ᠰᠢᠨ᠎ᠡ ᠡᠬᠦᠷᠬᠡ ᠬᠠᠷᠢᠭᠤᠴᠠᠯᠭ᠎ᠠ ᠶᠢ ᠡᠬᠦᠷᠬᠡᠯᠡᠵᠤ ᠰᠢᠨ᠎ᠡ ᠠᠶᠠᠨ ᠳᠠᠭᠠᠨ ᠡᠷᠡᠮᠡᠬᠡᠶᠢᠯᠡᠨ ᠤᠷᠤᠬᠰᠢᠯᠠᠶ᠎ᠠ— ᠳᠤᠮᠳᠠᠳᠤ ᠤᠯᠤᠰ ᠤᠨ ᠡᠪ ᠬᠠᠮᠳᠤ ᠨᠠᠮ ᠤᠨ ᠵᠡᠬᠦᠨᠭᠠᠷ ᠬᠤᠰᠢᠭᠤᠨ ᠤ ᠠᠷᠪᠠᠨ ᠵᠢᠷᠭᠤᠳᠤᠭᠠᠷ ᠤᠳᠠᠭ᠎ᠠ ᠶᠢᠨ ᠳᠦᠯᠦᠭᠡᠯᠡᠭᠴᠢᠳ ᠤᠨ ᠶᠡᠭᠡ ᠬᠤᠷᠡᠯ ᠤᠨ ᠵᠤᠷᠢᠬ ᠰᠠᠨᠠᠭ᠎ᠠ ᠶᠢ ᠳᠤᠭᠤᠰᠢᠯᠠᠭᠤᠯᠤᠨ ᠨᠠᠶᠢᠳᠠᠪᠤᠷᠢᠵᠢᠭᠤᠯᠬᠤ ᠲᠤᠬᠠᠢ ᠰᠢᠷᠢᠰ ᠳᠤᠰᠬᠠᠢ ᠰᠤᠷᠪᠤᠯᠵᠢ᠊
ᠨᠡᠶᠢᠲᠡᠯᠡᠭᠰᠡᠨ ᠴᠠᠭ᠄
2021/8/20
ᠨᠠᠷᠠᠰᠤᠨ ᠪᠠᠯᠭᠠᠰᠤ᠄ ᠪᠤᠬᠢᠷᠳᠤᠯ ᠦᠬᠡᠢ ᠡᠶ᠎ᠡ ᠵᠤᠬᠢᠴᠠᠩᠭᠤᠢ ᠠᠭᠤᠷᠬᠠᠢ ᠶᠢᠨ ᠤᠷᠤᠨ ᠢ ᠴᠢᠷᠮᠠᠶᠢᠨ ᠪᠦᠳᠦᠬᠡᠨ ᠪᠠᠶᠢᠭᠤᠯᠤᠨ᠎ᠠ ᠨᠠᠷᠡᠰᠤᠨ ᠪᠠᠯᠭᠠᠰᠤ ᠶᠢᠨ ᠨᠠᠮ ᠤᠨ ᠬᠤᠷᠢᠶ᠎ᠠ ᠶᠢᠨ ᠱᠦᠵᠢ  ᠯᠢᠦ ᠶᠠᠨ ᠫᠢᠡᠭ ᠢ ᠰᠤᠷᠪᠤᠯᠵᠢᠯᠠᠬᠰᠠᠨ ᠨᠢ
刘彦平(纳日松镇).jpg      ᠬᠤᠶᠢᠰᠢᠳᠡ ᠶᠢᠨ ᠳᠠᠪᠤᠨ ᠵᠢᠯ ᠳᠤ᠂ ᠨᠠᠷᠡᠰᠤᠨ ᠪᠠᠯᠭᠠᠰᠤ ᠬᠤᠰᠢᠭᠤᠨ ᠤ ᠠᠷᠪᠠᠨ ᠵᠢᠷᠭᠤᠳᠤᠭᠠᠷ ᠤᠳᠠᠭ᠎ᠠ ᠶᠢᠨ ᠨᠠᠮ ᠤᠨ ᠳᠦᠯᠦᠭᠡᠯᠡᠭᠴᠢᠳ ᠤᠨ ᠶᠡᠭᠡ
ᠬᠤᠷᠡᠯ ᠤᠨ ᠵᠤᠷᠢᠬ ᠰᠠᠨᠠᠭ᠎ᠠ ᠶᠢ ᠬᠦᠨᠵᠡᠬᠡᠢ ᠰᠤᠷᠤᠯᠴᠠᠨ ᠳᠤᠭᠤᠰᠢᠯᠠᠭᠤᠯᠤᠨ᠎ᠡ᠃ ᠡᠬᠢ ᠪᠡᠶᠡᠯᠢᠬ ᠤᠨ ᠬᠡᠯᠪᠡᠷᠢ ᠶᠢᠨ ᠭᠠᠵᠠᠷ ᠤᠷᠤᠨ ᠤ ᠠᠮᠢ ᠠᠬᠤᠢ ᠶᠢ ᠤᠷᠢᠳ ᠢᠶᠠᠷ ᠪᠤᠳᠤᠯᠬᠢᠯᠠᠵᠤ᠂ ᠪᠤᠬᠢᠷᠳᠤᠯ ᠦᠬᠡᠢ ᠬᠦᠭᠵᠢᠯᠳᠡ ᠪᠠᠷ ᠤᠳᠤᠷᠢᠳᠤᠮᠵᠢ ᠪᠤᠯᠭᠠᠬᠰᠠᠨ ᠴᠢᠨᠡᠷ ᠰᠠᠶᠢᠳᠡᠢ ᠬᠦᠭᠵᠢᠯᠳᠡ ᠶᠢᠨ ᠵᠠᠮ ᠢᠶᠠᠷ ᠡᠷᠡᠰ ᠭᠤᠶᠢᠪᠢᠰᠢ ᠦᠭᠡᠢ ᠵᠠᠮᠨᠠᠨ᠎ᠠ᠃ ᠪᠤᠬᠢᠷᠳᠤᠯ ᠦᠬᠡᠢ ᠡᠶ᠎ᠡ ᠵᠤᠬᠢᠴᠠᠩᠭᠤᠢ ᠠᠭᠤᠷᠬᠠᠢ ᠶᠢᠨ ᠤᠷᠤᠨ ᠢ ᠴᠢᠷᠮᠡᠶᠢᠨ ᠪᠦᠳᠦᠬᠡᠨ ᠪᠠᠶᠢᠭᠤᠯᠵᠤ᠂ ᠨᠡᠶᠢᠬᠡᠮ ᠵᠢᠷᠤᠮ ᠤᠨ ᠤᠳᠤᠬᠢᠴᠢᠯᠠᠬᠰᠠᠨ ᠵᠡᠬᠦᠨᠭᠠᠷ ᠢ ᠪᠦᠬᠦ ᠳᠠᠯ᠎ᠠ ᠪᠠᠷ ᠪᠦᠳᠦᠬᠡᠨ ᠪᠠᠶᠢᠭᠤᠯᠬᠤ ᠳᠤ ᠬᠤᠪᠢ ᠨᠡᠮᠡᠷᠢ ᠪᠠᠨ ᠦᠵᠡᠬᠦᠯᠤᠨ᠎ᠡ᠃ ᠳᠤᠤᠷᠡᠬᠢ ᠳᠦᠷᠪᠡᠨ ᠳᠠᠯ᠎ᠠ ᠶᠢᠨ ᠠᠵᠢᠯ ᠢ ᠳᠤᠪᠤᠶᠢᠯᠭᠠᠨ ᠰᠠᠶᠢᠳᠤᠷ ᠠᠳᠬᠤᠨ᠎ᠠ᠄      ᠨᠢᠬᠡ ᠳᠤ᠂ ᠨᠠᠮ ᠢ ᠪᠦᠬᠦ ᠳᠠᠯ᠎ᠠ ᠪᠠᠷ ᠴᠢᠩᠭ᠎ᠠ ᠵᠠᠰᠠᠬᠤ ᠪᠠᠷ ᠵᠢᠯᠤᠭᠤᠳᠤᠮᠵᠢ ᠪᠤᠯᠭᠠᠵᠦ᠂ ᠦᠨᠳᠦᠰᠦᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠯᠳᠠ ᠶᠢᠨ ᠰᠠᠭᠤᠷᠢ ᠶᠢ ᠪᠠᠳᠤᠳᠬᠠᠨ᠎ᠠ᠃ ᠦᠨᠳᠦᠰᠦᠨ ᠱᠠᠳᠤ ᠶᠢ ᠶᠡᠭᠡ ᠪᠠᠷ ᠠᠳᠬᠤᠬᠤ ᠢᠯᠡ ᠲᠤᠳᠤ ᠤᠳᠤᠷᠢᠳᠤᠮᠵᠢ ᠶᠢ ᠪᠠᠳᠤ ᠪᠠᠬᠢ ᠪᠤᠢ ᠪᠤᠯᠭᠠᠵᠤ᠂ ᠪᠠᠯᠭᠠᠰᠤᠨ ᠤ ᠨᠠᠮ ᠵᠠᠰᠠᠬ ᠤᠨ ᠤᠳᠤᠷᠢᠳᠬᠤ ᠪᠠᠬ ᠪᠠ ᠳᠤᠰᠬᠤᠨ ᠨᠡᠶᠢᠬᠡᠮ ᠳᠤᠭᠤᠷᠢᠬ ᠤᠨ ︽ᠬᠤᠶᠡᠷ ᠵᠦᠪᠯᠡᠯ︾ ᠤᠨ ᠪᠠᠬ ᠤᠨ ᠪᠠᠶᠢᠭᠤᠯᠤᠯᠳᠠ ᠪᠠ ᠳᠡᠭᠡᠭᠰᠢᠯᠡᠯᠳᠡ ᠶᠢ ᠯᠠᠪᠳᠠᠭᠤᠨ ᠪᠠᠳᠤᠳᠠᠢ ᠰᠠᠶᠢᠳᠤᠷ ᠠᠳᠬᠤᠵᠤ᠂ ᠳᠤᠰᠬᠤᠨ ᠨᠡᠶᠢᠬᠡᠮ ᠳᠤᠭᠤᠷᠢᠬ ᠤᠨ ᠨᠠᠮ ᠤᠨ ᠡᠬᠦᠷ ᠤᠨ ᠱᠦᠵᠢ ᠶᠢᠨ ᠡ᠊ᠡᠭᠨᠡᠭᠡ ᠶᠢ ᠰᠢᠯᠢᠳᠡᠭᠵᠢᠬᠦᠯᠦᠨ ᠪᠤᠵᠠᠭᠠᠢᠢᠷᠠᠭᠤᠯᠵᠤ᠂ ᠬᠦᠳᠡᠭᠡ ᠳᠤᠰᠬᠤᠨ ᠢ ᠵᠠᠰᠠᠨ ᠴᠡᠭᠴᠡᠯᠡᠬᠦ᠂ ᠳᠠᠭᠠᠭᠤᠯᠤᠨ ᠪᠠᠶᠠᠵᠢᠬᠤ ᠴᠢᠳᠠᠪᠤᠷᠢ ᠪᠠ ᠬᠢᠷᠢ ᠳᠦᠪᠰᠢᠨ ᠢ ᠬᠦᠴᠦᠯᠡᠨ ᠳᠡᠭᠡᠭᠰᠢᠯᠡᠬᠦᠯᠦᠨ᠎ᠡ︔ ᠠᠵᠢᠯ ᠬᠢᠬᠦ ᠰᠠᠨᠠᠭ᠎ᠠ ᠲᠠᠢ᠂ ᠠᠵᠢᠯ ᠬᠢᠬᠦ ᠴᠢᠳᠠᠪᠤᠷᠢ ᠲᠠᠢ᠂ ᠠᠵᠢᠯ ᠬᠢᠵᠤ ᠪᠦᠳᠦᠬᠡᠳᠡᠭ ᠦᠨᠳᠦᠰᠦᠨ ᠱᠠᠳᠤᠨ ᠤ ᠺᠠᠳ᠋ᠷ ᠤᠨ ᠡ᠊ᠡᠭᠨᠡᠭᠡ ᠶᠢ ᠪᠠᠶᠢᠭᠤᠯᠤᠨ᠎ᠠ᠃ ᠦᠨᠳᠦᠰᠦᠨ ᠱᠠᠳᠤᠨ ᠤ ᠵᠢᠬᠰᠠᠭᠠᠯ ᠤᠨ ᠭᠠᠵᠠᠷ ᠪᠠ ᠨᠠᠮ ᠤᠯᠠᠨ ᠳᠦᠮᠡᠨ ᠤ ᠦᠢᠯᠡᠴᠢᠯᠡᠬᠡᠨ ᠤ ᠳᠦᠪ ᠤᠨ ᠳᠦᠷᠢᠮᠵᠢᠭᠰᠡᠨ᠂ ᠪᠠᠷᠢᠮᠵᠢᠶᠠᠵᠢᠬᠰᠠᠨ ᠪᠠᠶᠢᠭᠤᠯᠤᠯᠳᠠ ᠶᠢ ᠪᠦᠬᠦ ᠳᠠᠯ᠎ᠠ ᠪᠠᠷ ᠠᠬᠢᠭᠤᠯᠵᠤ᠂ 90% ᠠᠴᠠ ᠳᠡᠭᠡᠭᠰᠢᠬᠢ ᠨᠠᠮ ᠤᠨ ᠡᠬᠦᠷ ᠢ ︽ᠳᠠᠪᠤᠨ ᠰᠠᠶᠢᠳᠡᠢ ᠨᠠᠮ ᠤᠨ ᠡᠬᠦᠷ︾ ᠪᠤᠯᠭᠠᠨ ᠪᠠᠶᠢᠭᠤᠯᠬᠤ ᠪᠠᠷ ᠴᠢᠷᠮᠠᠶᠢᠵᠤ᠂ ᠬᠦᠳᠡᠭᠡ ᠳᠤᠰᠬᠤᠨ ᠢ ᠬᠦᠴᠦᠷᠬᠡᠭᠵᠢᠬᠦᠯᠦᠨ ᠮᠠᠨᠳᠤᠭᠤᠯᠬᠤ ᠬᠦᠴᠦᠷᠭᠡᠭ ᠶᠡᠭᠡ ᠳᠠᠶᠢᠴᠢᠨ ᠪᠠᠬᠢᠯᠡᠯᠳᠡ ᠶᠢ ᠴᠤᠬᠴᠠᠯᠠᠨ᠎ᠠ᠃     ᠬᠤᠶᠡᠷ ᠲᠤ᠂ ᠬᠦᠳᠡᠭᠡ ᠳᠤᠰᠬᠤᠨ ᠢ ᠬᠦᠭᠵᠢᠬᠦᠯᠦᠨ ᠮᠠᠨᠳᠤᠭᠤᠯᠬᠤ ᠠᠵᠤ ᠦᠢᠯᠡᠰ ᠤᠨ ᠬᠦᠭᠵᠢᠯᠳᠡ ᠪᠠᠷ ᠰᠠᠭᠤᠷᠢ ᠪᠤᠯᠭᠠᠵᠤ᠂ ᠳᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠵᠤ ᠪᠠᠶᠠᠵᠢᠨ ᠴᠢᠨᠡᠭᠡᠯᠢᠭᠵᠢᠬᠦᠯᠬᠦ ᠶᠢ ᠬᠦᠴᠦᠯᠡᠨ ᠳᠠᠶᠢᠴᠢᠯᠠᠨ᠎ᠠ᠃
纳日松1.jpg     ᠭᠠᠵᠠᠷ ᠤᠷᠤᠨ ᠤ ᠤᠳᠤᠬᠠᠨ ᠳᠤ ᠪᠠᠶᠢᠭ᠎ᠠ ᠡᠬᠢ ᠪᠠᠶᠠᠯᠢᠬ᠂ ᠨᠦᠬᠦᠴᠡᠯ ᠪᠠ ᠠᠵᠤ ᠦᠢᠯᠡᠰ ᠤᠨ ᠰᠠᠭᠤᠷᠢ ᠳᠠᠭᠠᠨ ᠲᠦᠰᠢᠭᠯᠡᠵᠤ᠂ ᠤᠳᠤ ᠦᠶ᠎ᠡ ᠶᠢᠨ
ᠳᠠᠷᠢᠵᠤ ᠳᠡᠵᠢᠬᠡᠬᠦ ᠦᠢᠯᠡᠰ ᠢ ᠶᠡᠭᠡ ᠬᠦᠴᠦᠨ ᠢᠶᠠᠷ ᠬᠦᠭᠵᠢᠬᠦᠯᠵᠤ᠂ ᠬᠡᠷᠡᠯ ᠴᠡᠨᠡᠭ ᠤᠨ ᠠᠵᠤ ᠦᠢᠯᠡᠰ ᠵᠡᠷᠬᠡ ᠰᠢᠨ᠎ᠡ ᠡᠨᠧᠷᠬᠢ ᠶᠢᠨ ᠠᠵᠤ ᠦᠢᠯᠡᠰ ᠢ ᠶᠡᠭᠡ ᠬᠦᠴᠦᠨ ᠢᠶᠠᠷ ᠬᠦᠭᠵᠢᠬᠦᠯᠵᠤ᠂ ᠨᠡᠬᠦᠷᠡᠰᠦᠨ ᠤ ᠪᠠᠷᠠᠭᠠᠨ ᠤ ᠬᠦᠢᠯᠬᠡᠬᠡᠨ ᠤ ᠬᠦᠷᠢᠶᠡᠯᠡᠩ ᠳᠤᠭᠤᠷᠢᠬ ᠢ ᠶᠡᠭᠡ ᠬᠦᠴᠦᠨ ᠢᠶᠠᠷ ᠬᠦᠭᠵᠢᠬᠦᠯᠵᠤ᠂ ᠭᠤᠷᠪᠠᠳᠤᠭᠠᠷ ᠠᠵᠤ ᠦᠢᠯᠡᠰ ᠢ ᠶᠡᠭᠡ ᠬᠦᠴᠦᠨ ᠢᠶᠠᠷ ᠬᠦᠭᠵᠢᠬᠦᠯᠵᠤ᠂ ᠤᠯᠠᠨ ᠡᠰᠢᠳᠦ ᠬᠦᠭᠵᠢᠯᠳᠡ᠂ ᠤᠯᠠᠨ ᠳᠦᠢᠯ ᠢᠶᠠᠷ ᠳᠤᠯᠭᠠᠭᠤᠷᠢᠯᠡᠬᠰᠠᠨ ᠠᠵᠤ ᠦᠢᠯᠡᠰ ᠤᠨ ᠰᠢᠰᠲ᠋ᠧᠮ ᠢ ᠳᠠᠰᠤᠷᠠᠯᠳᠠ ᠦᠬᠡᠢ ᠪᠦᠷᠢᠨᠰᠢᠬᠦᠯᠵᠤ᠂ ᠪᠠᠯᠭᠠᠰᠤᠨ ᠤ ᠳᠠᠭᠠᠭᠤᠯᠤᠬᠴᠢ ᠺᠤᠮᠫᠠᠨᠢ ᠪᠠᠷ ᠳᠠᠶᠢᠴᠢᠯᠠᠭᠤᠯᠵᠤ᠂ ᠤᠳᠤ ᠶᠢᠨ ᠰᠠᠭᠤᠷᠢ ᠳᠡᠬᠡᠷ᠎ᠡ ᠳᠠᠪᠤᠨ ᠵᠢᠯ ᠤᠨ ᠳᠠᠷᠠᠭ᠎ᠠ ᠳᠤᠰᠬᠤᠨ ᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠶᠢ ᠴᠦᠮ 50 ᠳᠦᠮᠡᠨ ᠳᠦᠬᠦᠷᠢᠭ ᠢ ᠳᠠᠪᠠᠭᠤᠯᠬᠤ ᠪᠠᠷ ᠴᠢᠷᠮᠠᠶᠢᠨ᠎ᠠ᠃     ᠭᠤᠷᠪᠡ ᠳᠤ᠂ ᠪᠤᠬᠢᠷᠳᠤᠯ ᠦᠬᠡᠢ ᠠᠭᠤᠷᠬᠠᠢ ᠶᠢᠨ ᠤᠷᠤᠨ ᠤ ᠪᠦᠳᠦᠬᠡᠨ ᠪᠠᠶᠢᠭᠤᠯᠤᠯᠳᠠ ᠪᠠᠷ ᠵᠠᠩᠬᠢᠯᠠᠭ᠎ᠠ ᠪᠤᠯᠭᠠᠵᠤ᠂ ᠪᠤᠬᠢᠷᠳᠤᠯ ᠦᠬᠡᠢ ᠡᠶ᠎ᠡ ᠵᠤᠬᠢᠴᠠᠩᠭᠤᠢ ᠠᠭᠤᠷᠬᠠᠢ ᠶᠢᠨ ᠤᠷᠤᠨ ᠢ ᠬᠦᠴᠦᠯᠡᠨ ᠪᠦᠳᠦᠬᠡᠨ ᠪᠠᠶᠢᠭᠤᠯᠤᠨ᠎ᠠ᠃
纳日松2.jpg     ︽ᠬᠡᠨ ᠨᠡᠬᠡᠬᠡᠨ ᠠᠰᠢᠬᠯᠠᠪᠠᠯ ᠬᠡᠨ ᠵᠠᠰᠠᠬᠤ︾᠂ ︽ᠨᠡᠬᠡᠭᠡᠨ ᠠᠰᠢᠬᠯᠠᠬᠤ ᠶᠢᠨ ᠳᠠᠭᠠᠤ ᠵᠠᠰᠠᠬᠤ︾ ᠶᠢ ᠪᠠᠷᠢᠮᠳᠠᠯᠠᠵᠤ᠂ ︽ᠠᠮᠢ ᠠᠬᠤᠢ ᠶᠢ ᠠᠵᠤ
ᠦᠢᠯᠡᠰᠵᠢᠬᠦᠯᠬᠦ᠂ ᠠᠵᠤ ᠦᠢᠯᠡᠰ ᠢ ᠠᠮᠢ ᠠᠬᠤᠢᠢᠵᠢᠭᠤᠯᠬᠤ︾ ᠱᠠᠭᠠᠷᠳᠠᠯᠭ᠎ᠠ ᠶᠤᠰᠤᠭᠠᠷ᠂ ᠦᠨᠳᠦᠷ ᠪᠠᠷᠢᠮᠵᠢᠶ᠎ᠡ ᠪᠠᠷ ᠳᠦᠯᠦᠪᠵᠢᠬᠦᠯᠤᠨ ᠴᠢᠨᠡᠷ ᠰᠠᠶᠢᠳᠡᠢ ᠬᠡᠷᠡᠭᠵᠢᠬᠦᠯᠵᠤ᠂ ᠨᠢᠬᠡ ᠠᠭᠤᠷᠬᠠᠢ ᠶᠢᠨ ᠤᠷᠤᠨ ᠳᠤ ᠨᠢᠬᠡ ᠳᠦᠷᠦ ᠶᠢᠨ ᠪᠤᠳᠤᠯᠭ᠎ᠠ ᠬᠡᠷᠡᠭᠵᠢᠬᠦᠯᠵᠤ᠂ ᠨᠡᠬᠦᠷᠠᠰᠤ ᠮᠠᠯᠳᠠᠬᠰᠠᠨ ᠠᠴᠠ ᠪᠤᠯᠵᠤ ᠳᠤᠷᠤᠬᠰᠢ ᠰᠠᠭᠤᠬᠰᠠᠨ ᠤᠷᠤᠨ ᠪᠠ ᠳᠠᠬᠢᠨ ᠬᠠᠭᠠᠯᠪᠤᠷᠢᠯᠠᠬᠤ ᠤᠷᠤᠨ ᠢ ᠶᠡᠷᠦᠩᠬᠡᠶᠢᠯᠡᠨ ᠵᠠᠰᠠᠬᠤ ᠶᠢ ᠠᠬᠢᠭᠤᠯᠵᠤ᠂ ᠳᠠᠪᠤᠨ ᠵᠢᠯ ᠤᠨ ᠳᠠᠷᠠᠭ᠎ᠠ ᠪᠦᠬᠦᠨ ᠢ ᠪᠤᠬᠢᠷᠳᠤᠯ ᠦᠬᠡᠢ ᠤᠶᠤᠨᠴᠢ ᠠᠭᠤᠷᠬᠠᠢ ᠶᠢᠨ ᠤᠷᠤᠨ ᠤ ᠪᠦᠳᠦᠬᠡᠨ ᠪᠠᠶᠢᠭᠤᠯᠤᠯᠳᠠ ᠶᠢᠨ ᠪᠠᠷᠢᠮᠵᠢᠶ᠎ᠡ ᠳᠤ ᠬᠦᠷᠬᠡᠨ᠎ᠡ᠃ ᠡᠬᠦᠨ ᠤ ᠬᠠᠮᠳᠤ ᠨᠡᠬᠦᠷᠡᠰᠦᠨ ᠠᠭᠤᠷᠬᠠᠢ ᠶᠢᠨ 10 ᠺᠢᠯᠦᠮᠧᠲᠷ ᠤᠨ ᠬᠦᠷᠢᠶ᠎ᠡ ᠬᠡᠪᠴᠢᠶ᠎ᠡ ᠪᠠ ᠨᠡᠬᠦᠷᠡᠰᠦ ᠳᠡᠬᠡᠬᠡᠪᠦᠷᠢᠯᠡᠬᠦ ᠵᠠᠮ ᠤᠨ ᠬᠠᠵᠠᠭᠤ ᠶᠢᠨ ᠨᠤᠭᠤᠭᠠᠷᠠᠭᠤᠯᠤᠯᠳᠠ ᠶᠢ ᠳᠦᠷᠬᠡᠳᠬᠡᠨ᠎ᠡ᠃ ᠭᠠᠵᠠᠷ ᠤᠷᠤᠨ ᠳᠠᠭᠠᠨ ᠲᠤᠬᠢᠷᠠᠭᠤᠯᠤᠨ᠂ ᠳᠠᠷᠢᠶᠠᠯᠠᠬᠤ ᠳᠤ ᠳᠤᠬᠢᠷᠠᠮᠵᠢᠳᠡᠢ ᠪᠤᠯ ᠳᠠᠷᠢᠶᠠᠯᠠᠵᠤ᠂ ᠮᠠᠯᠵᠢᠬᠤ ᠳᠤ ᠳᠤᠬᠢᠷᠠᠮᠵᠢᠳᠡᠢ ᠪᠤᠯ ᠮᠠᠯᠵᠢᠵᠤ᠂᠂ ᠤᠢᠢᠵᠢᠭᠤᠯᠬᠤ ᠳᠤ ᠳᠤᠬᠢᠷᠠᠮᠵᠢᠳᠡᠢ ᠪᠤᠯ ᠤᠢᠢᠵᠢᠭᠤᠯᠵᠤ᠂ ᠤᠷᠤᠨ ᠪᠦᠰᠡ ᠬᠤᠪᠢᠶᠡᠨ ᠠᠭᠤᠷᠬᠠᠢ ᠶᠢᠨ ᠤᠷᠤᠨ ᠤ ᠦᠵᠡᠮᠵᠢᠳᠤ ᠮᠠᠯ ᠳᠠᠷᠢᠶᠠᠯᠠᠩ ᠤᠨ ᠳᠦᠷᠦᠯ ᠵᠦᠢᠯ ᠢ ᠳᠦᠪᠯᠡᠷᠡᠬᠦᠯᠦᠨ ᠬᠡᠰᠡᠭ ᠬᠡᠰᠡᠭ ᠢᠶᠠᠷ ᠠᠬᠢᠭᠤᠯᠵᠤ᠂ ᠠᠮᠢ ᠠᠬᠤᠢ ᠶᠢ ᠰᠡᠷᠬᠦᠬᠡᠨ ᠵᠠᠰᠠᠬᠤ ᠪᠠ ᠬᠡᠷᠡᠯ ᠴᠡᠨᠡᠭ ᠢᠶᠠᠷ ᠴᠠᠬᠢᠯᠭᠠᠨ ᠭᠠᠷᠭᠠᠬᠤ᠂ ᠳᠡᠷᠢᠵᠤ ᠳᠡᠵᠢᠬᠡᠨ ᠦᠷᠡᠵᠢᠬᠦᠯᠬᠦ ᠵᠡᠷᠬᠡ ᠳᠦᠷᠦᠯ ᠵᠦᠢᠯ ᠢ ᠬᠠᠷᠢᠯᠴᠠᠨ ᠤᠶᠠᠯᠳᠤᠭᠤᠯᠵᠤ᠂ ᠠᠮᠢ ᠠᠬᠤᠢ ᠶᠢᠨ ᠦᠷ᠎ᠡ ᠠᠰᠢᠬ ᠪᠠ ᠠᠵᠤ ᠠᠬᠤᠢ ᠶᠢᠨ ᠦᠷ᠎ᠡ ᠠᠰᠢᠬ ᠤᠨ ᠬᠤᠤᠰ ᠠᠰᠢᠬ ᠬᠦᠷᠳᠡᠬᠦ ᠶᠢ ᠴᠢᠷᠮᠠᠶᠢᠨ ᠪᠡᠶᠡᠯᠡᠬᠦᠯᠦᠨ᠎ᠡ᠃ ᠡᠬᠦᠨ ᠤ ᠬᠠᠮᠳᠤ᠂ ᠬᠦᠳᠡᠭᠡ ᠳᠤᠰᠬᠤᠨ ᠤ ᠪᠦᠳᠦᠬᠡᠨ ᠪᠠᠶᠢᠭᠤᠯᠤᠯᠳᠠ ᠶᠢᠨ ᠠᠵᠢᠯᠯᠠᠭ᠎ᠠ ᠪᠠᠷ ᠠᠵᠠ ᠳᠤᠬᠢᠶᠠᠯ ᠢᠶᠠᠨ ᠪᠤᠯᠭᠠᠵᠤ᠂ ᠬᠦᠳᠡᠭᠡ ᠳᠤᠰᠬᠤᠨ ᠤ ᠳᠦᠯᠦᠪᠵᠢᠬᠦᠯᠬᠡ ᠶᠢ ᠨᠠᠶᠢᠷᠠᠭᠤᠯᠤᠨ ᠳᠠᠭᠤᠰᠬᠠᠵᠤ᠂ ᠬᠦᠳᠡᠭᠡ ᠳᠤᠰᠬᠤᠨ ᠪᠠ ᠠᠭᠤᠷᠬᠠᠢ ᠶᠢᠨ ᠤᠷᠤᠨ ᠤ ᠬᠦᠮᠦᠨ ᠠᠷᠡᠳ ᠤᠨ ᠤᠷᠤᠰᠢᠨ ᠰᠠᠭᠤᠷᠢᠰᠢᠬᠤ ᠤᠷᠴᠢᠨ ᠳᠤᠭᠤᠷᠢᠨ ᠢ ᠴᠡᠭᠴᠡᠯᠡᠨ ᠵᠠᠰᠠᠬᠤ ᠶᠢ ᠴᠢᠩᠭ᠎ᠠ ᠠᠳᠬᠤᠵᠤ᠂ ᠪᠠᠯᠭᠠᠰᠤ ᠳᠤᠰᠬᠤᠨ ᠤ ᠰᠠᠭᠤᠷᠢ ᠳᠦᠬᠦᠬᠡᠷᠦᠮᠵᠢ ᠪᠠ ᠤᠯᠠᠨ ᠨᠡᠶᠢᠳᠡ ᠶᠢᠨ ᠦᠢᠯᠡᠴᠢᠯᠡᠬᠡᠨ ᠤ ᠳᠤᠨᠤᠬ ᠳᠦᠬᠦᠬᠡᠷᠦᠮᠵᠢ ᠶᠢ ᠳᠠᠰᠤᠷᠡᠯᠳᠡ ᠦᠬᠡᠢ ᠳᠡᠬᠦᠯᠳᠡᠷᠵᠢᠬᠦᠯᠵᠤ᠂ ᠦᠵᠡᠰᠬᠦᠯᠡᠩᠳᠤ ᠰᠠᠶᠢᠬᠠᠨ ᠤᠷᠤᠰᠢᠨ ᠰᠠᠭᠤᠷᠢᠰᠢᠬᠤ ᠳᠤ ᠳᠤᠬᠢᠷᠠᠮᠵᠢᠳᠡᠢ ᠬᠦᠳᠡᠭᠡ ᠳᠤᠰᠬᠤᠨ ᠢ ᠴᠢᠷᠮᠡᠶᠢᠨ ᠪᠦᠳᠦᠬᠡᠨ ᠪᠠᠶᠢᠭᠤᠯᠤᠨ᠎ᠡ᠃     ᠳᠦᠷᠪᠡ ᠳᠤ ᠦᠨᠳᠦᠰᠦᠨ ᠱᠠᠳᠤᠨ ᠤ ᠵᠠᠰᠠᠯᠳᠠ ᠶᠢ ᠴᠢᠩᠭᠠᠳᠬᠠᠬᠤ ᠪᠠᠷ ᠪᠠᠳᠤᠯᠠᠭ᠎ᠠ ᠪᠤᠯᠭᠠᠵᠤ᠂ ᠰᠠᠶᠢᠨ ᠰᠠᠶᠢᠬᠠᠨ ᠬᠦᠭᠵᠢᠯᠳᠡ ᠶᠢᠨ ᠤᠷᠴᠢᠨ ᠠᠬᠤᠢ ᠶᠢ ᠬᠦᠴᠦᠯᠡᠨ ᠪᠤᠢ ᠪᠤᠯᠭᠠᠨ᠎ᠠ᠃
纳日松3.jpg
     ᠦᠨᠳᠦᠰᠤᠨ ᠱᠠᠳᠤᠨ ᠤ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠯᠳᠠ᠂ ᠨᠡᠶᠢᠬᠡᠮ ᠤᠨ ᠵᠠᠰᠠᠯᠳᠠ ᠶᠢᠨ ᠨᠢᠬᠡ ᠴᠤᠬᠴᠠ ᠪᠠᠷ ᠠᠬᠢᠬᠤ᠂ ᠨᠠᠮ ᠤᠯᠠᠨ ᠳᠦᠮᠡᠨ ᠤ ᠦᠢᠯᠡᠴᠢᠯᠡᠬᠡᠨ ᠤ ᠳᠦᠪ᠂ ᠶᠡᠷᠦᠩᠬᠡᠶᠢᠯᠡᠨ ᠵᠠᠰᠠᠬᠤ ᠳᠦᠪ᠂ ᠵᠦᠷᠢᠴᠡᠯ ᠵᠢᠭᠤᠷᠭᠠᠨ ᠢ ᠡᠶᠡᠳᠡᠬᠦᠯᠬᠦ ᠳᠦᠪ ᠤᠨ ᠨᠢᠬᠡ ᠴᠤᠬᠴᠠ ᠪᠠᠷ ᠡᠷᠬᠢᠯᠳᠦᠬᠦ ᠶᠢ ᠪᠠᠷᠢᠮᠳᠡᠯᠡᠵᠤ᠂ ᠠᠭᠤᠷᠬᠠᠢ ᠶᠢᠨ ᠤᠷᠤᠨ ᠤ ᠨᠡᠶᠢᠬᠡᠮ ᠤᠨ ᠵᠠᠰᠠᠯᠳᠠ ᠶᠢᠨ ᠳᠤᠷᠰᠢᠯᠳᠠ ᠶᠢᠨ ᠴᠡᠭ ᠢ ᠶᠡᠭᠡ ᠬᠦᠴᠦᠨ ᠢᠶᠠᠷ ᠠᠬᠢᠭᠤᠯᠵᠤ᠂ ᠨᠡᠶᠢᠬᠡᠮ ᠵᠢᠷᠤᠮ ᠤᠨ ᠭᠤᠤᠯᠯᠠᠬᠤ ᠦᠷᠳᠡᠭ ᠤᠨ ᠦᠵᠡᠯᠳᠡ ᠶᠢ ᠪᠠᠳᠠᠷᠠᠭᠤᠯᠤᠨ ᠦᠢᠯᠡᠳᠦᠯᠬᠡᠵᠢᠬᠦᠯᠵᠤ᠂ ᠵᠦᠷᠢᠴᠡᠯ ᠵᠢᠭᠤᠷᠭᠠᠨ ᠢ ᠤᠯᠠᠨ ᠡᠰᠢᠴᠢᠯᠡᠨ ᠰᠢᠢᠳᠪᠦᠷᠢᠯᠡᠬᠦ ᠳᠤᠬᠳᠠᠴᠠ ᠶᠢ ᠳᠡᠬᠦᠯᠳᠡᠷᠵᠢᠬᠦᠯᠵᠤ᠂ ᠬᠤᠳᠠᠯᠳᠤᠭ᠎ᠠ ᠡᠷᠬᠢᠯᠡᠬᠦ ᠤᠷᠴᠢᠨ ᠠᠬᠤᠢ ᠶᠢ ᠳᠠᠰᠤᠷᠡᠯᠳᠡ ᠦᠬᠡᠢ ᠰᠢᠯᠢᠳᠡᠭᠵᠢᠬᠦᠯᠤᠨ᠂ ᠴᠢᠬᠤᠯᠡ ᠶᠡᠭᠡ ᠳᠦᠷᠦᠯ ᠵᠦᠢᠯ ᠳᠤ ᠨᠠᠷᠢᠯᠢᠭ ᠤᠨᠤᠪᠴᠢᠳᠡᠢ ᠦᠢᠯᠡᠴᠢᠯᠡᠭᠡ ᠬᠠᠨᠭ᠍ᠭᠠᠵᠤ᠂ ᠨᠤᠳᠤᠬ ᠤᠨ ᠰᠤᠷᠳᠡᠯ ᠤᠨ ᠪᠤᠯᠪᠠᠰᠤᠨ᠂ ᠰᠠᠶᠢᠨ ᠰᠠᠶᠢᠬᠠᠨ ᠬᠡᠷ ᠤᠨ ᠰᠤᠷᠳᠡᠯ᠂ ᠪᠤᠷᠤᠬᠵᠢᠭᠤᠨ ᠠᠷᠡᠳ ᠤᠨ ᠰᠤᠷᠳᠡᠯ ᠢ ᠬᠦᠴᠦᠯᠡᠨ ᠪᠤᠶᠢᠵᠢᠭᠤᠯᠵᠤ᠂ ᠦᠪᠡᠷᠳᠡᠬᠡᠨ ᠵᠠᠰᠠᠬᠤ᠂ ᠬᠠᠤᠯᠢ ᠪᠠᠷ ᠵᠠᠰᠠᠬᠤ᠂ ᠶᠤᠰᠤ ᠰᠤᠷᠳᠠᠬᠤᠨ ᠢᠶᠠᠷ ᠵᠠᠰᠠᠬᠤ ᠶᠢ ᠤᠶᠠᠯᠳᠤᠭᠤᠯᠤᠬᠰᠠᠨ ᠦᠨᠳᠦᠰᠦᠨ ᠱᠠᠳᠤᠨ ᠤ ᠵᠠᠰᠠᠯᠳᠡ ᠶᠢᠨ ᠳᠤᠬᠳᠠᠴᠠ ᠶᠢ ᠴᠢᠷᠮᠠᠶᠢᠨ ᠪᠠᠶᠢᠭᠤᠯᠤᠨ᠎ᠠ᠃
ᠢᠷᠡᠯᠲᠡ᠄ ᠦᠨᠦᠳᠦᠷ ᠤᠨ ᠵᠡᠬᠦᠨᠭᠠᠷ