦᠵᠡᠪᠡᠦ︖ | ᠲᠦᠬᠦᠮ ᠲᠦᠬᠦᠮ ᠭᠠᠵᠠᠷ ᠲᠤ | ᠲᠤᠭᠯᠠᠵᠤ ᠪᠠᠶᠢᠭᠰᠠᠨ ᠮᠤᠷᠢ ᠶᠤᠮ | ᠲᠦᠷᠢ ᠮᠠᠭᠤᠳᠠᠢ ᠬᠤᠯᠠᠭᠠᠢ ᠶᠢᠨ | ᠤᠨᠤᠭᠠᠳ ᠭᠠᠷᠬᠤ ᠶᠢ ᠦᠵᠡᠪᠡᠦ︖ | ᠲᠡᠨᠵᠢ ᠲᠡᠨᠵᠢ ᠭᠠᠵᠠᠷ ᠲᠤ | ᠲᠠᠰᠢᠵᠤ ᠶᠠᠪᠤᠬᠤ ᠶᠢ ᠨᠢ ᠦᠵᠡᠪᠡᠦ︖ | ᠲᠠᠯᠢ ᠰᠤᠯᠢ ᠬᠦᠮᠦᠨ ᠤ | ᠠᠪᠤᠭᠠᠳ ᠭᠠᠷᠬᠤ ᠶᠢ ᠦᠵᠡᠪᠡᠦ︖ | ᠰᠢᠯᠢ ᠰᠢᠯᠢ ᠶᠢᠨ ᠭᠠᠵᠠᠷ ᠲᠤ | ᠰᠡᠯᠪᠡᠯᠵᠡᠭᠰᠡᠨ ᠮᠤᠷᠢ ᠮᠢᠨᠢ | ᠰᠢᠨᠵᠢ ᠮᠠᠭᠤᠳᠠᠢ ᠬᠤᠯᠠᠭᠠᠢ ᠶᠢᠨ | ᠠᠪᠤᠭᠠᠳ ᠭᠠᠷᠬᠤ ᠶᠢ ᠦᠵᠡᠪᠡᠦ︖ | ᠴᠠᠶᠢᠳᠠᠮ ᠴᠠᠶᠢᠳᠠᠮ ᠭᠠᠵᠠᠷ ᠲᠤ | ᠴᠠᠶᠢᠯᠠᠭᠤᠯᠵᠤ ᠪᠠᠶᠢᠭᠰᠠᠨ ᠮᠤᠷᠢ ᠮᠢᠨᠢ | ᠴᠢᠷᠠᠢ ᠮᠠᠭᠤᠳᠠᠢ ᠬᠤᠯᠠᠭᠠᠢ ᠶᠢᠨ | ᠵᠠᠶᠢᠯᠠᠭᠤᠯᠵᠤ ᠭᠠᠷᠬᠤ ᠶᠢ ᠦᠵᠡᠪᠡᠦ︖ | ᠦᠨᠳᠦᠷ ᠬᠦᠭᠡ ᠮᠤᠷᠢ ᠯᠡ ᠶᠤᠮ | ᠡᠬᠦᠯᠡ ᠲᠠᠳᠠᠮᠠᠷ ᠬᠦᠶᠦᠳᠡᠯ ᠲᠠᠢ ᠶᠤᠮ | ᠦᠨᠡᠭᠡᠷ ᠴᠤ ᠰᠠᠶᠢᠬᠠᠨ ᠮᠤᠷᠢ ᠯᠡ ᠶᠤᠮ | ᠡᠷᠬᠢᠵᠤ ᠬᠠᠮᠢᠭᠠᠰᠢ ᠪᠠᠨ ᠶᠠᠪᠤᠴᠢᠬᠠᠪᠠ︖ | ᠡᠬᠦᠯᠡᠨ ᠴᠠᠭᠠᠨ ᠦᠩᠭᠡᠳᠡᠢ ᠶᠤᠮ | ᠡᠬᠦᠯᠡ ᠬᠦᠢᠴᠢᠮᠡᠷ ᠬᠦᠶᠦᠳᠡᠯ ᠲᠠᠢ ᠶᠤᠮ | ᠦᠰᠦ ᠪᠤᠭᠤᠷᠤᠯ ᠠᠪᠤ ᠶᠢᠨ ᠮᠢᠨᠢ | ᠦᠯᠡᠳᠡᠭᠡᠵᠤ ᠦᠭᠬᠦᠭᠰᠡᠨ ᠮᠤᠷᠢ ᠯᠡ ᠶᠤᠮ᠃ | ᠴᠢᠨ᠋ᠸ᠎ᠠ ᠶᠢᠨ ᠬᠤᠶᠠᠷ ᠴᠢᠬᠢ ᠲᠠᠢ | ᠴᠤᠯᠮᠤᠨ ᠬᠤᠶᠠᠷ ᠨᠢᠳᠦ ᠲᠠᠢ | ᠲᠦᠪᠰᠢᠨ ᠰᠠᠶᠢᠬᠠᠨ ᠪᠡᠶ᠎ᠠ ᠲᠠᠢ | ᠲᠦᠷᠪᠡᠨ ᠠᠶᠠᠭᠠᠨ ᠲᠤᠭᠤᠷᠠᠢ ᠲᠠᠢ᠃ | ᠪᠠᠷᠢᠭᠰᠠᠨ ᠬᠦᠮᠦᠨ ᠪᠠᠶᠢᠨᠠᠦ︖ | ᠪᠠᠷᠰ ᠤᠨ ᠬᠦᠷᠮ᠎ᠠ ᠪᠠᠨ ᠱᠠᠩᠨᠠᠶ᠎ᠠ | ᠦᠵᠡᠭᠰᠡᠨ ᠬᠦᠮᠦᠨ ᠪᠠᠶᠢᠨᠠᠦ︖ | ᠦᠨᠡᠭᠡᠨ ᠬᠦᠷᠮ᠎ᠠ ᠪᠠᠨ ᠱᠠᠩᠨᠠᠶ᠎ᠠ | ᠪᠤᠷᠤ ᠲᠠᠯ᠎ᠠ ᠪᠠᠶᠢᠳᠠᠯ᠎ᠠ | ᠡᠪᠡᠰᠦ ᠦᠭᠡᠢ ᠨᠢ ᠶᠠᠭᠤᠨ ᠠᠴᠠ ᠪᠤᠢ︖ | ᠪᠤᠭᠳᠠ ᠶᠢᠨ ᠤᠷᠤᠨ ᠪᠠᠶᠢᠳᠠᠯ᠎ᠠ | ᠬᠤᠯᠠᠭᠠᠢ ᠪᠠᠶᠢᠳᠠᠭ ᠨᠢ ᠶᠠᠭᠤᠨ ᠠᠴᠠ ᠪᠤᠢ︖ | ᠦᠨᠳᠦᠷ ᠭᠠᠵᠠᠷ ᠪᠠᠶᠢᠳᠠᠯ᠎ᠠ | ᠤᠰᠤ ᠪᠠᠶᠢᠳᠠᠭ ᠨᠢ ᠶᠠᠭᠤᠨ ᠠᠴᠠ ᠪᠤᠢ︖ | ᠤᠯᠤᠰ ᠤᠨ ᠨᠤᠶᠠᠨ ᠪᠠᠶᠢᠳᠠᠯ᠎ᠠ | ᠬᠤᠯᠠᠭᠠᠢ ᠪᠠᠶᠢᠳᠠᠭ ᠨᠢ ᠶᠠᠭᠤᠨ ᠠᠴᠠ ᠪᠤᠢ︖ |