︽ᠪᠢ 17ᠨᠠᠰᠤᠳᠠᠢ ᠪᠠᠶᠢᠬᠤ ᠳᠠᠭᠠᠨ ᠴᠡᠷᠢᠭ ᠲᠤ ᠡᠯᠰᠡᠭᠳᠡᠨ 19 ᠨᠠᠰᠤᠳᠠᠢ ᠦᠤᠰᠢᠨ ᠬᠤᠰᠢᠭᠤ ᠶᠢ ᠴᠢᠯᠦᠬᠡᠯᠡᠬᠦ ᠳᠠᠶᠢᠨ ᠳᠤ ᠤᠷᠤᠯᠴᠠᠵᠤ᠂ 21 | ᠨᠠᠰᠤᠳᠠᠢ ᠰᠤᠯᠤᠩᠭᠤᠰ ᠲᠤ ᠬᠦᠷᠴᠤ ᠠᠮᠧᠷᠢᠺᠡ ᠶᠢ ᠡᠰᠡᠷᠬᠦᠴᠡᠵᠤ ᠰᠤᠯᠤᠩᠭᠤᠰ ᠢ ᠳᠤᠰᠠᠯᠠᠬᠤ ᠳᠠᠶᠢᠨ ᠳᠤ ᠶᠠᠪᠤᠵᠤ ᠂ ᠮᠤᠷᠢᠳᠤ ᠴᠡᠷᠢᠭ ᠂ | ᠬᠤᠯᠪᠤᠭᠠᠴᠢᠨ ᠪᠠᠶᠢᠬᠰᠠᠨ ᠁ ︾ | | ᠰᠦᠷ ᠵᠢᠪᠬᠤᠯᠠᠩᠳᠡᠢ ᠤᠮᠤᠬ ᠪᠠᠳᠠᠷᠠᠩᠭᠤᠢ ᠪᠠᠷ ᠶᠠᠯᠤ ᠮᠦᠷᠡᠨ ᠢ ᠭᠠᠳᠤᠯᠤ ᠂ ᠨᠠᠶᠢᠷᠠᠮᠳᠠᠯ ᠢ ᠬᠠᠮᠠᠭᠠᠯᠠᠵᠤ ᠂ ᠡᠬᠡ ᠤᠯᠤᠰ ᠢᠶᠠᠨ | ᠬᠠᠮᠠᠭᠠᠯᠠᠵᠤ ᠪᠠᠶᠢᠬᠤ ᠨᠢ ᠨᠤᠳᠤᠬ ᠤᠰᠤ ᠪᠠᠨ ᠬᠠᠮᠠᠭᠠᠯᠠᠵᠤ ᠪᠠᠶᠢᠬᠤ ᠲᠠᠢ ᠠᠳᠠᠯᠢ ᠶᠤᠮ ᠃ ᠵᠡᠬᠦᠨᠭᠠᠷ ᠬᠤᠰᠢᠭᠤᠨ ᠤ ᠱᠠᠬᠳᠠᠷ ᠪᠠᠯᠭᠠᠰᠤ ᠶᠢᠨ ᠴᠠᠩ | ᠱᠸᠡᠭ ᠳ᠋ᠢᠶᠠᠨ ᠳᠤᠰᠬᠤᠨ ᠤ 91 ᠨᠠᠰᠤᠳᠠᠢ ᠭᠤᠤ ᠵᠠᠨ ᠾᠸᠦ ᠬᠡᠳᠦ᠋ᠢᠪᠡᠷ ᠰᠠᠨᠴᠢᠬ ᠦᠰᠦ ᠬᠡᠵᠢᠬᠡ ᠨᠢ ᠪᠤᠭᠤᠷᠤᠯᠳᠤᠬᠰᠠᠨ ᠴᠤ ᠴᠡᠬᠡᠵᠢ ᠰᠠᠷᠠᠭᠤᠯ ᠂ | ᠦᠬᠡ ᠤᠯᠠᠨᠳᠠᠢ ᠬᠦᠮᠦᠨ ᠪᠠᠶᠢᠪᠠ ᠃ ᠳᠡᠷᠡ ᠪᠤᠯ ᠠᠮᠧᠷᠢᠺᠡ ᠶᠢ ᠡᠰᠡᠷᠬᠦᠴᠡᠵᠤ ᠰᠤᠯᠤᠩᠭᠤᠰ ᠢ ᠳᠤᠰᠠᠯᠠᠬᠤ ᠳᠠᠶᠢᠨ ᠳᠤ ᠤᠷᠤᠯᠴᠠᠬᠰᠠᠨ ᠠᠬᠠᠮᠠᠳ | ᠪᠠᠶᠢᠯᠳᠤᠬᠴᠢ᠂ ᠭᠠᠶᠢᠬᠠᠮᠰᠢᠬᠳᠤ ᠤᠨ ᠰᠠᠷ᠎ᠡ ᠪᠠᠨ ᠡᠷᠬᠢᠴᠡᠬᠦᠯᠬᠦ ᠳᠤ ᠤᠮᠤᠬ ᠪᠠᠭ᠋ᠠᠳᠤᠯ ᠳᠦᠬᠦᠷᠡᠩ ᠪᠠᠶᠢᠪᠠ ᠃ | ︽1948 ᠤᠨ ᠳᠤ ᠂ ᠴᠢᠯᠦᠬᠡᠯᠡᠬᠦ ᠳᠠᠶᠢᠨ ᠤ ᠬᠡᠳᠡᠷᠬᠦ ᠳᠠᠭᠠᠷᠢᠯᠳᠡ ᠶᠢᠨ ᠦᠶ᠎ᠡ ᠳᠤ ᠂ ᠴᠢᠯᠦᠬᠡᠯᠡᠬᠦ ᠴᠡᠷᠢᠭ ᠢ ᠬᠠᠷᠠᠩᠭᠤᠳᠠ ᠴᠡᠷᠢᠭ ᠲᠤ | ᠤᠷᠤᠬᠤ ᠪᠤᠳᠤᠯ ᠤᠷᠤᠯ᠎ᠠ ᠂ ᠴᠡᠷᠢᠭ ᠠᠩᠬᠢ ᠶᠢᠨ ᠳᠠᠷᠤᠭ᠎ᠠ ᠂ ᠳᠠᠰᠤᠬ ᠤᠨ ᠳᠠᠷᠤᠭ᠎ᠠ ᠨᠠᠳᠠ ᠶᠢ ᠳᠦᠷᠦᠯ ᠰᠠᠳᠤᠨ ᠰᠢᠬ ᠢᠶᠠᠷ ᠬᠠᠨᠳᠤᠬᠰᠠᠨ | ᠠᠴᠠ ᠳᠦᠢᠯ ᠤᠨ ᠳᠤᠳᠤᠨᠤ ᠰᠠᠨᠠᠬᠳᠠᠯ᠎ᠠ ︾ ᠬᠡᠵᠤ ᠴᠡᠷᠢᠭ ᠲᠤ ᠡᠯᠰᠡᠭᠳᠡᠬᠦ ᠦᠶ᠎ᠡ ᠶᠢᠨ ᠪᠠᠶᠢᠳᠠᠯ ᠢᠶᠠᠨ ᠡᠷᠬᠢᠴᠡᠬᠦᠯᠬᠦ ᠪᠦᠷᠢ ᠭᠤᠤ ᠵᠠᠨ ᠾᠸᠦ ᠶᠢᠨ | ᠨᠢᠳᠤ ᠨᠢ ᠬᠡᠷᠡᠯᠳᠦᠨᠡ ᠃1948ᠤᠨ ᠳᠤ ᠂ ᠳᠦᠩᠬᠡᠵᠢ 17 ᠨᠠᠰᠤᠳᠠᠢ ᠭᠤᠤ ᠵᠠᠨ ᠾᠸᠦ ᠳᠤᠮᠳᠠᠳᠤ ᠤᠯᠤᠰ ᠤᠨ ᠴᠢᠯᠦᠬᠡᠯᠡᠬᠦ ᠴᠡᠷᠢᠭ ᠲᠤ | ᠦᠩᠬᠡ ᠬᠡᠷᠡᠯᠳᠡᠢ ᠪᠠᠷ ᠡᠯᠰᠡᠭᠳᠡᠵᠤ ᠂ ᠬᠠᠭᠤᠴᠢᠨ ᠨᠡᠶᠢᠬᠡᠮ ᠳᠤ ᠳᠦᠷᠦᠵᠤ ᠂ ᠦᠯᠦᠰᠬᠦᠯᠡᠩ ᠨᠢᠴᠤᠬᠦᠨ ᠵᠤᠪᠠᠯᠠᠩ ᠢ ᠬᠠᠨᠤᠳᠠᠯ᠎ᠠ ᠪᠠᠨ ᠠᠮᠰᠠᠵᠤ | ᠳᠡᠨᠦᠬᠦᠯ ᠶᠠᠪᠤᠬᠰᠠᠨ ᠳᠡᠷᠡ ᠪᠠᠷ ᠴᠡᠷᠢᠭ ᠲᠤ ᠡᠯᠰᠡᠭᠳᠡᠭᠰᠡᠨ ᠠᠵᠠ ᠳᠤᠬᠢᠶᠠᠯ ᠢᠶᠠᠨ ᠳᠤᠩ ᠨᠠᠨᠳᠢᠩᠨᠠᠵᠤ ᠪᠠᠶᠢᠯ᠎ᠠ᠃ | | 1950ᠤᠨ ᠳᠤ᠂ ᠴᠡᠷᠢᠭ ᠲᠤ ᠤᠷᠤᠭᠠᠳ ᠳᠦᠩᠬᠡᠵᠢ ᠬᠤᠶᠡᠷ ᠵᠢᠯ ᠪᠤᠯᠤᠭ᠎ᠠ ᠦᠬᠡᠢ ᠭᠤᠤ ᠵᠠᠨ ᠾᠸᠦ ᠦᠤᠰᠢᠨ ᠬᠤᠰᠢᠭᠤ ᠶᠢ ᠴᠢᠯᠦᠬᠡᠯᠡᠬᠦ ᠳᠠᠶᠢᠨ | ᠳᠤ ᠮᠤᠷᠳᠠᠵᠤ ᠂ ᠳᠠᠶᠢᠨ ᠤ ᠳᠠᠯᠠᠪᠤᠷ ᠲᠤ ᠠᠩᠬ᠎ᠠ ᠭᠠᠷᠤᠬᠰᠠᠨ ᠴᠤ ᠳᠠᠷᠢ ᠶᠢᠨ ᠤᠳᠤᠭ᠎ᠠ ᠰᠤᠮᠤᠨ ᠮᠦᠨᠳᠤᠷ ᠤᠨ ᠳᠤᠮᠳᠠ ᠳᠡᠷᠡ ᠰᠦᠷᠳᠡᠯ ᠦᠬᠡᠢ | ᠵᠤᠷᠢᠬᠳᠡᠢ ᠤᠷᠤᠬᠰᠢᠯᠠᠨ᠎ᠠ ᠃ ︽ ᠭᠠᠭᠴᠠ ᠬᠦ ᠴᠢᠯᠦᠬᠡᠯᠡᠯᠳᠡ ᠪᠠᠨ ᠤᠯᠪᠠᠯ ᠰᠠᠶ᠋ᠢ ᠰᠠᠶᠢᠬᠠᠨ ᠠᠮᠢᠳᠤᠷᠡᠯ ᠢ ᠡᠳ᠋ᠯᠡᠵᠤ ᠴᠢᠳᠠᠨ᠎ᠡ ᠬᠡᠳᠡᠭ ᠢ ᠳᠤᠳᠤᠷᠬᠠᠢ | ᠤᠢᠢᠯᠠᠭᠠᠵᠤ ᠪᠠᠶᠢᠬᠰᠠᠨ ︾ ᠃ ᠡᠨᠡ ᠬᠦ ᠢᠳᠡᠬᠡᠯ ᠪᠢᠰᠢᠷᠡᠯ ᠨᠢ ᠳᠡᠬᠦᠨ ᠢ ᠬᠦᠴᠢᠷ ᠪᠡᠷᠬᠡᠰᠢᠶᠡᠯ ᠠᠴᠠ ᠡᠮᠢᠶᠠᠬᠦ ᠦᠬᠡᠢ ᠪᠤᠰᠤᠭ᠎ᠠ ᠡᠷ᠎ᠡ ᠪᠤᠯᠭᠠᠪᠠ ᠃ | ᠳᠤᠰ ᠵᠢᠯ ᠳᠤ ᠂ ᠴᠡᠷᠢᠭ ᠠᠩᠬᠢ ᠶᠢ ᠴᠡᠭᠴᠡᠯᠡᠰᠠᠨ ᠳᠤ ᠭᠤᠤ ᠵᠠᠨ ᠾᠸᠦ ᠶᠢ ᠤᠮᠠᠷᠠᠳᠤ ᠶᠢᠨ ᠴᠡᠷᠢᠭ ᠤᠨ ᠳᠤᠭᠤᠷᠢᠬ ᠤᠨ ᠮᠤᠷᠢᠳᠤ | ᠴᠡᠷᠢᠭ ᠤᠨ ᠳᠠᠪᠤᠳᠤᠭᠠᠷ ᠪᠠᠲ᠋ᠠᠯᠢᠶᠤᠨ ᠤ ᠨᠢᠬᠡᠳᠦᠬᠡᠷ ᠰᠤᠮᠤᠨ ᠬᠤᠯᠪᠤᠭᠠᠴᠢᠨ ᠤ ᠠᠵᠢᠯ ᠢ ᠡᠬᠦᠷᠬᠡᠯᠡᠬᠦᠯᠵᠤ ᠵᠤᠬᠢᠶᠠᠨ ᠪᠠᠶᠢᠭᠤᠯᠤᠯᠳᠠ ᠶᠢᠨ ᠬᠠᠯᠠᠮᠵᠢᠯᠠᠯ | ᠳᠤᠤᠷ᠎ᠡ ᠳᠡᠷᠡ ︽ ᠬᠡᠷ ᠪᠦᠯᠢ ︾ ᠶᠢᠨ ᠳᠤᠯᠠᠭᠠᠨ ᠪᠦᠯᠢᠶᠡᠨ ᠢ ᠡᠳ᠋ᠯᠡᠯ᠎ᠡ ᠃ | 1952 ᠤᠨ ᠳᠤ ᠂ ᠭᠤᠤ ᠵᠠᠨ ᠾᠸᠦ ᠶᠢᠨ ᠪᠠᠶᠢᠭ᠎ᠠ ᠴᠡᠷᠢᠭ ᠠᠩᠬᠢ ᠨᠢ ᠠᠮᠧᠷᠢᠺᠡ ᠶᠢ ᠡᠰᠡᠷᠬᠦᠴᠡᠵᠤ ᠰᠤᠯᠤᠩᠭᠤᠰ ᠢ ᠳᠤᠰᠠᠯᠠᠬᠤ ᠳᠠᠶᠢᠨ | ᠳᠤ ᠤᠷᠤᠯᠴᠠᠬᠤ ᠵᠠᠷᠯᠢᠬ ᠢ ᠬᠦᠯᠢᠶᠡᠭᠰᠡᠨ ᠤ ᠳᠠᠷᠠᠭ᠎ᠠ ᠂ ᠵᠡᠬᠦᠨ ᠬᠤᠶᠢᠳᠤ ᠶᠢᠨ ᠬᠢᠯᠢ ᠳᠤ ᠴᠤᠬᠯᠠᠷᠡᠵᠤ ᠰᠤᠯᠤᠩᠭᠤᠰ ᠲᠤ ᠶᠠᠪᠤᠬᠤ ᠪᠠᠷ ᠪᠤᠯᠪᠠ ᠃ | ᠡᠨᠡ ᠬᠦ 21 ᠨᠠᠰᠤᠳᠠᠢ ᠵᠠᠯᠠᠭᠤ ︽ ᠠᠬᠠᠮᠠᠳ ᠪᠠᠶᠢᠯᠳᠤᠬᠴᠢ ︾ ᠪᠠᠶᠢᠯᠳᠤᠭᠠᠨ ᠳᠤ ᠤᠷᠤᠬᠤ ᠡᠷᠬᠦᠳᠡᠯ ᠤᠨ ᠪᠢᠴᠢᠭ ᠪᠢᠴᠢᠵᠤ ᠂ ᠳᠠᠪᠳᠠᠬᠳᠠᠨ | ᠪᠤᠯᠪᠠᠰᠤᠷᠠᠬᠳᠠᠵᠤ ᠭᠠᠪᠢᠶ᠎ᠡ ᠵᠢᠳᠬᠦᠯ ᠪᠠᠶᠢᠭᠤᠯᠬᠤ ᠪᠠᠷ ᠵᠤᠷᠢᠬ ᠰᠢᠭᠤᠳᠪᠠ ᠃ | ᠭᠤᠤ ᠵᠠᠨ ᠾᠸᠦ ᠶᠢᠨ ᠪᠠᠶᠢᠭ᠎ᠠ ᠮᠤᠷᠢᠳᠤ ᠴᠡᠷᠢᠭ ᠨᠢ ᠪᠠᠶᠢᠯᠳᠤᠭᠠᠨ ᠤ ᠠᠬᠳᠠ ᠵᠡᠷᠬᠡ ᠪᠠᠶᠢᠯᠳᠤᠭᠠᠨ ᠤ ᠡᠳ᠋ ᠪᠠᠷᠠᠭ᠎ᠠ ᠶᠢ ᠡᠮᠦᠨ᠎ᠡ ᠹᠷᠤᠨᠲ ᠲᠤ | ᠬᠦᠷᠬᠡᠬᠦ ᠶᠢ ᠬᠠᠷᠢᠭᠤᠴᠠᠵᠤ ᠂ ᠠᠬᠳᠠ ᠬᠦᠯᠦᠭ ᠨᠢ ᠮᠤᠷᠢᠳᠤ ᠴᠡᠷᠢᠭ ᠤᠨ ᠪᠠᠶᠢᠯᠳᠤᠭᠠᠨ ᠤ ᠴᠢᠬᠤᠯᠠ ᠵᠠᠮ ᠬᠠᠷᠢᠯᠴᠠᠭᠠᠨ ᠤ ᠬᠡᠷᠡᠭᠰᠡᠯ ᠪᠠᠶᠢᠬᠰᠠᠨ ᠨᠢ | ᠳᠦᠢᠯ ᠤᠨ ᠬᠠᠳᠠᠭᠤ ᠪᠡᠷᠬᠡ ᠪᠠᠶᠢᠵᠠᠢ ᠃ ᠭᠤᠤ ᠵᠠᠨ ᠾᠸᠦ ᠶᠢᠨ ᠪᠠᠶᠢᠭ᠎ᠠ ᠴᠡᠷᠢᠭ ᠠᠩᠬᠢ ᠪᠤᠭᠤᠳᠤ ᠳᠤ ᠴᠤᠬᠯᠠᠷᠡᠵᠤ ᠶᠡᠭᠡ ᠬᠡᠮᠵᠢᠶᠡᠨ ᠤ ᠡᠳ᠋ | ᠪᠠᠷᠠᠭ᠎ᠠ ᠪᠠ ᠠᠬᠳᠠ ᠪᠠᠨ ᠤᠮᠠᠷᠡᠰᠢ ᠮᠤᠷᠳᠠᠬᠤ ᠭᠠᠯᠳᠤ ᠳᠡᠷᠬᠡᠨ ᠳᠤ ᠳᠡᠬᠡᠬᠡᠪᠦᠷᠢᠯᠡᠪᠡ ᠃ ︽ ᠪᠠᠶᠢᠯᠳᠤᠬᠴᠢ ᠪᠠ ᠴᠡᠷᠢᠭ ᠤᠨ ᠠᠬᠳᠠ ᠶᠢ | ᠳᠡᠬᠡᠬᠡᠪᠦᠷᠢᠯᠡᠭᠰᠡᠨ ᠭᠠᠯᠳᠤ ᠳᠡᠷᠬᠡ ᠨᠢ ᠴᠤᠩᠬᠤ ᠪᠠᠶᠢᠬᠤ ᠦᠬᠡᠢ ᠂ ᠪᠢᠳᠡ ᠵᠠᠮ ᠵᠠᠭᠤᠷ᠎ᠡ ᠭᠠᠳᠠᠨᠠᠬᠢ ᠶᠢ ᠤᠯᠵᠤ ᠬᠠᠷᠠᠬᠤ ᠦᠬᠡᠢ ᠂ ᠡᠳᠦᠷ ᠰᠦᠨᠢ | ᠦᠬᠡᠢ ᠵᠠᠮᠨᠠᠵᠤ ᠂ ᠪᠠᠶᠢᠯᠳᠤᠬᠴᠢᠳ ᠬᠦᠨᠡᠰᠦ ᠪᠠᠨ ᠳᠦᠬᠦᠬᠡᠷᠬᠦ ᠶᠢᠨ ᠬᠠᠮᠳᠤ ᠠᠬᠳᠠ ᠳᠠᠭᠠᠨ ᠳᠡᠵᠢᠬᠡᠯ ᠪᠤᠷᠳᠤᠭ᠎ᠠ ᠦᠭᠴᠤ ᠂ ᠳᠡᠷᠬᠡ ᠵᠤᠬᠰᠤᠪᠠᠯ | ᠰᠠᠶ᠋ᠢ ᠳᠦᠷ ᠠᠮᠠᠷᠠᠰᠬᠢᠵᠤ ᠪᠠᠶᠢᠬᠰᠠᠨ ᠴᠤ ᠳᠠᠶᠠᠭᠠᠷ ᠦᠴᠦᠬᠡᠨ ᠴᠤ ᠪᠤᠬᠢᠨᠢᠳᠤᠯ ᠭᠤᠮᠤᠳᠠᠯ ᠪᠠᠶᠢᠬᠰᠠᠨ ᠦᠬᠡᠢ ︾ ᠬᠡᠵᠤ ᠭᠤᠤ ᠵᠠᠨ ᠾᠸᠦ | ᠡᠷᠬᠢᠴᠡᠬᠦᠯᠦᠨᠡ ᠃ | | | ᠰᠤᠯᠤᠩᠭᠤᠰ ᠲᠤ ᠬᠦᠷᠦᠭᠰᠡᠨ ᠤ ᠳᠠᠷᠠᠭ᠎ᠠ ᠂ ᠪᠠᠶᠢᠯᠳᠤᠭᠠᠨ ᠤ ᠬᠠᠷᠠᠰᠠᠯᠳᠤ ᠪᠠᠶᠢᠳᠠᠯ ᠢ ᠳᠦᠰᠦᠬᠡᠯᠡᠬᠦ ᠶᠢᠨ ᠠᠷᠭ᠎ᠠ ᠦᠬᠡᠢ ᠪᠠᠶᠢᠵᠤ ᠂ | ᠳᠠᠷᠢ ᠰᠤᠮᠤ ᠶᠢᠨ ᠳᠠᠯᠪᠠᠷᠡᠬᠦ ᠳᠠᠭᠤᠨ ᠨᠢᠰᠬᠡᠯ ᠤᠨ ᠱᠤᠤᠬᠢᠬᠤ ᠳᠠᠭᠤᠨ ᠦᠷᠬᠦᠯᠵᠢᠯᠡᠵᠤ ᠪᠠᠶᠢᠯᠳᠤᠭᠠᠨ ᠤ ᠨᠦᠬᠦᠴᠡᠯ ᠤᠨᠴᠠ ᠬᠠᠳᠠᠭᠤ ᠪᠡᠷᠬᠡ | ᠪᠠᠶᠢᠯ᠎ᠠ ᠃ ᠡᠳᠦᠷ ᠢᠶᠠᠷ ᠂ ᠠᠮᠧᠷᠢᠺᠡ ᠶᠢᠨ ᠨᠢᠰᠬᠡᠯ ᠰᠦᠷᠦᠭᠯᠡᠨ ᠳᠠᠭᠠᠷᠢᠵᠤ ᠶᠡᠭᠡ ᠬᠡᠮᠵᠢᠶᠡᠨ ᠤ ᠳᠠᠯᠪᠠᠷᠡᠬᠦ ᠪᠦᠮᠪᠦᠭᠡ ᠬᠠᠶᠠᠨ᠎ᠠ ᠂ ᠰᠦᠨᠢ | ᠪᠤᠯᠪᠠᠯ ᠠᠭᠤᠯᠠᠨ ᠬᠦᠨᠳᠡᠢ ᠳᠤ ᠮᠤᠷᠢ ᠢᠨᠴᠠᠭᠠᠨ ᠬᠦᠮᠦᠨ ᠦᠢᠮᠡᠯᠳᠤᠵᠤ ᠂ ᠰᠠᠶᠢᠨ ᠳᠤᠷ᠎ᠡ ᠶᠢᠨ ᠴᠡᠷᠢᠭ ᠠᠭᠤᠯᠠᠨ ᠠᠴᠠ ᠭᠠᠷᠴᠤ ᠳᠠᠶᠢᠰᠤᠨ ᠲᠠᠢ | ᠠᠯᠠᠯᠳᠤᠨᠠ ᠁ ᠶᠠᠬ ᠡᠶᠢᠮᠦ ᠠᠴᠠ ᠭᠤᠤ ᠵᠠᠨ ᠾᠸᠦ ᠮᠡᠳᠦ ᠶᠢᠨ ᠠᠷᠤ ᠳᠠᠯ᠎ᠠ ᠶᠢᠨ ᠪᠠᠶᠢᠯᠳᠤᠬᠴᠢᠳ ᠡᠳ᠋ ᠪᠠᠷᠠᠭ᠎ᠠ ᠶᠢ ᠳᠠᠰᠤᠷᠡᠯᠳᠡ ᠦᠬᠡᠢ | ᠡᠮᠦᠨ᠎ᠡ ᠹᠷᠤᠨᠲ ᠲᠤ ᠬᠦᠷᠭᠡᠵᠤ ᠂ ᠴᠡᠷᠢᠭ ᠠᠩᠬᠢ ᠳᠤ ᠠᠷᠤ ᠳᠠᠯ᠎ᠠ ᠶᠢᠨ ᠬᠦᠴᠦᠳᠡᠢ ᠪᠠᠳᠤᠯᠠᠭ᠎ᠠ ᠬᠠᠩᠭᠠᠬᠰᠠᠨ ᠢᠶᠠᠷ ᠪᠠᠶᠢᠯᠳᠤᠭᠠᠨ ᠤ ᠢᠯᠡᠯᠳᠡ ᠶᠢ | ᠳᠡᠮᠡᠴᠡᠨ ᠤᠯᠬᠤ ᠳᠤ ᠡᠷᠬᠢᠮ ᠨᠡᠨᠳᠢᠨ ᠳᠤᠬᠢᠶᠠᠯ ᠢ ᠤᠯᠭᠤᠵᠠᠢ ᠃ ᠳᠤᠮᠳᠠᠳᠤ ᠤᠯᠤᠰ ᠤᠨ ᠠᠷᠡᠳ ᠤᠨ ᠰᠠᠶᠢᠨ ᠳᠤᠷ᠎ᠡ ᠶᠢᠨ ᠴᠡᠷᠢᠭ ᠤᠨ | ᠡᠴᠦᠰ ᠤᠨ ᠢᠯᠡᠯᠳᠡ ᠶᠢ ᠤᠯᠬᠤ ᠳᠤ ᠳᠦᠰᠢᠭ ᠪᠤᠯᠤᠬᠰᠠᠨ ᠨᠢ ᠶᠠᠬ ᠡᠨᠡ ᠬᠦ ᠠᠷᠤ ᠳᠠᠯ᠎ᠠ ᠶᠢᠨ ᠦᠢᠯᠡᠴᠢᠯᠡᠬᠡᠨ ᠤ ︽ ᠪᠤᠯᠤᠳ ᠳᠠᠮᠤᠷ ᠮᠡᠳᠦ | ᠳᠡᠬᠡᠬᠡᠪᠦᠷᠢ ᠶᠢᠨ ᠱᠤᠭᠤᠮ ︾ ᠪᠤᠯᠤᠨ᠎ᠠ ᠃ | | ᠠᠷᠢᠭᠤᠨ ᠴᠢᠰᠤ ᠪᠠᠨ ᠤᠷᠤᠰᠬᠠᠬᠰᠠᠨ ᠴᠤ ᠬᠠᠷᠠᠮᠰᠠᠯ ᠦᠬᠡᠢ ᠃ ︽ ᠳᠠᠶᠢᠴᠢᠨ ᠬᠠᠨᠢᠳᠠᠳ ᠤᠨ ᠦᠯᠡᠳᠡᠭᠡᠭᠰᠡᠨ ᠬᠡᠷᠢᠶᠡᠰᠦ ᠶᠢ ᠰᠡᠳᠬᠢᠯ | ᠳᠡᠭᠡᠨ ᠬᠦᠨ ᠬᠠᠳᠠᠩᠰᠢᠭᠤᠯᠵᠤ ᠂ ᠠᠮᠧᠷᠢᠺᠡ ᠶᠢ ᠡᠰᠡᠷᠬᠦᠴᠡᠵᠤ ᠰᠤᠯᠤᠩᠭᠤᠰ ᠢ ᠳᠤᠰᠠᠯᠠᠬᠤ ᠳᠠᠶᠢᠨ ᠤ ᠳᠠᠯᠠᠪᠤᠷ ᠤᠨ ᠪᠠᠶᠢᠳᠠᠯ ᠢ ᠶᠡᠷᠦ ᠮᠠᠷᠳᠠᠠᠬᠤ | ᠦᠬᠡᠢ ᠪᠠᠶᠢᠵᠤ ᠂ ᠡᠬᠡ ᠤᠯᠤᠰ ᠢᠶᠠᠨ ᠬᠠᠮᠠᠭᠠᠯᠠᠬᠤ ᠶᠢᠨ ᠳᠦᠯᠦᠬᠡ ᠂ ᠪᠢ ᠡᠴᠦᠰ ᠲᠤᠨᠢ ᠳᠤᠯᠳᠠᠯ᠎ᠠ ᠪᠠᠶᠢᠯᠳᠤᠨ᠎ᠠ ︾ ᠬᠡᠵᠤ ᠭᠤᠤ ᠵᠠᠨ ᠾᠸᠦ | ᠶᠠᠷᠢᠨ᠎ᠡ ᠃ ᠰᠤᠯᠤᠩᠭᠤᠰ ᠲᠤ ᠪᠤᠯᠤᠬᠰᠠᠨ ᠳᠠᠶᠢᠨ ᠤᠨᠴᠠ ᠶᠢᠨ ᠬᠠᠳᠠᠭᠤ ᠪᠡᠷᠬᠡ ᠪᠠᠶᠢᠵᠤ ᠂ ᠨᠠᠮ ᠤᠨ ᠵᠤᠬᠢᠶᠠᠨ ᠪᠠᠶᠢᠭᠤᠯᠤᠯᠳᠠ ᠶᠢᠨ | ᠳᠠᠶᠢᠴᠢᠯᠡᠯᠳᠡ ᠳᠤᠤᠷ᠎ᠡ ᠳᠡᠷᠡ ᠡᠪ ᠬᠠᠮᠳᠤ ᠨᠠᠮ ᠳᠤ ᠤᠷᠤᠵᠤ ᠂ ᠡᠪ ᠬᠠᠮᠳᠤ ᠶᠢᠨ ᠶᠤᠰᠤᠨ ᠤ ᠳᠦᠯᠦᠬᠡ ᠨᠠᠰᠤᠨ ᠳᠤᠷᠰᠢ ᠳᠡᠮᠡᠴᠡᠬᠦ ᠵᠤᠷᠢᠬ ᠲᠠᠢ | ᠪᠤᠯᠪᠠ ᠃ ᠭᠤᠤ ᠵᠠᠨ ᠾᠸᠦ ᠮᠤᠷᠢᠳᠤ ᠴᠡᠷᠢᠭ ᠤᠨ ᠬᠤᠯᠪᠤᠭᠠᠴᠢᠨ ᠪᠠᠶᠢᠬᠤ ᠬᠤᠭᠤᠴᠠᠭᠠᠨ ᠳᠠᠭᠠᠨ ᠵᠤᠬᠢᠶᠠᠨ ᠪᠠᠶᠢᠭᠤᠯᠤᠯᠳᠠ ᠠᠴᠠ ᠳᠤᠰᠢᠶᠠᠬᠰᠠᠨ | ᠡᠬᠦᠷᠬᠡ ᠶᠢ ᠠᠮᠵᠢᠯᠳᠡ ᠲᠠᠢ ᠪᠡᠶᠡᠯᠡᠬᠦᠯᠦᠭᠰᠡᠨ ᠳᠤᠯᠠ ᠳᠠᠪᠬᠤᠷ ᠳᠠᠪᠬᠤᠷ ᠬᠢᠨᠠᠨ ᠰᠢᠯᠭᠠᠬᠤ ᠪᠠᠷ ᠳᠠᠮᠵᠢᠨ 1953 ᠤᠨ ᠳᠤ 22 ᠨᠠᠰᠤᠳᠠᠢ ᠭᠤᠤ ᠵᠠᠨ ᠾᠸᠦ | ᠢᠷᠠᠭᠤ ᠠᠯᠳᠠᠷ ᠲᠠᠢ ᠪᠠᠷ ᠨᠠᠮ ᠳᠤ ᠤᠷᠤᠵᠠᠢ ᠃ | | ︽ ᠡᠨᠡ ᠡᠳᠦᠷ ᠨᠢ ᠨᠠᠳᠠ ᠳᠤ ᠠᠪᠤ ᠬᠡᠯᠡᠪᠡᠯ ᠳᠦᠢᠯ ᠤᠨ ᠤᠳᠬ᠎ᠠ ᠠᠭᠤᠯᠭ᠎ᠠ ᠲᠠᠢ ᠪᠠᠶᠢᠵᠤ ᠂ ᠴᠡᠷᠢᠭ ᠠᠩᠬᠢ ᠳᠤ ᠡᠯᠰᠡᠭᠳᠡᠭᠰᠡᠨ ᠡᠳᠦᠷ ᠠᠴᠠ | ᠡᠬᠢᠯᠡᠵᠤ ᠨᠠᠮ ᠳᠤ ᠤᠷᠤᠬᠤ ᠪᠤᠯ ᠮᠢᠨᠦ ᠬᠦᠰᠡᠯ ᠪᠠᠶᠢᠬᠰᠠᠨ ︾ ᠬᠡᠵᠤ ᠭᠤᠤ ᠵᠠᠨ ᠾᠸᠦ ᠡᠷᠬᠢᠴᠡᠬᠦᠯᠵᠤ ᠪᠠᠶᠢᠯ᠎ᠠ ᠃ ᠨᠠᠮ ᠤᠨ ᠬᠡᠰᠢᠬᠦᠨ | ᠪᠤᠯᠤᠬᠰᠠᠨ ᠤ ᠳᠠᠷᠠᠭ᠎ᠠ ᠂ ᠳᠡᠷᠡ ︽ ᠴᠢᠬᠤᠯᠠ ᠲᠠᠢ ᠦᠶ᠎ᠡ ᠳᠤ ᠦᠪᠡᠷ ᠤᠨ ᠠᠯᠢᠪᠡ ᠪᠠᠨ ᠨᠠᠮ ᠳᠠᠭᠠᠨ ᠡᠷᠬᠦᠬᠦ ︾ ᠳᠠᠩᠭᠠᠷᠢᠬ ᠢᠶᠠᠨ | ᠢᠮᠠᠬᠳᠠ ᠴᠡᠬᠡᠵᠢᠯᠡᠵᠤ ᠂ ︽ ᠠᠶᠤᠯ ᠳᠦᠭᠰᠢᠬᠦᠷᠢ ᠠᠴᠠ ᠠᠶᠤᠬᠤ ᠦᠬᠡᠢ ᠂ ᠶᠠᠮᠠᠷᠪᠠ ᠡᠬᠦᠷᠬᠡ ᠶᠢ ᠳᠤᠰᠳᠠᠬ ᠪᠠᠶᠢᠪᠠ ︾ ᠂ ᠤᠳᠤ | ᠬᠡᠳᠦ᠋ᠢᠪᠡᠷ ᠨᠠᠰᠤ ᠠᠬᠠᠰᠢᠷᠠᠬᠰᠠᠨ ᠴᠤ ᠂ ᠪᠠᠰᠠ ᠨᠠᠮ ᠳᠠᠭᠠᠨ ᠦᠨᠡᠨᠴᠢ ᠪᠠᠶᠢᠬᠤ ᠂ ᠳᠡᠷᠡ ᠬᠦ ᠤᠯᠠᠭᠠᠨ ᠵᠢᠷᠦᠬᠡ ᠨᠢ ᠴᠤᠬᠢᠯᠠᠬᠰᠠᠭᠠᠷ ᠪᠠᠶᠢᠨ᠎ᠠ ᠂ | ᠡᠪ ᠬᠠᠮᠳᠤ ᠨᠠᠮ ᠪᠤᠯ ᠪᠦᠬᠦ ᠰᠡᠳᠬᠢᠯ ᠪᠦᠬᠦ ᠵᠤᠷᠢᠬ ᠢᠶᠠᠷ ᠠᠷᠡᠳ ᠳᠦᠮᠡᠨ ᠳᠤ ᠦᠢᠯᠡᠴᠢᠯᠡᠳᠡᠭ ᠂ ᠡᠨᠡ ᠬᠦ ᠰᠠᠯᠠᠭ᠎ᠠ ᠰᠢᠯᠢᠳᠡᠭ ᠰᠤᠷᠳᠡᠯ ᠲᠠᠢ ᠡᠩᠨᠡᠭᠡ ᠨᠢ | ᠠᠷᠡᠳ ᠳᠦᠮᠡᠨ ᠤ ᠰᠡᠳᠡᠷᠬᠡᠢ ᠵᠡᠬᠦᠦ ᠳᠠᠰᠤᠷᠬᠠᠢ ᠤᠳᠠᠰᠤ ᠶᠢ ᠴᠤ ᠠᠪᠬᠤ ᠦᠬᠡᠢ ᠬᠡᠵᠤ ᠳᠡᠷᠡ ᠦᠵᠡᠵᠤ ᠪᠠᠶᠢᠬᠰᠠᠨ ᠃ | | | | | 1954 ᠤᠨ ᠳᠤ ᠂ ᠭᠤᠤ ᠵᠠᠨ ᠾᠸᠦ ᠴᠡᠷᠢᠭ ᠠᠩᠬᠢ ᠪᠠᠨ ᠳᠠᠭᠠᠵᠤ ᠦᠪᠤᠷ ᠮᠤᠩᠭᠤᠯ ᠳᠤ ᠪᠤᠴᠠᠵᠤ ᠂ ᠴᠢᠰᠤ ᠪᠠᠨ ᠤᠷᠤᠰᠬᠠᠵᠤ | ᠪᠠᠶᠢᠯᠳᠤᠬᠰᠠᠨ ᠳᠡᠷᠡ ᠬᠦ ᠳᠠᠶᠢᠨ ᠤ ᠳᠠᠯᠠᠪᠤᠷ ᠠᠴᠠ ᠬᠤᠯᠠᠳᠠᠨ ᠰᠠᠯᠵᠠᠢ ᠃ ᠭᠤᠤ ᠵᠠᠨ ᠾᠸᠦ ᠰᠤᠯᠤᠩᠭᠤᠰ ᠲᠤ ᠪᠠᠶᠢᠬᠤ ᠳᠠᠭᠠᠨ ᠤᠷᠢᠳ ᠬᠤᠵᠢᠳ | ᠬᠤᠪᠢ ᠬᠦᠮᠦᠨ ᠤ ᠭᠤᠷᠪᠠᠳᠤᠭᠠᠷ ᠳᠡᠰ ᠤᠨ ᠭᠠᠪᠢᠶ᠎ᠡ ᠬᠤᠶᠠᠷ ᠤᠳᠠᠭ᠎ᠠ ᠪᠠᠶᠢᠭᠤᠯᠪᠠ ᠃ ᠴᠡᠷᠢᠭ ᠤᠨ ᠭᠠᠪᠢᠶᠡᠨ ᠳᠡᠮᠳᠡᠭ ᠪᠤᠯ ᠬᠠᠳᠠᠭᠤᠵᠢᠯᠳᠡᠢ | ᠳᠡᠮᠡᠴᠡᠭᠰᠡᠨ ᠥᠩᠬᠡᠷᠡᠯᠳᠡ ᠶᠢᠨ ᠬᠢᠨᠢ ᠬᠡᠷᠡᠴᠢ ᠪᠠᠶᠢᠵᠤ ᠂ ᠨᠠᠰᠤᠳᠠᠨ ᠤ ᠡᠩᠬᠡᠷ ᠲᠡᠭᠡᠨ ᠵᠡᠬᠦᠭᠰᠡᠨ ᠴᠡᠷᠢᠭ ᠤᠨ ᠭᠠᠪᠢᠶᠡᠨ ᠳᠡᠮᠳᠡᠭ ᠨᠢ ᠮᠠᠨ ᠳᠤ | ᠳᠡᠷᠡ ᠬᠦ ᠮᠠᠷᠳᠠᠬᠳᠠᠰᠢ ᠦᠬᠡᠢ ᠤᠨ ᠵᠢᠯ ᠤᠳ ᠢ ᠰᠢᠪᠡᠨᠡᠵᠤ ᠪᠠᠶᠢᠬᠤ ᠰᠢᠬ ᠪᠤᠳᠤᠬᠳᠠᠭᠤᠯᠤᠨ᠎ᠠ ᠃ 1955ᠤᠨ ᠳᠤ ᠂ ᠭᠤᠤ ᠵᠠᠨ ᠾᠸᠦ ᠴᠡᠷᠢᠭ | ᠠᠩᠬᠢ ᠳᠠᠭᠠᠨ ᠬᠢᠷᠢ ᠪᠦᠳᠦᠮᠵᠢ ᠪᠠᠷ ᠰᠢᠯᠢᠳᠡᠭ ᠂ ᠢᠯᠡᠷᠡᠯ ᠳᠤᠪᠤᠶᠢᠮ᠎ᠠ ᠳᠤᠯᠠ ᠵᠤᠬᠢᠶᠠᠨ ᠪᠠᠶᠢᠭᠤᠯᠤᠯᠳᠠ ᠠᠴᠠ ᠳᠡᠬᠦᠨ ᠢ ᠳᠤᠮᠳᠠᠳᠤ ᠤᠯᠤᠰ ᠤᠨ | ᠠᠷᠡᠳ ᠤᠨ ᠴᠢᠯᠦᠬᠡᠯᠡᠬᠦ ᠴᠡᠷᠢᠭ ᠤᠨ ᠳᠤᠳᠤᠭᠠᠳᠤ ᠶᠢᠨ ᠬᠠᠮᠠᠭᠠᠯᠠᠬᠤ ᠴᠡᠷᠢᠭ ᠤᠨ ᠦᠪᠤᠷ ᠮᠤᠩᠭᠤᠯ ᠤᠨ ᠴᠡᠷᠢᠭ ᠤᠨ ᠵᠢᠭᠠᠨ ᠵᠢᠯᠤᠭᠤᠳᠬᠤ ᠠᠩᠬᠢ | ᠳᠤ ᠳᠤᠮᠢᠯᠡᠨ ᠰᠤᠷᠤᠯᠴᠠᠭᠤᠯᠵᠤ ᠂ ᠳᠡᠬᠦᠰᠦᠭᠰᠡᠨ ᠤ ᠳᠠᠷᠠᠭ᠎ᠠ ᠭᠤᠤ ᠵᠠᠨ ᠾᠸᠦ ᠦᠷᠬᠦᠯᠵᠢᠯᠡᠨ ᠰᠤᠷᠭᠠᠭᠤᠯᠢ ᠳᠠᠭᠠᠨ ᠦᠯᠡᠳᠡᠨ ᠵᠢᠭᠠᠨ ᠰᠤᠷᠭᠠᠬᠴᠢ ᠪᠠᠷ | ᠠᠵᠢᠯᠯᠠᠵᠤ ᠂ ᠵᠢᠭᠠᠨ ᠵᠢᠯᠤᠭᠤᠳᠬᠤ ᠪᠠᠲ᠋ᠠᠯᠢᠶᠤᠨ ᠤ ᠭᠤᠷᠪᠠᠳᠤᠭᠠᠷ ᠰᠤᠮᠤ ᠶᠢᠨ ᠭᠤᠷᠪᠠᠳᠤᠭᠠᠷ ᠰᠠᠯᠠᠭᠠᠨ ᠤ ᠳᠡᠳ᠋ ᠰᠠᠯᠠᠭᠠᠨ ᠳᠠᠷᠤᠭ᠎ᠠ ᠶᠢᠨ | ᠳᠤᠰᠢᠶᠠᠯ ᠢ ᠬᠠᠷᠢᠭᠤᠴᠠᠵᠤ ᠂ ᠰᠢᠨ᠎ᠡ ᠴᠡᠷᠢᠭ ᠢ ᠬᠦᠮᠦᠵᠢᠬᠦᠯᠪᠠ ᠃ 1957ᠤᠨ ᠳᠤ ᠂ ᠭᠤᠤ ᠵᠠᠨ ᠾᠸᠦ ᠴᠡᠷᠢᠭ ᠠᠴᠠ | ᠬᠠᠯᠠᠬᠳᠠᠬᠰᠠᠨ ᠤ ᠳᠠᠷᠠᠭ᠎ᠠ ᠰᠠᠯᠤᠭᠠᠳ ᠤᠳᠠᠬᠰᠠᠨ ᠨᠤᠳᠤᠬ ᠲᠠᠭᠠᠨ ᠪᠤᠴᠠᠵᠤ ᠂ ᠵᠡᠬᠦᠨᠭᠠᠷ ᠬᠤᠰᠢᠭᠤᠨ ᠤ ᠴᠠᠩ ᠱᠸᠡᠭ ᠳ᠋ᠢᠶᠠᠨ ᠳᠤᠰᠬᠤᠨ ᠢ | ᠰᠤᠩᠭᠤᠪᠠ ᠃ | | 1958ᠤᠨ ᠠᠴᠠ 1981ᠤᠨ ᠪᠤᠯᠳᠠᠯ᠎ᠠ ᠂ ᠴᠠᠩ ᠱᠸᠡᠭ ᠳ᠋ᠢᠶᠡᠨ ᠶᠡᠭᠡ ᠪᠠᠷᠢᠭᠠᠳᠠ ᠶᠢᠨ ᠰᠤᠮᠤᠨ ᠳᠠᠷᠤᠭ᠎ᠠ ᠶᠢᠨ ᠳᠤᠰᠢᠶᠠᠯ ᠢ | ᠬᠠᠷᠢᠭᠤᠴᠠᠵᠤ ᠪᠠᠶᠢᠬᠰᠠᠨ ᠭᠤᠤ ᠵᠠᠨ ᠾᠸᠦ ᠨᠤᠳᠤᠬ ᠤᠨ ᠠᠬᠠᠰ ᠵᠠᠬᠠᠰ ᠢᠶᠠᠨ ᠳᠠᠶᠢᠴᠢᠯᠡᠨ ᠠᠷᠪᠠᠨ ᠬᠡᠳᠦᠨ ᠭᠠᠵᠠᠷ ᠠᠴᠠ ᠱᠦᠢᠨᠢ ᠳᠡᠬᠡᠬᠡᠪᠦᠷᠢᠯᠡᠨ ᠵᠠᠮ | ᠵᠠᠰᠠᠪᠠ ᠂ ᠳᠡᠷᠡ ᠨᠤᠳᠤᠬ ᠤᠨ ᠠᠬᠠᠰ ᠵᠠᠬᠠᠰ ᠲᠠᠢ ᠪᠠᠨ ᠰᠢᠷᠬᠤᠨᠠᠬ ᠢᠶᠠᠨ ᠰᠢᠭᠤᠨ ᠬᠦᠯ ᠨᠢᠴᠦᠬᠦᠨ ᠢᠶᠠᠷ ᠶᠠᠰᠤ ᠵᠢᠩᠬᠢᠨᠡᠮᠡ ᠤᠰᠤᠨ ᠳᠤ ᠡᠳᠦᠷ ᠰᠦᠨᠢ | ᠦᠬᠡᠢ ᠬᠦᠳᠡᠯᠮᠤᠷᠢᠯᠡᠵᠤ ᠠᠭᠤᠯᠠᠨ ᠬᠦᠨᠳᠡᠢ ᠳᠤ ᠬᠠᠰᠢᠯᠭ᠎ᠠ ᠪᠤᠰᠬᠠᠪᠠ ᠃ ᠳᠤᠬᠠᠢ ᠶᠢᠨ ᠦᠶ᠎ᠡ ᠳᠤ ᠂ ᠳᠤᠰᠬᠤᠨ ᠤ ᠠᠷᠡᠳ ᠨᠢ ᠭᠤᠤ ᠵᠠᠨ | ᠾᠸᠦ ᠶᠢᠨ ᠪᠠᠶᠢᠯᠳᠤᠭᠠᠨ ᠤ ᠦᠯᠡᠮᠵᠢ ᠭᠠᠪᠢᠶ᠎ᠡ ᠶᠢ ᠮᠡᠳᠡᠬᠦ ᠦᠬᠡᠢ ᠴᠤ ᠳᠡᠬᠦᠨ ᠢ ᠨᠠᠮ ᠤᠨ ᠬᠡᠰᠢᠬᠦᠨ ᠂ ᠳᠠᠶᠢᠨ ᠪᠠᠶᠢᠯᠳᠤᠭᠠᠨ ᠳᠤ | ᠶᠠᠪᠤᠵᠤ ᠂ ᠤᠯᠤᠰ ᠳᠦᠷᠦ ᠶᠢᠨ ᠤᠬᠠᠮᠰᠠᠷ ᠢᠶᠠᠷ ᠴᠢᠩᠭ᠎ᠠ ᠂ ᠢᠳᠡᠬᠡᠯ ᠲᠠᠢ ᠬᠦᠮᠦᠨ ᠬᠡᠳᠡᠭ ᠢ ᠯᠡ ᠮᠡᠳᠡᠳᠡᠭ ᠪᠠᠶᠢᠵᠠᠢ ᠃ ᠬᠤᠷᠢᠭᠠᠳ ᠵᠢᠯ | ᠳᠤ ᠂ ᠳᠡᠷᠡ ᠨᠤᠳᠤᠬ ᠤᠨ ᠠᠬᠠᠰ ᠵᠠᠬᠠᠰ ᠢᠶᠠᠨ ᠳᠠᠶᠢᠴᠢᠯᠡᠨ ᠬᠠᠰᠢᠯᠭ᠎ᠠ ᠪᠤᠰᠬᠠᠬᠤ ᠂ ᠤᠢᠢᠵᠢᠭᠤᠯᠤᠯᠳᠠ ᠬᠢᠬᠦ ᠂ ᠵᠠᠮ ᠵᠠᠰᠠᠬᠤ ᠵᠡᠷᠬᠡ | ᠬᠠᠳᠠᠭᠤᠵᠢᠯᠳᠡᠢ ᠬᠦᠳᠡᠯᠮᠤᠷᠢ ᠪᠠᠷ ᠢᠶᠠᠨ ᠤᠯᠠᠨ ᠳᠦᠮᠡᠨ ᠳᠤ ᠵᠤᠯ ᠵᠢᠷᠭᠠᠯ ᠲᠠᠢ ᠰᠠᠶᠢᠬᠠᠨ ᠠᠮᠢᠳᠤᠷᠡᠯ ᠢ ᠰᠤᠯᠢᠵᠤ ᠠᠪᠴᠢᠷᠠᠬᠰᠠᠨ ᠪᠠᠶᠢᠨ᠎ᠠ ᠃ | | ᠡᠨᠡ ᠡᠳᠦᠷ ᠂ 92 ᠨᠠᠰᠤ ᠬᠦᠷᠦᠭᠰᠡᠨ ᠭᠤᠤ ᠵᠠᠨ ᠾᠸᠦ ᠴᠡᠷᠢᠭ ᠡᠷ᠎ᠡ ᠶᠢᠨ ᠬᠡᠪ ᠨᠠᠮᠪᠠ ᠪᠠᠨ ᠬᠠᠳᠠᠭᠠᠯᠠᠵᠤ ᠂ ᠬᠤᠭᠤᠯᠠ ᠢᠳᠡᠬᠦ ᠂ | ᠰᠤᠨᠢᠨ ᠮᠡᠳᠡᠭᠡ ᠦᠵᠡᠬᠦ ᠂ ᠪᠡᠶ᠎ᠡ ᠴᠢᠬᠢᠷᠠᠬᠵᠢᠭᠤᠯᠬᠤ ᠬᠡᠳ ᠰᠠᠭᠤᠵᠤ ᠵᠤᠷᠴᠢᠬᠤ ᠨᠢ ᠵᠢᠷᠤᠮ ᠭᠤᠷᠢᠮ ᠲᠠᠢ ᠪᠠᠶᠢᠨ᠎ᠠ ᠃ ᠤᠢᠢᠷ᠎ᠡ ᠳᠤ ᠰᠤᠨᠤᠷ ᠬᠠᠷᠠᠬᠠᠨ | ᠪᠠᠭᠤᠷᠠᠵᠤ ᠂ ᠦᠷᠦᠬᠡᠯ ᠪᠤᠰᠤᠳ ᠲᠠᠢ ᠬᠠᠷᠢᠯᠴᠠᠬᠤ ᠨᠢ ᠴᠦᠬᠡᠷᠡᠵᠤ ᠡᠷᠬᠢᠴᠡᠬᠦᠯᠦᠯ ᠪᠤᠳᠤᠯᠭᠠᠰᠢᠷᠡᠯ ᠳᠤ ᠠᠪᠳᠠᠬᠤ ᠪᠤᠯᠵᠠᠢ ᠃ ᠳᠡᠬᠦᠨ ᠳᠤ ᠤᠳᠠᠭᠠᠨ | ᠵᠢᠯ ᠤᠨ ᠬᠠᠨᠢ ᠪᠤᠯᠤᠬᠰᠠᠨ ᠨᠢᠬᠡ ᠬᠠᠶᠢᠷᠴᠠᠬ ᠪᠠᠶᠢᠳᠠᠬ ᠃ ᠰᠤᠷᠪᠤᠯᠵᠢᠯᠠᠭ᠎ᠠ ᠶᠢ ᠬᠦᠯᠢᠶᠡᠵᠤ ᠨᠠᠰᠤᠳᠠᠨ ᠬᠠᠶᠢᠷᠴᠠᠬ ᠢᠶᠠᠨ ᠨᠡᠬᠡᠬᠡᠪᠡᠯ ᠳᠤᠳᠤᠷ᠎ᠡ ᠨᠢ | ᠴᠡᠷᠢᠭ ᠤᠨ ᠭᠠᠪᠢᠶᠡᠨ ᠳᠡᠮᠳᠡᠭ ᠂ ᠢᠷᠠᠭᠤ ᠠᠯᠳᠠᠷ ᠤᠨ ᠦᠨᠡᠮᠯᠡᠯ ᠪᠠ ᠰᠢᠷᠠᠯᠠᠵᠤ ᠬᠠᠭᠤᠴᠢᠷᠠᠬᠰᠠᠨ ᠵᠢᠷᠤᠬ ᠰᠡᠬᠦᠳᠡᠷ ᠤᠳ ᠬᠠᠷᠠᠬᠳᠠᠵᠤ | ᠪᠠᠶᠢᠵᠠᠢ ᠃ | | ᠳᠤᠮᠳᠠᠳᠤ ᠤᠯᠤᠰ ᠤᠨ ᠡᠪ ᠬᠠᠮᠳᠤ ᠨᠠᠮ 100 ᠵᠢᠯ ᠤᠨ ᠰᠠᠯᠬᠢ ᠪᠤᠷᠤᠭᠠᠨ ᠢ ᠳᠤᠭᠤᠯᠵᠤ ᠂ ᠤᠯᠠᠨ ᠶᠠᠭᠤᠮ᠎ᠡ ᠬᠤᠪᠢᠷᠡᠵᠤ ᠰᠤᠯᠢᠬᠳᠠᠬᠰᠠᠨ | ᠴᠤ ᠭᠤᠤ ᠵᠠᠨ ᠾᠸᠦ ᠨᠠᠰᠤᠳᠠᠨ ᠤ ᠨᠠᠮ ᠳᠠᠭᠠᠨ ᠦᠨᠡᠨᠴᠢ ᠪᠠᠶᠢᠬᠤ ᠰᠡᠳᠬᠢᠯ ᠨᠢ ᠬᠤᠪᠢᠷᠠᠭ᠎ᠠ ᠦᠬᠡᠢ ᠃ ᠳᠡᠬᠦᠨ ᠤ ᠭᠠᠪᠢᠶ᠎ᠡ ᠵᠢᠳᠬᠦᠯ ᠢ ᠮᠡᠳᠡᠬᠦ | ᠬᠦᠮᠦᠨ ᠴᠦᠬᠡᠨ ᠪᠠᠶᠢᠵᠤ ᠂ ᠮᠦᠨᠴᠤ ᠳᠡᠬᠦᠨ ᠤ ᠳᠡᠷᠢ ᠶᠢᠨ ᠤᠳᠤᠭᠠᠨ ᠳᠤᠮᠳᠠᠭᠤᠷ ᠪᠠᠶᠢᠯᠳᠤᠵᠤ ᠶᠠᠪᠤᠬᠰᠠᠨ ᠦᠩᠬᠡᠷᠡᠯᠳᠡ ᠶᠢ ᠮᠡᠳᠡᠬᠦ ᠬᠦᠮᠦᠨ | ᠳᠠᠩᠴᠢ ᠴᠦᠬᠡᠨ ᠪᠠᠶᠢᠯ᠎ᠠ ᠃ ᠳᠡᠳᠡ ᠵᠠᠯᠠᠭᠤ ᠨᠠᠰᠤ ᠪᠠᠨ ᠨᠠᠮ ᠳᠠᠭᠠᠨ ᠡᠷᠬᠦᠵᠤ ᠡᠬᠡ ᠤᠯᠤᠰ ᠲᠠᠭᠠᠨ ᠡᠷᠬᠦᠵᠡᠢ ᠃ ᠳᠦᠭᠰᠢᠬᠦᠷᠢᠳᠤ ᠮᠦᠴᠡ ᠳᠤ | ᠠᠬᠠᠮᠠᠳ ᠪᠠᠶᠢᠯᠳᠤᠬᠴᠢᠳ ᠮᠢᠨᠢ ᠵᠡᠪᠰᠡᠭ ᠠᠳᠬᠤᠨ ᠡᠵᠡᠷᠬᠡᠭ ᠳᠦᠷᠢᠮᠡᠬᠡᠶᠢᠳᠡᠨ ᠲᠠᠢ ᠳᠡᠮᠡᠴᠡᠵᠤ ᠂ ᠦᠬᠦᠵᠤ ᠰᠡᠬᠡᠬᠦ ᠪᠠᠨ ᠤᠮᠠᠷᠳᠡᠨ ᠬᠠᠯᠠᠭᠤᠨ ᠴᠢᠰᠤ ᠪᠠᠷ | ᠳᠦᠷᠦ ᠬᠦᠷᠦᠨ ᠢᠶᠠᠨ ᠬᠠᠮᠠᠭᠠᠯᠠᠵᠤ ᠂ ᠦᠨᠦᠳᠦᠷ ᠤᠨ ᠳᠠᠶᠢᠪᠤᠩ ᠠᠮᠢᠳᠤᠷᠡᠯ ᠢ ᠠᠪᠴᠢᠷᠡᠭᠰᠡᠨ ᠪᠢᠯᠡ ᠃ | | ᠰᠤᠷᠪᠤᠯᠵᠢᠯᠠᠭ᠎ᠠ ᠳᠠᠭᠤᠰᠬᠤ ᠦᠶ᠎ᠡ ᠳᠤ ᠂ ᠨᠠᠰᠤᠳᠠᠨ ᠴᠡᠷᠢᠭ ᠤᠨ ᠬᠤᠪᠴᠠᠰᠤ ᠪᠠᠨ ᠡᠮᠦᠰᠦᠭᠰᠡᠨ ᠳᠤ ᠨᠡᠷᠡᠨ ᠤ ᠳᠤᠶᠠᠭᠠᠨ ᠳᠤ ᠭᠠᠪᠢᠶᠡᠨ | ᠳᠡᠮᠳᠡᠭ ᠨᠢ ᠤᠯᠠᠯᠵᠠᠨ᠎ᠠ ᠁ | |