︽  ᠵᠡᠬᠦᠨᠭᠠᠷ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠵᠢᠬᠡᠯᠡᠯᠬᠡ  ᠶᠢᠨ ᠬᠦᠤ ᠮᠦᠩᠬᠦ  ᠶᠢ ᠤᠷᠤᠯᠠᠨ ᠦᠭᠬᠦ ᠳᠦᠷᠦ  ᠶᠢᠨ ᠪᠤᠳᠤᠯᠭ᠎ᠠ  ᠶᠢ ᠬᠡᠷᠡᠭᠵᠢᠬᠦᠯᠬᠦ ᠳᠦᠰᠤᠯ  ︾   ᠢ ᠳᠠᠷᠤᠮᠠᠯᠯᠠᠨ ᠳᠠᠷᠬᠠᠭᠠᠬᠤ ᠳᠤᠬᠠᠢ ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠮᠡᠳᠡᠭᠳᠡᠯ
ᠨᠡᠶᠢᠲᠡᠯᠡᠭᠰᠡᠨ ᠴᠠᠭ᠄
2021/9/28
ᠵᠡᠬᠦᠨᠭᠠᠷ ᠠᠵᠤ ᠠᠬᠤᠢ  ᠶᠢᠨ ᠨᠡᠬᠡᠬᠡᠯᠳᠡ  ᠶᠢᠨ ᠤᠷᠤᠨ  ᠤ ᠬᠠᠮᠢᠶᠠᠷᠤᠯᠳᠡ  ᠶᠢᠨ ᠵᠦᠪᠯᠡᠯ  ᠂ ᠳ᠋ᠠ ᠯᠦ ᠨᠡᠬᠦᠷᠡᠰᠦ ᠬᠢᠮᠢ  ᠶᠢᠨ ᠠᠵᠤ ᠦᠢᠯᠡᠳᠪᠦᠷᠢ  ᠶᠢᠨ ᠰᠠᠭᠤᠷᠢᠨ ᠭᠠᠵᠠᠷ  ᠤᠨ ᠬᠠᠮᠢᠶᠠᠷᠤᠯᠳᠡ  ᠶᠢᠨ ᠵᠦᠪᠯᠡᠯ  ᠂ ᠡᠯ᠎ᠡ ᠰᠤᠮᠤ ᠰᠢᠶᠠᠩ ᠪᠠᠯᠭᠠᠰᠤ  ᠶᠢᠨ ᠠᠷᠡᠳ  ᠤᠨ ᠵᠠᠰᠠᠬ  ᠤᠨ ᠤᠷᠳᠤᠨ  ᠂ ᠡᠯ᠎ᠡ ᠵᠡᠬᠡᠯᠢ ᠭᠤᠳᠤᠮᠵᠢ  ᠶᠢᠨ ᠬᠡᠷᠡᠭ ᠡᠷᠬᠢᠯᠡᠬᠦ ᠭᠠᠵᠠᠷ  ᠂ ᠬᠤᠰᠢᠭᠤᠨ  ᠤ ᠵᠠᠰᠠᠬ  ᠤᠨ ᠤᠷᠳᠤᠨ  ᠤ ᠡᠯ᠎ᠡ ᠰᠠᠯᠠᠭ᠎ᠠ ᠮᠦᠴᠢᠷ  ᠂ ᠡᠯ᠎ᠡ ᠰᠢᠭᠤᠳ ᠬᠠᠷᠢᠶ᠎ᠡ ᠪᠠᠶᠢᠭᠤᠯᠭ᠎ᠠ  ᠂ ᠡᠯ᠎ᠡ ᠳᠤᠮᠤ ᠠᠵᠤ ᠠᠬᠤᠢᠢᠯᠡᠯ ᠳᠤ  ᠄      ᠵᠠᠰᠠᠪᠤᠷᠢ ᠤᠷᠤᠭᠤᠯᠤᠬᠰᠠᠨ  ᠤ ᠳᠠᠷᠠᠭᠠᠬᠢ ︽  ᠵᠡᠬᠦᠨᠭᠠᠷ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠵᠢᠬᠡᠯᠡᠯᠬᠡ  ᠶᠢᠨ ᠬᠦᠤ ᠮᠦᠩᠬᠦ  ᠶᠢ ᠤᠷᠤᠯᠠᠨ ᠦᠭᠬᠦ ᠳᠦᠷᠦ  ᠶᠢᠨ ᠪᠤᠳᠤᠯᠭ᠎ᠠ  ᠶᠢ ᠬᠡᠷᠡᠭᠵᠢᠬᠦᠯᠬᠦ ᠳᠦᠰᠤᠯ  ︾   ᠢ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ 2021ᠤᠨ  ᠤ ᠶᠢᠰᠦᠳᠦᠬᠡᠷ ᠤᠳᠠᠭᠠᠨ  ᠤ ᠪᠠᠶᠢᠩᠭᠤ  ᠶᠢᠨ ᠶᠠᠪᠤᠳᠠᠯ  ᠤᠨ ᠬᠤᠷᠡᠯ ᠢᠶᠠᠷ ᠨᠢᠬᠡᠨᠳᠡ ᠰᠤᠳᠤᠯᠤᠨ ᠵᠦᠪᠰᠢᠶᠡᠷᠡᠬᠦᠯᠵᠤ  ᠂ ᠡᠳᠦᠬᠡ ᠳᠠᠷᠤᠮᠠᠯᠯᠠᠨ ᠳᠠᠷᠬᠠᠭᠠᠶ᠎ᠠ  ᠂ ᠨᠠᠷᠢᠨ ᠬᠢᠨᠠᠮᠠᠭᠠᠢ ᠵᠢᠷᠤᠮᠯᠠᠨ ᠬᠡᠷᠡᠭᠵᠢᠬᠦᠯᠰᠦᠬᠡᠢ  ︕                                                        ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ                                                         2021ᠤᠨ  ᠤ 7ᠰᠠᠷ᠎ᠡ  ᠶᠢᠨ 13  ᠤ ᠡᠳᠦᠷ     ᠵᠡᠬᠦᠨᠭᠠᠷ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠵᠢᠬᠡᠯᠡᠯᠬᠡ  ᠶᠢᠨ ᠬᠦᠤ ᠮᠦᠩᠬᠦ  ᠶᠢ ᠤᠷᠤᠯᠠᠨ ᠦᠭᠬᠦ ᠳᠦᠷᠦ  ᠶᠢᠨ ᠪᠤᠳᠤᠯᠭ᠎ᠠ  ᠶᠢ ᠬᠡᠷᠡᠭᠵᠢᠬᠦᠯᠬᠦ ᠳᠦᠰᠤᠯ           ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠬᠢᠷᠢ ᠳᠦᠪᠰᠢᠨ  ᠢ ᠳᠡᠭᠡᠭᠰᠢᠯᠡᠬᠦᠯᠤᠨ  ᠂ ᠮᠦᠩᠬᠦᠨ ᠬᠦᠢᠯᠬᠡᠬᠡᠨ  ᠤ ᠳᠤᠯᠭᠠᠭᠤᠷᠢᠯᠠᠬᠤ ᠦᠢᠯᠡᠳᠦᠯ  ᠢ ᠴᠢᠩᠭᠠᠳᠬᠠᠵᠤ  ᠂ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠳᠤᠯᠤᠭᠠᠢᠢᠯᠠᠭᠴᠢ ᠠᠵᠤ ᠠᠬᠤᠢᠢᠯᠡᠯ  ᠢ ᠪᠤᠵᠠᠭᠠᠢᠢᠷᠠᠭᠤᠯᠵᠤ  ᠂ ᠪᠤᠬᠢᠷᠳᠤᠯ ᠦᠬᠡᠢ ᠳᠠᠷᠢᠶᠠᠯᠠᠩ  ᠤᠨ ᠪᠦᠳᠦᠭᠡᠭᠳᠡᠬᠦᠨ ᠮᠠᠯ  ᠤᠨ ᠠᠰᠢᠬ ᠰᠢᠮ᠎ᠡ  ᠶᠢ ᠦᠢᠯᠡᠳᠪᠦᠷᠢᠯᠡᠬᠦ ᠪᠤᠯᠪᠠᠰᠤᠷᠠᠭᠤᠯᠬᠤ ᠭᠠᠳᠠᠬᠰᠢ ᠭᠠᠷᠭᠠᠬᠤ ᠰᠠᠭᠤᠷᠢᠨ ᠭᠠᠵᠠᠷ  ᠤᠨ ᠪᠦᠳᠦᠬᠡᠨ ᠪᠠᠶᠢᠭᠤᠯᠤᠯᠳᠠ  ᠶᠢᠨ ᠠᠬᠢᠴᠠ  ᠶᠢ ᠳᠦᠷᠬᠡᠳᠬᠡᠬᠦ  ᠶᠢᠨ ᠳᠤᠰᠠᠳᠠ ︽  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠳᠤᠯᠤᠭᠠᠢᠢᠯᠠᠬᠴᠢ ᠠᠵᠤ ᠠᠬᠤᠢᠢᠯᠡᠯ  ᠤᠨ ᠬᠦᠭᠵᠢᠯᠳᠡ  ᠶᠢ ᠳᠡᠮᠵᠢᠬᠦ ᠳᠤᠬᠠᠢ ᠦᠪᠤᠷ ᠮᠤᠩᠭᠤᠯ  ᠤᠨ ᠦᠪᠡᠷᠳᠡᠬᠡᠨ ᠵᠠᠰᠠᠬᠤ ᠤᠷᠤᠨ  ᠤ ᠠᠷᠡᠳ  ᠤᠨ ᠵᠠᠰᠠᠬ ᠤᠷᠳᠤᠨ  ᠤ ᠰᠠᠨᠠᠯ  ︾ ᠂ ︵  ᠦᠪᠤᠷ ᠵᠠᠰᠠᠬ ᠳᠠᠷᠬᠠᠭᠠᠬᠰᠠᠨ  ﹇2013﹈28ᠳᠤᠭᠠᠳᠤ  ︶ ᠂ ︽  ᠪᠤᠬᠢᠷᠳᠤᠯ ᠦᠬᠡᠢ ᠳᠠᠷᠢᠶᠠᠯᠠᠩ  ᠤᠨ ᠪᠦᠳᠦᠭᠡᠭᠳᠡᠬᠦᠨ ᠮᠠᠯ  ᠤᠨ ᠠᠰᠢᠬ ᠰᠢᠮ᠎ᠡ  ᠶᠢ ᠦᠢᠯᠡᠳᠪᠦᠷᠢᠯᠡᠬᠦ ᠪᠤᠯᠪᠠᠰᠤᠷᠠᠭᠤᠯᠬᠤ ᠭᠠᠳᠠᠬᠰᠢ ᠭᠠᠷᠭᠠᠬᠤ ᠰᠠᠭᠤᠷᠢᠨ ᠭᠠᠵᠠᠷ  ᠤᠨ ᠪᠦᠳᠦᠬᠡᠨ ᠪᠠᠶᠢᠭᠤᠯᠤᠯᠳᠠ  ᠶᠢᠨ ᠳᠦᠰᠦᠯ  ᠢ ᠳᠠᠷᠤᠮᠠᠯᠯᠠᠨ ᠳᠠᠷᠬᠠᠭᠠᠬᠤ ᠳᠤᠬᠠᠢ ᠤᠷᠳᠤᠰ ᠬᠤᠳᠠ  ᠶᠢᠨ ᠠᠷᠡᠳ  ᠤᠨ ᠵᠠᠰᠠᠬ  ᠤᠨ ᠤᠷᠳᠤᠨ  ᠤ ᠮᠡᠳᠡᠭᠳᠡᠯ  ︾ ︵ ᠤᠷᠳᠤᠰ ᠵᠠᠰᠠᠬ  ﹇2015﹈28ᠳᠤᠭᠠᠳᠤ  ︶   ᠤᠨ ᠵᠤᠷᠢᠬ ᠰᠠᠨᠠᠭ᠎ᠠ  ᠶᠢ ᠦᠨᠳᠦᠰᠦᠯᠡᠵᠤ  ᠂ ᠪᠦᠬᠦ ᠬᠤᠰᠢᠭᠤᠨ  ᠤ ᠪᠤᠳᠠᠳᠤ ᠪᠠᠶᠢᠳᠠᠯ ᠲᠠᠢ ᠤᠶᠠᠯᠳᠤᠭᠤᠯᠵᠤ ᠳᠤᠰ ᠳᠦᠰᠦᠯ  ᠢ ᠳᠤᠬᠳᠠᠭᠠᠪᠠ  ᠃ᠨᠢᠬᠡ  ᠂ ᠵᠢᠯᠤᠭᠤᠳᠬᠤ ᠦᠵᠡᠯ ᠰᠠᠨᠠᠭ᠎ᠠ     ᠰᠢ ᠶᠢᠨ ᠫᠢᠩ  ᠤᠨ ᠳᠤᠮᠳᠠᠳᠤ ᠤᠯᠤᠰ  ᠤᠨ ᠤᠨᠴᠠᠯᠢᠬ ᠲᠠᠢ ᠨᠡᠶᠢᠬᠡᠮ ᠵᠢᠷᠤᠮ  ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ  ᠶᠢ ᠪᠠᠷᠢᠮᠳᠡᠯᠡᠵᠤ  ᠂ ᠨᠠᠮ  ᠤᠨ ᠠᠷᠪᠠ ᠶᠢᠰᠦᠳᠦᠬᠡᠷ ᠶᠡᠭᠡ ᠬᠤᠷᠡᠯ  ᠂ ᠠᠷᠪᠠ ᠶᠢᠰᠦᠳᠦᠬᠡᠷ ᠬᠤᠭᠤᠴᠠᠭᠠᠨ  ᠤ ᠬᠤᠶᠠᠳᠤᠭᠠᠷ  ᠂ ᠭᠤᠷᠪᠠᠳᠤᠭᠠᠷ  ᠂ ᠳᠦᠷᠪᠡᠳᠦᠬᠡᠷ  ᠂ ᠳᠠᠪᠤᠳᠤᠭᠠᠷ ᠪᠦᠬᠦᠳᠡ ᠬᠤᠷᠡᠯ ᠪᠠ ᠶᠡᠷᠦᠩᠬᠡᠢ ᠱᠦᠵᠢ ᠰᠢ ᠶᠢᠨ ᠫᠢᠩ  ᠤᠨ ᠦᠪᠤᠷ ᠮᠤᠩᠭᠤᠯ  ᠤᠨ ᠠᠵᠢᠯ  ᠤᠨ ᠳᠤᠬᠠᠢ ᠴᠢᠬᠤᠯᠠ ᠶᠠᠷᠢᠶ᠎ᠡ ᠴᠢᠬᠤᠯᠠ ᠵᠢᠭᠠᠪᠤᠷᠢ ᠴᠤᠬᠤᠯᠠᠪᠤᠷᠢ  ᠶᠢᠨ ᠵᠤᠷᠢᠬ ᠰᠠᠨᠠᠭ᠎ᠠ  ᠂ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠬᠦᠭᠵᠢᠯᠳᠡ  ᠶᠢ ᠳᠡᠮᠵᠢᠬᠦ ᠳᠤᠬᠠᠢ ᠦᠪᠡᠷᠳᠡᠬᠡᠨ ᠵᠠᠰᠠᠬᠤ ᠤᠷᠤᠨ  ᠂ ᠬᠤᠳᠠ  ᠶᠢᠨ ᠴᠢᠬᠤᠯᠠ ᠪᠠᠶᠢᠷᠢᠯᠠᠭᠤᠯᠤᠯᠳᠠ   ᠶᠢᠨ ᠱᠠᠭᠠᠷᠳᠠᠯᠭ᠎ᠠ  ᠶᠢ ᠪᠦᠬᠦ ᠳᠠᠯ᠎ᠠ ᠪᠠᠷ ᠨᠠᠶᠢᠳᠠᠪᠤᠷᠢᠵᠢᠭᠤᠯᠵᠤ  ᠂ ᠤᠳᠤ ᠦᠶ᠎ᠡ  ᠶᠢᠨ ᠳᠠᠷᠢᠶᠠᠯᠠᠩ ᠮᠠᠯ ᠠᠵᠤ ᠠᠬᠤᠢ  ᠶᠢᠨ ᠬᠦᠭᠵᠢᠯᠳᠡ  ᠶᠢᠨ ᠬᠢᠷᠢ ᠳᠦᠪᠰᠢᠨ  ᠢ ᠪᠦᠬᠦ ᠳᠠᠯ᠎ᠠ ᠪᠠᠷ ᠳᠡᠭᠡᠭᠰᠢᠯᠡᠬᠦᠯᠵᠤ  ᠂ ᠪᠤᠬᠢᠷᠳᠤᠯ ᠦᠬᠡᠢ ᠳᠠᠷᠢᠶᠠᠯᠠᠩ  ᠤᠨ ᠪᠦᠳᠦᠭᠡᠭᠳᠡᠬᠦᠨ ᠮᠠᠯ  ᠤᠨ ᠠᠰᠢᠬ ᠰᠢᠮ᠎ᠠ  ᠶᠢ ᠦᠢᠯᠡᠳᠪᠦᠷᠢᠯᠡᠬᠦ ᠪᠤᠯᠪᠠᠰᠤᠷᠠᠭᠤᠯᠬᠤ ᠭᠠᠳᠠᠬᠰᠢ ᠭᠠᠷᠭᠠᠬᠤ ᠰᠠᠭᠤᠷᠢᠨ ᠭᠠᠵᠠᠷ  ᠤᠨ ᠪᠦᠳᠦᠬᠡᠨ ᠪᠠᠶᠢᠭᠤᠯᠤᠯᠳᠠ  ᠶᠢ ᠳᠦᠷᠬᠡᠳᠬᠡᠵᠤ  ᠂ ᠵᠡᠬᠦᠨᠭᠠᠷ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠳᠡᠰ ᠳᠡᠪᠰᠢᠭᠰᠡᠨ ᠵᠠᠬᠪᠤᠷ  ᠢ ᠴᠢᠷᠮᠠᠶᠢᠨ ᠡᠬᠦᠳᠦᠨ᠎ᠠ  ᠃ᠬᠤᠶᠡᠷ  ᠂ ᠦᠨᠳᠦᠰᠦᠨ ᠵᠠᠷᠴᠢᠮ ᠪᠠ ᠶᠡᠷᠦᠩᠬᠡᠢ ᠬᠠᠷᠠᠯᠳᠠ      ᠵᠠᠰᠠᠬ  ᠤᠨ ᠤᠷᠳᠤᠨ ᠠᠴᠠ ᠳᠡᠮᠵᠢᠵᠤ  ᠂ ᠵᠠᠬ᠎ᠠ ᠳᠡᠯᠬᠡᠬᠦᠷ ᠢᠶᠠᠷ ᠤᠳᠤᠷᠢᠳᠤᠮᠵᠢ ᠪᠤᠯᠭᠠᠬᠤ  ᠶᠢ ᠪᠠᠷᠢᠮᠳᠡᠯᠡᠨ᠎ᠠ  ᠃ ᠵᠠᠰᠠᠬ  ᠤᠨ ᠤᠷᠳᠤᠨ  ᠤ ᠳᠡᠮᠵᠢᠯᠬᠡ ᠪᠠ ᠬᠦᠳᠦᠯᠦᠨ ᠵᠢᠯᠤᠭᠤᠳᠬᠤ  ᠶᠢ ᠴᠢᠩᠭᠠᠳᠬᠠᠵᠤ  ᠂ ᠬᠤᠷᠰᠢᠶᠡᠵᠢᠯ ᠪᠠ ᠳᠤᠯᠤᠭᠠᠢᠢᠯᠠᠬᠴᠢ ᠠᠵᠤ ᠠᠬᠤᠢᠢᠯᠡᠯ ᠢᠶᠠᠷ ᠪᠡᠶᠡᠴᠢ ᠴᠤᠬᠴᠠ ᠪᠤᠯᠭᠠᠵᠤ  ᠂ ᠮᠦᠩᠬᠦᠨ ᠬᠦᠢᠯᠬᠡᠬᠡᠨ  ᠤ ᠬᠦᠰᠢᠬᠦᠷᠬᠡ  ᠶᠢᠨ ᠦᠢᠯᠡᠳᠤᠯ  ᠢ ᠬᠦᠢᠴᠡᠳ ᠪᠠᠳᠠᠷᠠᠭᠤᠯᠵᠤ  ᠂ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠬᠢᠴᠠ  ᠶᠢ ᠳᠦᠷᠬᠡᠳᠬᠡᠨ᠎ᠡ  ᠃ 2025ᠤᠨ ᠪᠤᠯᠳᠠᠯ᠎ᠠ  ᠂ ᠠᠵᠤ ᠦᠢᠯᠡᠰ ᠪᠦᠷᠢ ᠳᠤ 1—2 ᠳᠠᠭᠠᠭᠤᠯᠤᠬᠴᠢ ᠠᠵᠤ ᠠᠬᠤᠢᠢᠯᠡᠯ  ᠢ ᠪᠤᠶᠢᠵᠢᠭᠤᠯᠵᠤ  ᠂ ᠪᠦᠬᠦ ᠬᠤᠰᠢᠭᠤᠨ  ᠤ ᠳᠠᠷᠢᠶᠠᠯᠠᠩ  ᠤᠨ ᠪᠦᠳᠦᠭᠳᠡᠬᠦᠨ ᠮᠠᠯ  ᠤᠨ ᠠᠰᠢᠬ ᠰᠢᠮ᠎ᠡ  ᠶᠢᠨ ᠦᠢᠯᠡᠳᠬᠦᠨ  ᠤ ᠦᠷᠳᠡᠭ  ᠢ 30 ᠳ᠋ᠦᠩᠰᠢᠭᠤᠷ ᠳᠦᠬᠦᠷᠢᠭ  ᠠᠴᠠ ᠳᠠᠪᠠᠭᠤᠯᠵᠤ  ᠂ 22ᠬᠤᠳᠠ  ᠶᠢᠨ ᠳᠡᠰ  ᠤᠨ ᠳᠤᠯᠤᠭᠠᠢᠢᠯᠠᠬᠴᠢ ᠠᠵᠤ ᠠᠬᠤᠢᠢᠯᠡᠯ  ᠂ 12 ᠦᠪᠡᠷᠳᠡᠬᠡᠨ ᠵᠠᠰᠠᠬᠤ ᠤᠷᠤᠨ  ᠤ ᠳᠡᠰ  ᠤᠨ ᠳᠤᠯᠤᠭᠠᠢᠢᠯᠠᠬᠴᠢ ᠠᠵᠤ ᠠᠬᠤᠢᠢᠯᠡᠯ  ᠂ 1 ᠤᠯᠤᠰ  ᠤᠨ ᠳᠡᠰ  ᠤᠨ ᠳᠤᠯᠤᠭᠠᠢᠢᠯᠠᠬᠴᠢ ᠠᠵᠤ ᠠᠬᠤᠢᠢᠯᠡᠯ  ᠢ ᠪᠤᠶᠢᠵᠢᠭᠤᠯᠵᠤ  ᠂ ᠳᠠᠷᠢᠶᠠᠯᠠᠩ  ᠤᠨ ᠪᠦᠳᠦᠭᠡᠭᠳᠡᠬᠦᠨ ᠮᠠᠯ  ᠤᠨ ᠠᠰᠢᠬ ᠰᠢᠮ᠎ᠡ  ᠶᠢᠨ ᠬᠤᠪᠢᠷᠠᠭᠤᠯᠤᠬᠰᠠᠨ ᠨᠤᠷᠮ᠎ᠡ  ᠶᠢ 75% ᠳᠤ ᠬᠦᠷᠬᠡᠨ᠎ᠠ  ᠃ ᠳᠠᠷᠢᠶᠠᠴᠢᠳ  ᠤᠨ ᠬᠦᠮᠦᠨ ᠳᠤᠮᠳᠠᠴᠢ ᠠᠵᠤ ᠦᠢᠯᠡᠰᠵᠢᠯᠳᠡ ᠠᠴᠠ ᠤᠯᠤᠬᠰᠠᠨ ᠤᠷᠤᠯᠭ᠎ᠠ  ᠶᠢ ᠶᠡᠷᠦᠩᠬᠡᠢ ᠤᠷᠤᠯᠭ᠎ᠠ  ᠶᠢᠨ ᠡᠵᠡᠯᠡᠬᠦ ᠬᠠᠷᠢᠴᠠᠯ  ᠤᠨ 80% ᠠᠴᠠ ᠳᠡᠭᠡᠭᠰᠢ ᠳᠤ ᠬᠦᠷᠬᠡᠨ᠎ᠡ  ᠃ᠭᠤᠷᠪᠡ  ᠂ ᠬᠡᠷᠡᠭᠵᠢᠬᠦᠯᠬᠦ ᠬᠡᠪᠴᠢᠶ᠎ᠡ ᠪᠠ ᠨᠦᠬᠦᠪᠦᠷᠢ  ᠶᠢᠨ ᠪᠠᠷᠢᠮᠵᠢᠶ᠎ᠡ︵  ᠨᠢᠬᠡ  ︶ ᠤᠯᠤᠰ  ᠂ ᠦᠪᠡᠷᠳᠡᠬᠡᠨ ᠵᠠᠰᠠᠬᠤ ᠤᠷᠤᠨ  ᠂ ᠬᠤᠳᠠ  ᠂ ᠬᠤᠰᠢᠭᠤᠨ  ᠤ ᠳᠡᠰ  ᠤᠨ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠳᠤᠯᠤᠭᠠᠢᠢᠯᠠᠬᠴᠢ ᠠᠵᠤ ᠠᠬᠤᠢᠢᠯᠡᠯ  ᠂ ᠳᠠᠷᠢᠶᠠᠯᠠᠩ ᠮᠠᠯ ᠠᠵᠤ ᠠᠬᠤᠢ  ᠶᠢᠨ ᠦᠢᠯᠡᠳᠪᠦᠷᠢᠯᠡᠯ ᠡᠵᠡᠩᠨᠡᠯᠳᠡ ᠬᠢᠵᠤ ᠪᠠᠶᠢᠭ᠎ᠠ ᠳᠠᠷᠢᠶᠠᠯᠠᠩ ᠮᠠᠯ ᠠᠵᠤ ᠠᠬᠤᠢ  ᠶᠢᠨ ᠠᠵᠤ ᠠᠬᠤᠢᠢᠯᠡᠯ  ᠂ ᠳᠤᠰᠬᠠᠢ ᠬᠤᠷᠰᠢᠶᠡᠵᠢᠯ  ᠂ ᠬᠡᠷ ᠪᠦᠯᠢ  ᠶᠢᠨ ᠮᠠᠯᠵᠢᠯ ᠳᠠᠷᠢᠶᠠᠯᠠᠩ  ᠤᠨ ᠳᠠᠯᠠᠪᠠᠢ  ᠂ ᠳᠡᠷᠢᠵᠤ ᠳᠡᠵᠢᠬᠡᠨ ᠦᠷᠡᠵᠢᠬᠦᠯᠬᠦ ᠳᠤᠮᠤ ᠡᠷᠦᠬᠡ ᠵᠡᠷᠬᠡ ᠰᠢᠨ᠎ᠡ ᠬᠡᠯᠪᠡᠷᠢ  ᠶᠢᠨ ᠡᠵᠡᠩᠨᠡᠯᠳᠡ  ᠶᠢᠨ ᠪᠡᠶᠡᠴᠢ ᠴᠤᠬᠴᠠ ᠨᠢ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶   ᠤᠨ ᠡᠯ᠎ᠡ ᠳᠠᠷᠢᠶᠠᠯᠠᠩ ᠮᠠᠯ ᠠᠵᠤ ᠠᠬᠤᠢ  ᠶᠢᠨ ᠡᠵᠡᠩᠨᠡᠯᠳᠡ  ᠶᠢᠨ ᠪᠡᠶᠡᠴᠢ ᠴᠤᠬᠴᠠ ᠳᠤ ᠵᠢᠬᠡᠯᠡᠯᠬᠡ ᠠᠴᠠ ᠡᠮᠦᠨᠡᠬᠢ ᠬᠤᠭᠤᠴᠠᠭᠠᠨ  ᠤ ᠪᠠᠶᠢᠳᠠᠯ  ᠢ ᠤᠢᠢᠯᠠᠭᠠᠬᠤ ᠠᠩᠬᠠᠨ  ᠤ ᠬᠢᠨᠠᠯᠳᠠ  ᠶᠢ ᠳᠠᠮᠵᠢᠬᠰᠠᠨ  ᠤ ᠳᠠᠷᠠᠭ᠎ᠠ  ᠂ ᠰᠢᠨ᠎ᠡ ᠪᠠᠷ ᠪᠠᠶᠢᠭᠤᠯᠤᠬᠰᠠᠨ ᠪᠤᠶᠤ ᠦᠷᠬᠦᠯᠵᠢᠯᠡᠨ ᠪᠠᠶᠢᠭᠤᠯᠤᠬᠰᠠᠨ ᠳᠦᠷᠦᠯ ᠵᠦᠢᠯ ᠳᠤ ᠳᠤᠬᠳᠠᠮᠠᠯ ᠬᠦᠷᠦᠩᠬᠡ  ᠶᠢᠨ ᠵᠢᠬᠡᠯᠡᠯᠬᠡ  ᠶᠢᠨ ᠶᠡᠷᠦᠩᠬᠡᠢ ᠳᠤᠭ᠎ᠠ ᠪᠠᠷ ᠬᠦᠤ ᠮᠦᠩᠬᠦ  ᠶᠢ ᠤᠷᠤᠯᠠᠨ ᠦᠭᠴᠤ  ᠂ ᠬᠦᠤ ᠮᠦᠩᠬᠦ  ᠶᠢᠨ ᠪᠠᠷᠢᠮᠵᠢᠶ᠎ᠡ  ᠶᠢ ᠵᠢᠬᠡᠯᠡᠯᠬᠡ  ᠶᠢᠨ ᠬᠦᠤ ᠮᠦᠩᠬᠦ  ᠶᠢᠨ 80% ᠪᠤᠯᠭᠠᠵᠤ  ᠂ ᠬᠠᠮᠤᠬ ᠦᠨᠳᠦᠷ ᠬᠦᠤ  ᠶᠢ ᠤᠷᠤᠯᠠᠨ ᠦᠭᠬᠦ  ᠶᠢ ᠪᠠᠷᠢᠮᠵᠢᠶᠠᠳᠤ ᠬᠦᠤ ᠮᠦᠩᠬᠦ  ᠶᠢᠨ ᠨᠤᠷᠮ᠎ᠡ ᠠᠴᠠ ᠳᠠᠪᠠᠭᠤᠯᠵᠤ ᠪᠤᠯᠬᠤ ᠦᠬᠡᠢ ︵  ᠳᠠᠷᠤᠢ 4.35%︶   ᠂ ᠠᠳᠠᠯᠢ ᠨᠢᠬᠡ ᠵᠢᠯ  ᠤᠨ ᠠᠳᠠᠯᠢ ᠬᠤᠭᠤᠴᠠᠭᠠᠨ  ᠤ ᠵᠢᠬᠡᠯᠡᠯᠬᠡ ᠳᠤ ᠤᠯᠠᠨ ᠰᠠᠯᠠᠭ᠎ᠠ ᠮᠦᠴᠢᠷ ᠠᠴᠠ ᠤᠯᠠᠨ ᠤᠳᠠᠭ᠎ᠠ ᠬᠦᠤ ᠮᠦᠩᠬᠦ  ᠶᠢ ᠤᠷᠤᠯᠠᠨ ᠦᠭᠴᠤ ᠪᠤᠯᠬᠤ ᠦᠬᠡᠢ  ᠃︵  ᠬᠤᠶᠡᠷ  ︶ ᠳᠤᠬᠳᠠᠮᠠᠯ ᠬᠦᠷᠦᠩᠬᠡ  ᠶᠢᠨ ᠪᠡᠯᠡ ᠤᠷᠤᠭᠤᠯᠤᠯᠳᠠ ᠨᠢ 500 ᠳᠦᠮᠡᠨ ᠳᠦᠬᠦᠷᠢᠭ ᠠᠴᠠ ᠳᠡᠭᠡᠭᠰᠢ  ᠂ ᠵᠢᠯ  ᠤᠨ ᠪᠤᠷᠤᠯᠠᠭᠤᠯᠭ᠎ᠠ  ᠶᠢᠨ ᠤᠷᠤᠯᠭ᠎ᠠ ᠨᠢ ᠵᠠᠷᠴᠢᠮ ᠳᠡᠬᠡᠷ᠎ᠡ ᠪᠠᠨ 300 ᠳᠦᠮᠡᠨ ᠳᠦᠬᠦᠷᠢᠭ ᠠᠴᠠ ᠳᠡᠭᠡᠭᠰᠢ  ᠂ 100 ᠡᠷᠦᠬᠡ ᠠᠴᠠ ᠳᠡᠭᠡᠭᠰᠢ ᠮᠠᠯᠴᠢᠨ ᠳᠠᠷᠢᠶᠠᠴᠢᠨ  ᠢ ᠳᠠᠶᠢᠴᠢᠯᠡᠨ ᠳᠠᠷᠢᠶᠠᠯᠠᠩ  ᠤᠨ ᠪᠦᠳᠦᠭᠡᠭᠳᠡᠬᠦᠨ ᠮᠠᠯ  ᠤᠨ ᠠᠰᠢᠬ ᠰᠢᠮ᠎ᠡ  ᠶᠢ ᠨᠠᠷᠢᠯᠢᠬ ᠪᠤᠯᠪᠠᠰᠤᠷᠠᠭᠤᠯᠤᠬᠰᠠᠨ ᠠᠵᠤ ᠠᠬᠤᠢᠢᠯᠡᠯ  ︔ ᠳᠤᠬᠳᠠᠮᠠᠯ ᠬᠦᠷᠦᠩᠬᠡ  ᠶᠢᠨ ᠪᠡᠯᠡ ᠤᠷᠤᠭᠤᠯᠤᠯᠳᠠ ᠨᠢ 50 ᠳᠦᠮᠡᠨ ᠳᠦᠬᠦᠷᠢᠭ ᠠᠴᠠ ᠳᠡᠭᠡᠭᠰᠢ  ᠂ ᠵᠢᠯ  ᠤᠨ ᠪᠤᠷᠤᠯᠠᠭᠤᠯᠭ᠎ᠠ  ᠶᠢᠨ ᠤᠷᠤᠯᠭ᠎ᠠ ᠵᠠᠷᠴᠢᠮ ᠳᠡᠬᠡᠷ᠎ᠡ ᠪᠠᠨ 30 ᠳᠦᠮᠡᠨ ᠳᠦᠬᠦᠷᠢᠭ  ᠢ ᠳᠠᠪᠠᠵᠤ  ᠂ 30 ᠠᠴᠠ ᠳᠡᠭᠡᠭᠰᠢ ᠮᠠᠯᠴᠢᠨ ᠳᠠᠷᠢᠶᠠᠴᠢᠨ  ᠢ ᠳᠠᠶᠢᠴᠢᠯᠡᠭᠰᠠᠨ ᠤᠯᠤᠰ  ᠂ ᠦᠪᠡᠷᠳᠡᠬᠡᠨ ᠵᠠᠰᠠᠬᠤ ᠤᠷᠤᠨ  ᠂ ᠬᠤᠳᠠ  ᠂ ᠬᠤᠰᠢᠭᠤᠨ  ᠤ ᠳᠡᠰ  ᠤᠨ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠳᠤᠯᠤᠭᠠᠢᠢᠯᠠᠬᠴᠢ ᠠᠵᠤ ᠠᠬᠤᠢᠢᠯᠡᠯ  ᠂ ᠳᠠᠷᠢᠶᠠᠯᠠᠩ ᠮᠠᠯ ᠠᠵᠤ ᠠᠬᠤᠢ  ᠶᠢᠨ ᠦᠢᠯᠡᠳᠪᠦᠷᠢᠯᠡᠯ ᠡᠵᠡᠩᠨᠡᠯᠳᠡ ᠬᠢᠵᠤ ᠪᠠᠶᠢᠭ᠎ᠠ ᠳᠠᠷᠢᠶᠠᠯᠠᠩ ᠮᠠᠯ ᠠᠵᠤ ᠠᠬᠤᠢ  ᠶᠢᠨ ᠠᠵᠤ ᠠᠬᠤᠢᠢᠯᠡᠯ  ᠂ ᠳᠤᠰᠬᠠᠢ ᠬᠤᠷᠰᠢᠶᠡᠵᠢᠯ  ᠂ ᠬᠡᠷ ᠪᠦᠯᠢ  ᠶᠢᠨ ᠮᠠᠯᠵᠢᠯ ᠳᠠᠷᠢᠶᠠᠯᠠᠩ  ᠤᠨ ᠳᠠᠯᠠᠪᠠᠢ  ᠂ ᠳᠠᠷᠢᠵᠤ ᠳᠡᠵᠢᠬᠡᠨ ᠦᠷᠡᠵᠢᠬᠦᠯᠬᠦ ᠳᠤᠮᠤ ᠡᠷᠦᠬᠡ ᠵᠡᠷᠬᠡ ᠰᠢᠨ᠎ᠡ ᠬᠡᠯᠪᠡᠷᠢ  ᠶᠢᠨ ᠡᠵᠡᠩᠨᠡᠯᠳᠡ  ᠶᠢᠨ ᠪᠡᠶᠡᠴᠢ ᠴᠤᠬᠴᠠ ᠨᠢ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶   ᠤᠨ ᠡᠯ᠎ᠡ ᠳᠠᠷᠢᠶᠠᠯᠠᠩ ᠮᠠᠯ ᠠᠵᠤ ᠠᠬᠤᠢ  ᠶᠢᠨ ᠡᠵᠡᠩᠨᠡᠯᠳᠡ  ᠶᠢᠨ ᠪᠡᠶᠡᠴᠢ ᠴᠤᠬᠴᠠ ᠳᠤ ᠵᠢᠬᠡᠯᠡᠯᠬᠡ ᠠᠴᠠ ᠡᠮᠦᠨᠡᠬᠢ ᠬᠤᠭᠤᠴᠠᠭᠠᠨ  ᠤ ᠪᠠᠶᠢᠳᠠᠯ  ᠢ ᠤᠢᠯᠠᠭᠠᠬᠤ ᠠᠩᠬᠠᠨ  ᠤ ᠬᠢᠨᠠᠯᠳᠠ  ᠶᠢ ᠳᠠᠮᠵᠢᠬᠰᠠᠨ  ᠤ ᠳᠠᠷᠠᠭ᠎ᠠ  ᠂ ᠨᠡᠬᠦᠳᠡᠯ ᠪᠡᠯᠡ ᠮᠦᠩᠬᠦᠨ  ᠤ ᠵᠢᠬᠡᠯᠡᠯᠬᠡ  ᠶᠢᠨ ᠶᠡᠷᠦᠩᠬᠡᠢ ᠳᠤᠭ᠎ᠠ ᠳᠤ ᠬᠦᠤ ᠮᠦᠩᠬᠦ  ᠶᠢ ᠤᠷᠤᠯᠠᠨ ᠦᠭᠴᠤ  ᠂ ᠵᠢᠬᠡᠯᠡᠯᠬᠡ  ᠶᠢᠨ ᠬᠦᠤ ᠮᠦᠩᠬᠦ  ᠶᠢᠨ 80%  ᠶᠢᠨ ᠬᠦᠤ ᠮᠦᠩᠬᠦ  ᠶᠢ ᠤᠷᠤᠯᠠᠨ ᠦᠭᠴᠤ ᠬᠦᠤ ᠮᠦᠩᠬᠦ  ᠶᠢ ᠤᠷᠤᠯᠠᠨ ᠦᠭᠬᠦ ᠨᠤᠷᠮ᠎ᠡ  ᠶᠢ ᠦᠨᠳᠦᠰᠦᠨ ᠬᠦᠤ ᠨᠤᠷᠮ᠎ᠡ  ᠠᠴᠠ ᠳᠠᠪᠠᠭᠤᠯᠵᠤ ᠪᠤᠯᠬᠤ ᠦᠬᠡᠢ ︵  ᠳᠠᠷᠤᠢ 4.35%︶   ᠃ ᠠᠳᠠᠯᠢ ᠨᠢᠬᠡ ᠵᠢᠯ  ᠤᠨ ᠠᠳᠠᠯᠢ ᠬᠤᠭᠤᠴᠠᠭᠠᠨ  ᠤ ᠵᠢᠬᠡᠯᠡᠯᠬᠡ ᠳᠤ ᠤᠯᠠᠨ ᠰᠠᠯᠠᠭ᠎ᠠ ᠮᠦᠴᠢᠷ ᠠᠴᠠ ᠤᠯᠠᠨ ᠤᠳᠠᠭ᠎ᠠ ᠬᠦᠤ ᠮᠦᠩᠬᠦ  ᠶᠢ ᠤᠷᠤᠯᠠᠨ ᠦᠭᠴᠤ ᠪᠤᠯᠬᠤ ᠦᠬᠡᠢ  ᠃ᠳᠦᠷᠪᠡ  ᠂ ᠪᠡᠯᠡ ᠮᠦᠩᠬᠦ ᠰᠤᠯᠢᠵᠤ ᠦᠭᠬᠦ ᠠᠷᠭ᠎ᠠ      ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶ ᠠᠵᠤ ᠠᠬᠤᠢᠢᠯᠡᠯ  ᠤᠨ ᠬᠠᠩᠭᠠᠬᠰᠠᠨ ᠮᠠᠲ᠋ᠧᠷᠢᠶᠡᠯ  ᠂ ᠵᠢᠬᠡᠯᠡᠯᠬᠡ  ᠶᠢᠨ ᠦᠨᠡᠨ ᠪᠤᠳᠠᠳᠠᠢ ᠴᠢᠨᠡᠷ  ᠂ ᠰᠠᠯᠭᠠᠨ ᠦᠭᠬᠦ ᠵᠢᠬᠡᠯᠡᠯᠬᠡ  ᠶᠢᠨ ᠡᠳ᠋  ᠤᠨ ᠵᠠᠰᠠᠬ  ᠤᠨ ᠬᠦᠤ ᠮᠦᠩᠬᠦ  ᠶᠢ ᠤᠷᠤᠯᠠᠨ ᠦᠭᠬᠦ ᠬᠢᠨᠠᠨ ᠬᠠᠷᠭᠤᠭᠤᠯᠬᠤ  ᠶᠢ ᠬᠠᠷᠢᠭᠤᠴᠠᠬᠤ  ᠶᠢᠨ ᠬᠠᠮᠳᠤ ᠬᠦᠤ ᠮᠦᠩᠬᠦ  ᠶᠢ ᠬᠡᠷᠡᠭᠯᠡᠬᠦ ᠬᠢᠨᠠᠯᠳᠠ ᠬᠠᠮᠢᠶᠠᠷᠤᠯᠳᠡ  ᠶᠢ ᠴᠢᠩᠭᠠᠳᠬᠠᠵᠤ  ᠂ ᠤᠷᠤᠯᠠᠨ ᠦᠭᠬᠦ ᠬᠦᠤ ᠮᠦᠩᠬᠦ  ᠶᠢᠨ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠬᠦᠭᠵᠢᠯᠳᠡ ᠳᠤ ᠬᠡᠷᠡᠭᠯᠡᠬᠦ  ᠶᠢ ᠪᠠᠳᠤᠯᠠᠨ᠎ᠡ  ᠃ ᠡᠯ᠎ᠡ ᠳᠤᠯᠤᠭᠠᠢᠢᠯᠠᠬᠴᠢ ᠠᠵᠤ ᠠᠬᠤᠢᠢᠯᠡᠯ  ᠤᠨ ᠬᠠᠩᠭᠠᠬᠰᠠᠨ ᠵᠢᠬᠡᠯᠡᠯᠬᠡ  ᠶᠢᠨ ᠬᠦᠤ ᠮᠦᠩᠬᠦ  ᠶᠢᠨ ᠬᠡᠷᠡᠴᠢ ᠨᠢ ᠬᠤᠳᠠᠯ ᠬᠠᠭᠤᠷᠮᠠᠬ ᠪᠠᠶᠢᠵᠤ ᠪᠤᠯᠬᠤ ᠦᠬᠡᠢ  ᠂ ᠳᠦᠷᠢᠮ ᠠᠴᠠ ᠵᠦᠷᠢᠴᠡᠭᠰᠡᠨ ᠠᠵᠢᠯᠯᠠᠭ᠎ᠠ  ᠶᠢ ᠰᠡᠷᠡᠵᠤ ᠮᠡᠳᠡᠪᠡᠯ ᠤᠷᠤᠯᠠᠨ ᠦᠭᠬᠦ ᠬᠦᠤ ᠮᠦᠩᠬᠦ  ᠶᠢ ᠪᠤᠴᠠᠭᠠᠵᠤ ᠠᠪᠬᠤ  ᠶᠢᠨ ᠬᠠᠮᠳᠤ ᠠᠵᠤ ᠠᠬᠤᠢᠢᠯᠡᠯ  ᠤᠨ ᠬᠠᠤᠯᠢ  ᠶᠢᠨ ᠬᠦᠮᠦᠨ ᠪᠠ ᠬᠤᠯᠪᠤᠬᠳᠠᠯ ᠪᠦᠬᠦᠢ ᠬᠦᠮᠦᠨ  ᠠᠴᠠ ᠬᠠᠷᠢᠭᠤᠴᠠᠯᠭ᠎ᠠ ᠨᠡᠬᠡᠮᠵᠢᠯᠡᠵᠤ  ᠂ ᠬᠤᠶᠢᠰᠢᠳᠡ  ᠶᠢᠨ ᠤᠷᠤᠯᠠᠨ ᠦᠭᠬᠦ ᠬᠦᠤ ᠮᠦᠩᠬᠦ ᠭᠤᠶᠤᠴᠢᠯᠠᠬᠤ ᠬᠢᠷᠢ ᠬᠡᠮ  ᠢ ᠨᠢ ᠬᠠᠰᠤᠨ᠎ᠠ  ᠃ ᠤᠷᠤᠯᠠᠨ ᠦᠭᠬᠦ ᠬᠦᠤ ᠮᠦᠩᠬᠦ  ᠶᠢ ᠬᠤᠰᠢᠭᠤᠨ  ᠤ ᠡᠳ᠋  ᠤᠨ ᠵᠠᠰᠠᠬ ᠠᠴᠠ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶ ᠲᠤ ᠰᠠᠯᠭᠠᠨ ᠦᠭᠴᠤ  ᠂ ᠶᠠᠮᠠᠷᠪᠠ ᠪᠠᠶᠢᠭᠤᠯᠭ᠎ᠠ ᠪᠤᠶᠤ ᠬᠤᠪᠢ ᠬᠦᠮᠦᠨ ᠶᠡᠮᠡᠷ ᠬᠡᠯᠪᠡᠷᠢ ᠪᠠᠷ  ᠂ ᠠᠯᠢᠪᠡ ᠰᠢᠯᠳᠠᠬ  ᠢᠶᠠᠷ ᠦᠯᠡᠳᠡᠬᠡᠨ ᠠᠪᠬᠤ ᠪᠤᠶᠤ ᠰᠢᠯᠵᠢᠬᠦᠯᠦᠨ ᠬᠡᠷᠡᠭᠯᠡᠵᠤ ᠪᠤᠯᠬᠤ ᠦᠬᠡᠢ  ᠃      ᠪᠠᠩᠬᠢ  ᠶᠢᠨ ᠴᠢᠮᠡᠭᠡ ᠵᠠᠩᠬᠢ  ᠶᠢᠨ ᠰᠠᠯᠠᠭ᠎ᠠ ᠮᠦᠴᠢᠷ ᠳᠤᠰ ᠳᠦᠰᠤᠯ ᠶᠤᠰᠤᠭᠠᠷ ᠡᠯ᠎ᠡ ᠵᠢᠬᠡᠯᠡᠯᠬᠡ  ᠶᠢᠨ ᠪᠡᠶᠡᠴᠢ ᠴᠤᠬᠴᠠ ᠳᠤ ᠬᠠᠷᠢᠭᠤᠴᠠᠨ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶ ᠲᠤ ᠵᠢᠬᠡᠯᠡᠯᠬᠡ  ᠶᠢᠨ ᠬᠡᠷ᠎ᠡ ᠵᠡᠷᠬᠡ ᠬᠤᠯᠪᠤᠬᠳᠠᠯ ᠪᠦᠬᠦᠢ ᠮᠠᠲ᠋ᠧᠷᠢᠶᠡᠯ ᠬᠠᠩᠭᠠᠵᠤ  ᠂ ᠵᠢᠬᠡᠯᠡᠯᠬᠡ  ᠶᠢᠨ ᠦᠨᠡᠨ ᠪᠤᠳᠠᠳᠠᠢ ᠴᠢᠨᠡᠷ  ᠢ ᠬᠡᠷᠡᠴᠢᠯᠡᠵᠤ  ᠂ ᠤᠷᠤᠯᠡᠨ ᠦᠭᠬᠦ ᠬᠦᠤ ᠮᠦᠩᠬᠦ  ᠶᠢ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠰᠵᠢᠯᠳᠡ  ᠶᠢᠨ ᠬᠦᠭᠵᠢᠯᠳᠡ ᠳᠤ ᠬᠡᠷᠡᠭᠯᠡᠬᠦ  ᠶᠢ ᠪᠠᠳᠤᠯᠠᠨ᠎ᠠ  ᠃ ᠳᠡᠷᠡᠴᠢᠯᠡᠨ ᠪᠠᠰᠠ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ ︵  ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠦᠢᠯᠡᠴᠢᠯᠡᠬᠡᠨ  ᠤ ᠳᠦᠪ  ︶ ᠲᠠᠢ ᠬᠠᠮᠢᠶ᠎ᠠ ᠪᠦᠬᠦᠢ ᠬᠠᠷᠢᠭᠤᠴᠠᠯᠭ᠎ᠠ ᠡᠬᠦᠷᠬᠡᠯᠡᠬᠦ ᠬᠡᠷ᠎ᠡ ᠳᠤᠬᠳᠠᠬᠰᠠᠨ  ᠤ ᠳᠠᠷᠠᠭ᠎ᠠ ᠬᠦᠤ ᠮᠦᠩᠬᠦ  ᠶᠢ ᠤᠷᠤᠯᠠᠨ ᠦᠭᠬᠦ ᠪᠡᠯᠡ ᠮᠦᠩᠬᠦ  ᠶᠢ ᠬᠤᠯᠪᠤᠬᠳᠠᠯ ᠪᠦᠬᠦᠢ ᠪᠠᠩᠬᠢ  ᠶᠢᠨ ᠢᠳᠡᠬᠡᠮᠵᠢᠳᠤ ᠵᠢᠬᠡᠯᠡᠯᠬᠡ  ᠶᠢᠨ ᠰᠠᠯᠠᠭ᠎ᠠ ᠮᠦᠴᠢᠷ ᠲᠤ ᠤᠷᠢᠳ ᠢᠶᠠᠷ ᠰᠠᠯᠭᠠᠨ ᠦᠭᠴᠤ  ᠂ ᠡᠯ᠎ᠡ ᠳᠠᠷᠢᠶᠠᠯᠠᠩ ᠮᠠᠯ ᠠᠵᠤ ᠠᠬᠤᠢ  ᠶᠢᠨ ᠦᠢᠯᠡᠳᠪᠦᠷᠢᠯᠡᠯ ᠡᠵᠡᠩᠨᠡᠭᠴᠢ  ᠶᠢᠨ ᠬᠦᠤ ᠮᠦᠩᠬᠦ ᠪᠤᠴᠠᠭᠠᠬᠤ ᠳᠠᠷᠤᠯᠳᠡ ᠪᠠ ᠬᠦᠴᠢᠷᠳᠡᠯ  ᠢ ᠰᠢᠢᠳᠪᠦᠷᠢᠯᠡᠨ᠎ᠡ  ᠃ᠳᠠᠪᠤ  ᠂ ᠠᠵᠢᠯ  ᠤᠨ ᠪᠠᠳᠤᠯᠠᠭ᠎ᠠ︵  ᠨᠢᠬᠡ  ︶ ᠵᠤᠬᠢᠶᠠᠨ ᠪᠠᠶᠢᠭᠤᠯᠤᠯᠳᠠ  ᠶᠢᠨ ᠤᠳᠤᠷᠢᠳᠤᠯᠭ᠎ᠠ ᠪᠠᠨ ᠴᠢᠩᠭᠠᠳᠬᠠᠨ᠎ᠠ  ᠃ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠬᠤᠪᠢᠳᠡᠨ ᠬᠠᠷᠢᠭᠤᠴᠠᠵᠤ ᠪᠠᠶᠢᠭ᠎ᠠ ᠤᠳᠤᠷᠢᠳᠤᠯᠭ᠎ᠠ ᠪᠠᠷ ᠳᠤᠭᠤᠢᠢᠯᠠᠩ  ᠤᠨ ᠳᠠᠷᠤᠭ᠎ᠠ ᠪᠤᠯᠭᠠᠵᠤ  ᠂ ᠬᠤᠰᠢᠭᠤᠨ  ᠤ ᠡᠳ᠋  ᠤᠨ ᠵᠠᠰᠠᠬ  ᠂ ᠳᠠᠷᠢᠶᠠᠯᠠᠩ ᠮᠠᠯ ᠠᠵᠤ ᠠᠬᠤᠢ  ᠂ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠯᠳᠡ  ᠶᠢᠨ ᠠᠯᠪᠠᠨ ᠬᠡᠷ  ᠤᠨ ᠭᠤᠤᠯ ᠤᠳᠤᠷᠢᠳᠤᠯᠭ᠎ᠠ ᠪᠠᠷ ᠳᠡᠳ᠋ ᠳᠤᠭᠤᠢᠢᠯᠠᠩ  ᠤᠨ ᠳᠠᠷᠤᠭ᠎ᠠ ᠪᠤᠯᠭᠠᠵᠤ  ᠂ ᠡᠯ᠎ᠡ ᠬᠤᠯᠪᠤᠬᠳᠠᠯ ᠪᠦᠬᠦᠢ ᠰᠠᠯᠠᠭ᠎ᠠ ᠮᠦᠴᠢᠷ  ᠤᠨ ᠭᠤᠤᠯ ᠤᠳᠤᠷᠢᠳᠤᠯᠭ᠎ᠠ ᠪᠠᠷ ᠪᠦᠷᠢᠯᠳᠦᠬᠦᠨ ᠢᠶᠠᠨ ᠪᠤᠯᠭᠠᠬᠰᠠᠨ ᠬᠤᠰᠢᠭᠤᠨ  ᠤ ᠳᠠᠷᠢᠶᠠᠯᠠᠩ ᠮᠠᠯ ᠠᠵᠤ ᠠᠬᠤᠢ  ᠶᠢᠨ ᠠᠵᠤ ᠦᠢᠯᠡᠰᠵᠢᠭᠰᠡᠨ ᠳᠤᠯᠤᠭᠠᠢᠢᠯᠠᠬᠴᠢ ᠠᠵᠤ ᠠᠬᠤᠢᠢᠯᠡᠯ  ᠤᠨ ᠵᠢᠬᠡᠯᠡᠯᠬᠡ  ᠶᠢᠨ ᠬᠦᠤ ᠮᠦᠩᠬᠦ  ᠶᠢ ᠤᠷᠤᠯᠠᠨ ᠦᠭᠬᠦ ᠤᠳᠤᠷᠢᠳᠬᠤ ᠳᠤᠭᠤᠢᠢᠯᠠᠩ ᠪᠠᠶᠢᠭᠤᠯᠤᠨ᠎ᠠ  ᠃︵  ᠬᠤᠶᠡᠷ  ︶ ᠪᠡᠯᠡ ᠮᠦᠩᠬᠦᠨ  ᠤ ᠤᠷᠤᠭᠤᠯᠤᠯᠳᠠ ᠪᠠᠨ ᠨᠡᠮᠡᠭᠳᠡᠬᠦᠯᠤᠨ᠎ᠠ  ᠃ ᠵᠠᠰᠠᠬ  ᠤᠨ ᠤᠷᠳᠤᠨ ᠡᠳ᠋ ᠮᠦᠩᠬᠦ ᠪᠠᠷ ᠳᠤᠰᠠᠯᠠᠬᠤ  ᠂ ᠤᠯᠠᠨ ᠡᠰᠢᠵᠢᠭᠰᠡᠨ ᠤᠷᠤᠭᠤᠯᠤᠯᠳᠠ ᠬᠢᠬᠦ  ᠂ ᠵᠠᠬ᠎ᠠ ᠳᠡᠯᠬᠡᠬᠦᠷᠴᠢᠯᠡᠨ ᠠᠵᠢᠯᠯᠠᠭᠤᠯᠬᠤ ᠰᠡᠳᠬᠢᠴᠡ ᠶᠤᠰᠤᠭᠠᠷ  ᠂ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ ᠵᠢᠯ ᠪᠦᠷᠢ 1500 ᠳᠦᠮᠡᠨ ᠳᠦᠬᠦᠷᠢᠭ  ᠤᠨ ᠬᠦᠤ ᠮᠦᠩᠬᠦ  ᠶᠢ ᠤᠷᠤᠯᠠᠨ ᠦᠭᠬᠦ ᠪᠡᠯᠡ ᠮᠦᠩᠬᠦ ᠳᠤᠬᠢᠷᠠᠭᠤᠯᠤᠨ᠎ᠠ  ᠃︵  ᠭᠤᠷᠪᠡ  ︶ ᠤᠬᠠᠭᠤᠯᠤᠨ ᠵᠢᠯᠤᠭᠤᠳᠬᠤ  ᠶᠢ ᠴᠢᠩᠭᠠᠳᠬᠠᠨ᠎ᠠ  ᠃ ᠡᠯ᠎ᠡ ᠳᠦᠷᠦᠯ  ᠤᠨ ᠤᠬᠠᠭᠤᠯᠭ᠎ᠠ  ᠶᠢᠨ ᠵᠠᠭᠤᠴᠢᠯᠠᠭᠤᠷ  ᠢ ᠬᠦᠢᠴᠡᠳ ᠠᠰᠢᠬᠯᠠᠵᠤ ᠬᠦᠤ ᠮᠦᠩᠬᠦ  ᠶᠢ ᠤᠷᠤᠯᠠᠨ ᠦᠭᠬᠦ ᠳᠡᠮᠵᠢᠯᠬᠡ  ᠶᠢᠨ ᠴᠢᠬᠤᠯᠠ ᠠᠴᠢ ᠬᠤᠯᠪᠤᠬᠳᠠᠯ  ᠂ ᠪᠤᠳᠠᠳᠠᠢ ᠠᠭᠤᠯᠭ᠎ᠠ ᠪᠠ ᠬᠦᠤ ᠮᠦᠩᠬᠦ  ᠶᠢ ᠤᠷᠤᠯᠠᠨ ᠦᠭᠬᠦ ᠪᠠᠷᠢᠮᠵᠢᠶ᠎ᠡ  ᠶᠢ ᠦᠷᠬᠡᠨ ᠳᠡᠯᠬᠡᠷ ᠤᠬᠠᠭᠤᠯᠵᠤ  ᠂ ᠬᠦᠤ ᠮᠦᠩᠬᠦ  ᠶᠢ ᠤᠷᠤᠯᠡᠨ ᠦᠭᠬᠦᠭᠰᠡᠨ ᠵᠢᠱᠢᠶ᠎ᠡ ᠦᠵᠡᠬᠦᠯᠬᠦ ᠳᠤᠯᠤᠭᠠᠢᠢᠯᠠᠬᠴᠢ ᠠᠵᠤ ᠠᠬᠤᠢᠢᠯᠡᠯ ᠪᠠ ᠳᠠᠶᠢᠴᠢᠯᠠᠨ ᠳᠠᠭᠠᠭᠤᠯᠤᠬᠰᠠᠨ ᠳᠠᠷᠢᠶᠠᠴᠢᠨ ᠡᠷᠦᠬᠡ  ᠶᠢᠨ ᠭᠠᠷᠤᠯᠳᠡ ᠪᠠᠨ ᠨᠡᠮᠡᠭᠳᠡᠬᠦᠯᠵᠤ  ᠂ ᠤᠷᠤᠯᠭ᠎ᠠ ᠪᠠᠨ ᠨᠡᠮᠡᠭᠳᠡᠬᠦᠯᠦᠭᠰᠡᠨ ᠨᠡᠶᠢᠳᠡᠯᠢᠭ ᠦᠢᠯᠡ ᠠᠵᠢᠯᠯᠠᠭ᠎ᠠ  ᠶᠢ ᠮᠦᠷᠳᠡᠨ ᠮᠡᠳᠡᠬᠡᠯᠡᠨ᠎ᠡ  ᠃
ᠢᠷᠡᠯᠲᠡ᠄ ᠲᠤᠰ ᠰᠦᠯᠵᠢᠶ᠎ᠡ