ᠰᠢᠤᠸᠠᠢ ᠵᠢᠶᠠ ᠸᠠᠨ ᠪᠠᠯᠭᠠᠰᠤ  ᠶᠢᠨ ᠪᠸᠢ ᠱᠠᠨ  ᠤ ᠬᠡᠰᠡᠭ ᠭᠠᠵᠠᠷ  ᠤᠨ ᠨᠡᠶᠢᠳᠡ  ᠶᠢᠨ ᠠᠰᠡᠷᠡᠮᠵᠢ  ᠶᠢᠨ ᠳᠦᠷᠦᠯ ᠵᠦᠢᠯ  ᠤᠨ ᠭᠠᠵᠠᠷ ᠰᠢᠷᠤᠢ ᠳᠠᠳᠠᠪᠤᠷᠢᠯᠡᠨ ᠨᠤᠷᠠᠭᠠᠵᠤ ᠨᠡᠬᠦᠯᠬᠡᠬᠦ ᠬᠢᠬᠡᠳ ᠳᠦᠪᠬᠢᠨᠡᠬᠦᠯᠬᠦ  ᠶᠢ ᠬᠡᠷᠡᠭᠵᠢᠬᠦᠯᠬᠦ ᠳᠦᠰᠤᠯ  ᠢ ᠳᠠᠷᠤᠮᠠᠯᠯᠠᠨ ᠳᠠᠷᠬᠠᠭᠠᠬᠤ ᠳᠤᠬᠠᠢ ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠮᠡᠳᠡᠭᠳᠡᠯ
ᠨᠡᠶᠢᠲᠡᠯᠡᠭᠰᠡᠨ ᠴᠠᠭ᠄
2021/5/10
ᠵᠡᠬᠦᠨᠭᠠᠷ ᠠᠵᠤ ᠠᠬᠤᠢ  ᠶᠢᠨ ᠨᠡᠬᠡᠬᠡᠯᠳᠡ  ᠶᠢᠨ ᠤᠷᠤᠨ  ᠤ ᠬᠠᠮᠢᠶᠠᠷᠤᠯᠳᠡ  ᠶᠢᠨ ᠵᠦᠪᠯᠡᠯ ᠂ ᠳ᠋ᠠ ᠯᠦ ᠨᠡᠬᠦᠷᠡᠰᠦ ᠬᠢᠮᠢ  ᠶᠢᠨ ᠠᠵᠤ ᠦᠢᠯᠡᠳᠪᠦᠷᠢ  ᠶᠢᠨ ᠰᠠᠭᠤᠷᠢᠨ ᠭᠠᠵᠠᠷ  ᠤᠨ ᠬᠠᠮᠢᠶᠠᠷᠤᠯᠳᠡ  ᠶᠢᠨ ᠵᠦᠪᠯᠡᠯ ᠂ ᠡᠯ᠎ᠡ ᠰᠤᠮᠤ ᠰᠢᠶᠠᠩ ᠪᠠᠯᠭᠠᠰᠤ  ᠶᠢᠨ ᠠᠷᠡᠳ  ᠤᠨ ᠵᠠᠰᠠᠬ  ᠤᠨ ᠤᠷᠳᠤᠨ ᠂ ᠡᠯ᠎ᠡ ᠵᠡᠬᠡᠯᠢ ᠭᠤᠳᠤᠮᠵᠢ  ᠶᠢᠨ ᠬᠡᠷᠡᠭ ᠡᠷᠬᠢᠯᠡᠬᠦ ᠭᠠᠵᠠᠷ ᠂ ᠬᠤᠰᠢᠭᠤᠨ  ᠤ ᠵᠠᠰᠠᠬ  ᠤᠨ ᠤᠷᠳᠤᠨ  ᠤ ᠡᠯ᠎ᠡ ᠰᠠᠯᠠᠭ᠎ᠠ ᠮᠦᠴᠢᠷ ᠂ ᠡᠯ᠎ᠡ ᠰᠢᠭᠤᠳ ᠬᠠᠷᠢᠶ᠎ᠡ ᠪᠠᠶᠢᠭᠤᠯᠭ᠎ᠠ ᠨᠢᠬᠡᠴᠢ ᠂ ᠡᠯ᠎ᠡ ᠳᠤᠮᠤ ᠠᠵᠤ ᠠᠬᠤᠢᠢᠯᠡᠯ ᠳᠤ ᠄      ᠡᠳᠦᠬᠡ ︽ ᠰᠢᠤᠸᠠᠢ ᠵᠢᠶᠠ ᠸᠠᠨ ᠪᠠᠯᠭᠠᠰᠤ  ᠶᠢᠨ ᠪᠸᠢ ᠱᠠᠨ  ᠤ ᠬᠡᠰᠡᠭ ᠭᠠᠵᠠᠷ  ᠤᠨ ᠨᠡᠶᠢᠳᠡ  ᠶᠢᠨ ᠠᠰᠡᠷᠡᠮᠵᠢ  ᠶᠢᠨ ᠳᠦᠷᠦᠯ ᠵᠦᠢᠯ  ᠤᠨ ᠭᠠᠵᠠᠷ ᠳᠠᠳᠠᠪᠤᠷᠢᠯᠡᠨ ᠨᠤᠷᠠᠭᠠᠵᠤ ᠨᠡᠬᠦᠯᠬᠡᠬᠦ ᠬᠢᠬᠡᠳ ᠳᠦᠪᠬᠢᠨᠡᠬᠦᠯᠬᠦ  ᠶᠢ ᠬᠡᠷᠡᠭᠵᠢᠬᠦᠯᠬᠦ ᠳᠦᠰᠤᠯ ︾   ᠢ ᠳᠠᠷᠤᠮᠠᠯᠯᠠᠨ ᠳᠠᠷᠬᠠᠭᠠᠪᠠ ᠂ ᠬᠢᠨᠠᠮᠠᠭᠠᠢ ᠳᠤᠭᠤᠰᠢᠯᠠᠭᠤᠯᠤᠨ ᠬᠦᠢᠴᠡᠳᠬᠡᠰᠦᠬᠡᠢ ᠃                            ᠵᠡᠬᠦᠨᠭᠠᠷ ᠬᠤᠰᠢᠭᠤᠨ  ᠤ ᠠᠷᠡᠳ  ᠤᠨ ᠵᠠᠰᠠᠬ ᠤᠨ  ᠤᠷᠳᠤᠨ                                                                                                                            2021ᠤᠨ  ᠤ 2 ᠰᠠᠷ᠎ᠡ  ᠶᠢᠨ 9  ᠤ ᠡᠳᠦᠷ      ᠰᠢᠤᠸᠠᠢ ᠵᠢᠶᠠ ᠸᠠᠨ ᠪᠠᠯᠭᠠᠰᠤ  ᠶᠢᠨ ᠪᠸᠢ ᠱᠠᠨ  ᠤ ᠬᠡᠰᠡᠭ ᠭᠠᠵᠠᠷ  ᠤᠨ ᠨᠡᠶᠢᠳᠡ  ᠶᠢᠨ ᠠᠰᠡᠷᠡᠮᠵᠢ  ᠶᠢᠨ ᠳᠦᠷᠦᠯ ᠵᠦᠢᠯ  ᠤᠨ ᠭᠠᠵᠠᠷ ᠰᠢᠷᠤᠢ ᠳᠠᠳᠠᠪᠤᠷᠢᠯᠡᠨ ᠨᠤᠷᠠᠭᠠᠵᠤ ᠨᠡᠬᠦᠯᠬᠡᠬᠦ ᠬᠢᠬᠡᠳ ᠳᠦᠪᠬᠢᠨᠡᠬᠦᠯᠬᠦ  ᠶᠢ ᠬᠡᠷᠡᠭᠵᠢᠬᠦᠯᠬᠦ ᠳᠦᠰᠤᠯ       ᠬᠤᠳᠠ  ᠶᠢᠨ ᠴᠢᠳᠠᠮᠵᠢ  ᠶᠢ ᠤᠯᠠᠮ ᠨᠢᠬᠡ ᠠᠯᠬᠤᠮ ᠳᠡᠬᠦᠯᠳᠡᠷᠵᠢᠬᠦᠯᠵᠤ ᠂ ᠬᠤᠳᠠ  ᠶᠢᠨ ᠤᠷᠴᠢᠨ ᠳᠤᠭᠤᠷᠢᠨ  ᠢ ᠰᠠᠶᠢᠵᠢᠷᠠᠭᠤᠯᠤᠨ ᠂ ᠬᠤᠳᠠ  ᠶᠢᠨ ᠳᠦᠷᠢ ᠳᠦᠷᠬᠦ  ᠶᠢ ᠳᠡᠭᠡᠭᠰᠢᠯᠡᠬᠦᠯᠵᠤ ᠂ ᠭᠠᠵᠠᠷ ᠰᠢᠷᠤᠢ ᠪᠠᠨ ᠳᠠᠳᠠᠪᠤᠷᠢᠯᠠᠬᠳᠠᠨ ᠨᠤᠷᠠᠭᠠᠵᠤ ᠨᠡᠬᠦᠯᠬᠡᠬᠦ ᠪᠠᠷ ᠪᠤᠯᠤᠬᠰᠠᠨ ᠳᠠᠷᠢᠶᠠᠴᠢᠳ  ᠤᠨ ᠬᠠᠤᠯᠢ ᠶᠤᠰᠤᠨ  ᠤ ᠡᠷᠬᠡ ᠠᠰᠢᠬ  ᠢ ᠦᠨᠡᠨ ᠬᠦ ᠬᠠᠮᠠᠭᠠᠯᠠᠬᠤ  ᠶᠢᠨ ᠳᠤᠰᠠᠳᠠ ᠂ ︽ᠪᠦᠬᠦᠳᠡ ᠨᠠᠶᠢᠷᠠᠮᠳᠠᠬᠤ ᠳᠤᠮᠳᠠᠳᠤ ᠠᠷᠡᠳ ᠤᠯᠤᠰ  ᠤᠨ ᠭᠠᠵᠠᠷ ᠰᠢᠷᠤᠢ  ᠶᠢᠨ ᠬᠠᠮᠢᠶᠠᠷᠤᠯᠳᠡ  ᠶᠢᠨ ᠬᠠᠤᠯᠢ ︾᠂ ︽ ᠦᠪᠡᠷᠳᠡᠬᠡᠨ ᠵᠠᠰᠠᠬᠤ ᠤᠷᠤᠨ  ᠤ ᠭᠠᠵᠠᠷ ᠰᠢᠷᠤᠢ  ᠶᠢ ᠳᠠᠳᠠᠪᠤᠷᠢᠯᠠᠬᠰᠠᠨ ᠳᠤᠭᠤᠷᠢᠬ  ᠤᠨ ᠶᠠᠷᠦᠩᠬᠡᠶᠢᠯᠡᠭᠰᠡᠨ ᠭᠠᠵᠠᠷ  ᠤᠨ ᠦᠨ᠎ᠡ  ᠶᠢ ᠨᠡᠶᠢᠳᠡᠯᠡᠬᠦ ᠳᠤᠬᠠᠢ ᠦᠪᠤᠷ ᠮᠤᠩᠭᠤᠯ  ᠤᠨ ᠦᠪᠡᠷᠳᠡᠬᠡᠨ ᠵᠠᠰᠠᠬᠤ ᠤᠷᠤᠨ  ᠤ ᠠᠷᠡᠳ  ᠤᠨ ᠵᠠᠰᠠᠬ  ᠤᠨ ᠤᠷᠳᠤᠨ  ᠤ ᠠᠯᠪᠠᠨ ᠳᠢᠩᠬᠢᠮ  ᠤᠨ ᠮᠡᠳᠡᠭᠳᠡᠯ ︾ ︵ᠦᠪᠤᠷ ᠵᠠᠰᠠᠬ ᠠᠯᠪᠠᠨ ᠳᠠᠷᠬᠠᠭᠠᠬᠰᠠᠨ ﹇2020﹈16 ᠳ᠋ᠤᠭᠠᠷ ᠳᠤᠭᠠᠳᠤ ︶   ᠶᠢᠨ ᠵᠤᠷᠢᠬ ᠰᠠᠨᠠᠭ᠎ᠠ ᠵᠢᠴᠢ ᠬᠤᠯᠪᠤᠬᠳᠠᠯ ᠪᠦᠬᠦᠢ ᠬᠠᠤᠯᠢ ᠴᠠᠭᠠᠵᠠ ᠳᠦᠷᠢᠮ  ᠢ ᠦᠨᠳᠦᠰᠦᠯᠡᠵᠤ ᠂ ᠮᠠᠨ  ᠤ ᠬᠤᠰᠢᠭᠤᠨ  ᠤ ᠪᠤᠳᠠᠳᠤ ᠪᠠᠶᠢᠳᠠᠯ ᠲᠠᠢ ᠤᠶᠠᠯᠳᠤᠭᠤᠯᠤᠨ ᠳᠤᠰ ᠳᠦᠰᠤᠯ  ᠢ ᠳᠤᠬᠳᠠᠭᠠᠪᠠ ᠃ᠨᠢᠬᠡ ᠂ ᠭᠠᠵᠠᠷ ᠰᠢᠷᠤᠢ  ᠶᠢ ᠳᠠᠳᠠᠪᠤᠷᠢᠯᠡᠨ ᠨᠤᠷᠠᠭᠠᠵᠤ ᠨᠡᠬᠦᠯᠬᠡᠬᠦ ᠤᠷᠤᠨ ᠪᠠᠶᠢᠷᠢ ᠂ ᠳᠠᠯᠠᠪᠠᠢ ᠂ ᠬᠡᠷᠡᠭᠴᠡᠭᠡ      ᠭᠠᠵᠠᠷ ᠰᠢᠷᠤᠢ  ᠶᠢ ᠳᠠᠳᠠᠪᠤᠷᠢᠯᠡᠨ ᠨᠤᠷᠠᠭᠠᠵᠤ ᠨᠡᠬᠦᠯᠬᠡᠬᠦ ᠤᠷᠤᠨ ᠪᠠᠶᠢᠷᠢ ᠨᠢ ᠰᠢᠤᠸᠠᠢ ᠵᠢᠶᠠ ᠸᠠᠨ ᠪᠠᠯᠭᠠᠰᠤ  ᠶᠢᠨ ᠰᠢᠤᠸᠠᠢ ᠵᠢᠶᠠ ᠸᠠᠨ ᠳᠤᠰᠬᠤᠨ  ᠤ ᠡᠦ ᠵᠢᠶᠠ ᠴᠢᠤᠢ ᠬᠤᠷᠰᠢᠶ᠎ᠡ ᠂ ᠬᠤᠤ ᠵᠢᠶᠠ ᠶᠸᠦ ᠹᠠᠩ ᠬᠤᠷᠰᠢᠶ᠎ᠡ ᠪᠤᠯᠤᠨ᠎ᠠ ᠃ ᠵᠡᠬᠦᠨᠰᠢ ᠪᠠᠨ ᠰᠢᠤᠸᠠᠢ ᠵᠢᠶᠠ ᠸᠠᠨ ᠠᠴᠠ ᠳ᠋ᠠ ᠯᠦ ᠬᠦᠷᠬᠦ ᠳᠦᠷᠬᠡᠨ ᠵᠠᠮ ᠂ ᠪᠠᠷᠠᠭᠤᠨᠰᠢ ᠪᠠᠨ ᠪᠠᠩ ᠯᠠᠩ ᠰᠧ ᠲᠠᠢ ᠭᠸᠦ ᠂ ᠡᠮᠦᠨᠠᠰᠢ ᠪᠠᠨ ᠪᠸᠢ ᠶᠤᠸᠠᠨ ᠵᠡᠬᠡᠯᠢ ᠂ ᠤᠮᠠᠷᠠᠰᠢ ᠪᠠᠨ ᠭᠦᠢ ᠬᠤᠸᠠ ᠵᠠᠮ ᠳᠤ ᠬᠦᠷᠦᠨ᠎ᠠ ︔ ᠳᠠᠯᠠᠪᠠᠢ ᠨᠢ 3.6ᠬᠠᠪᠳᠠᠭᠠᠢ ᠳᠦᠷᠪᠡᠯᠵᠢᠨ ᠺᠢᠯᠦᠮᠧᠲᠷ ︵ ᠬᠠᠮᠤᠬ ᠡᠴᠦᠰ  ᠤᠨ ᠭᠠᠵᠠᠷ ᠰᠢᠷᠤᠢ ᠳᠠᠳᠠᠪᠤᠷᠢᠯᠡᠭᠰᠠᠨ ᠳᠠᠯᠠᠪᠠᠢ  ᠶᠢ ᠭᠠᠵᠠᠷ ᠰᠢᠷᠤᠢ  ᠶᠢ ᠳᠠᠳᠠᠪᠤᠷᠢᠯᠠᠬᠰᠠᠨ ᠪᠠᠶᠢᠴᠠᠭᠠᠯᠳᠠ  ᠪᠠᠷ ᠨᠤᠳᠠᠯᠠᠨ ᠳᠠᠩᠰᠠᠯᠠᠭᠤᠯᠤᠬᠰᠠᠨ ᠳᠠᠯᠠᠪᠠᠢ ᠪᠠᠷ ᠪᠠᠷᠢᠮᠵᠢᠶ᠎ᠡ ᠪᠤᠯᠭᠠᠨ᠎ᠠ ︶᠃ ᠬᠡᠷᠡᠭᠴᠡᠭᠡ ᠨᠢ ᠰᠤᠷᠭᠠᠨ ᠬᠦᠮᠦᠵᠢᠯ ᠂ ᠡᠮᠨᠡᠯᠬᠡ  ᠶᠢᠨ ᠬᠤᠷᠢᠶ᠎ᠡ ᠂ ᠬᠤᠳᠠ  ᠶᠢᠨ ᠶᠠᠪᠤᠳᠠᠯ  ᠤᠨ ᠵᠠᠮ ᠵᠢᠴᠢ ᠬᠤᠯᠪᠤᠬᠳᠠᠯ ᠪᠦᠬᠦᠢ ᠢᠵᠢ ᠪᠦᠷᠢᠳᠦᠬᠦᠯᠦᠭᠰᠡᠨ ᠰᠠᠭᠤᠷᠢ ᠳᠦᠬᠦᠬᠡᠷᠦᠮᠵᠢ  ᠳᠤ ᠬᠡᠷᠡᠭᠯᠡᠬᠦ ᠭᠠᠵᠠᠷ ᠪᠤᠯᠭᠠᠨ᠎ᠡ ᠃ᠬᠤᠶᠡᠷ ᠂ ᠭᠠᠵᠠᠷ ᠰᠢᠷᠤᠢ  ᠶᠢ ᠳᠠᠳᠠᠪᠤᠷᠢᠯᠡᠨ ᠨᠤᠷᠠᠭᠠᠵᠤ ᠨᠡᠬᠦᠯᠬᠡᠬᠦ ᠨᠦᠬᠦᠪᠦᠷᠢ  ᠶᠢᠨ ᠪᠠᠷᠢᠮᠵᠢᠶ᠎ᠡ︵ ᠨᠢᠬᠡ ︶ ᠭᠠᠵᠠᠷ ᠰᠢᠷᠤᠢ  ᠶᠢᠨ ᠨᠦᠬᠦᠪᠦᠷᠢ ᠰᠦᠢᠳᠬᠡᠯ ᠬᠢᠬᠡᠳ ᠳᠦᠪᠬᠢᠨᠡᠬᠦᠯᠬᠦ ᠳᠤᠰᠠᠯᠠᠮᠵᠢ  ᠶᠢᠨ ᠵᠠᠷᠤᠳᠡᠯ  ᠤᠨ ᠪᠠᠷᠢᠮᠵᠢᠶ᠎ᠡ ︽ ᠦᠪᠡᠷᠳᠡᠬᠡᠨ ᠵᠠᠰᠠᠬᠤ ᠤᠷᠤᠨ  ᠤ ᠭᠠᠵᠠᠷ ᠳᠠᠳᠠᠪᠤᠷᠢᠯᠠᠬᠰᠠᠨ ᠳᠤᠭᠤᠷᠢᠬ  ᠤᠨ ᠶᠠᠷᠦᠩᠬᠡᠶᠢᠯᠡᠭᠰᠡᠨ ᠭᠠᠵᠠᠷ  ᠤᠨ ᠦᠨ᠎ᠡ  ᠶᠢ ᠨᠡᠶᠢᠳᠡᠯᠡᠬᠦ ᠳᠤᠬᠠᠢ ᠦᠪᠤᠷ ᠮᠤᠩᠭᠤᠯ  ᠤᠨ ᠦᠪᠡᠷᠳᠡᠬᠡᠨ ᠵᠠᠰᠠᠬᠤ ᠤᠷᠤᠨ  ᠤ ᠠᠷᠡᠳ  ᠤᠨ ᠵᠠᠰᠠᠬ  ᠤᠨ ᠤᠷᠳᠤᠨ  ᠤ ᠠᠯᠪᠠᠨ ᠳᠢᠩᠬᠢᠮ  ᠤᠨ ᠮᠡᠳᠡᠭᠳᠡᠯ ︾ ︵ᠦᠪᠤᠷ ᠵᠠᠰᠠᠬ ᠠᠯᠪᠠᠨ ᠳᠠᠷᠬᠠᠭᠠᠬᠰᠠᠨ ﹇2020﹈16 ᠳᠤᠭᠠᠳᠤ ︶   ᠢ ᠦᠨᠳᠦᠰᠦᠯᠡᠵᠤ ᠂ ᠭᠠᠵᠠᠷ ᠰᠢᠷᠤᠢ ᠳᠠᠳᠠᠪᠤᠷᠢᠯᠠᠬᠳᠠᠬᠤ ᠳᠤᠰᠬᠤᠨ ᠬᠤᠷᠰᠢᠶ᠎ᠡ ᠨᠢ ᠵᠡᠬᠦᠨᠭᠠᠷ ᠬᠤᠰᠢᠭᠤᠨ  ᠤ ᠭᠠᠵᠠᠷ ᠰᠢᠷᠤᠢ ᠳᠠᠳᠠᠪᠤᠷᠢᠯᠠᠬᠰᠠᠨ ᠬᠡᠰᠡᠭ ᠭᠠᠵᠠᠷ  ᠤᠨ ᠶᠡᠷᠦᠩᠬᠡᠶᠢᠯᠡᠭᠰᠡᠨ ᠭᠠᠵᠠᠷ  ᠤᠨ ᠦᠨ᠎ᠡ  ᠶᠢᠨ ᠨᠢᠬᠡᠳᠦᠬᠡᠷ ᠳᠦᠷᠦᠯ ᠳᠤ ᠬᠠᠷᠢᠶᠠᠯᠠᠬᠳᠠᠵᠤ ᠂ ᠨᠦᠬᠦᠪᠦᠷᠢ  ᠶᠢᠨ ᠪᠠᠷᠢᠮᠵᠢᠶ᠎ᠡ  ᠶᠢ ᠶᠡᠷᠦᠩᠬᠡᠶᠢᠯᠡᠭᠰᠡᠨ ᠭᠠᠵᠠᠷ  ᠤᠨ ᠦᠨ᠎ᠡ 62160ᠳᠦᠬᠦᠷᠢᠭ/ ᠮᠦ ᠪᠠᠷ ᠨᠢᠬᠡᠳᠦᠯᠳᠡᠢ ᠨᠦᠬᠦᠪᠦᠷᠢᠯᠡᠨ᠎ᠡ ᠃︵ ᠬᠤᠶᠡᠷ ︶ ᠳᠠᠷᠢᠶᠡᠨ ᠴᠢᠬᠢ ᠵᠢᠴᠢ ᠭᠠᠵᠠᠷ ᠳᠡᠬᠡᠷᠡᠬᠢ ᠳᠠᠭᠠᠯᠳᠠ ᠪᠤᠳᠠᠰ  ᠤᠨ ᠨᠦᠬᠦᠪᠦᠷᠢ  ᠶᠢᠨ ᠪᠠᠷᠢᠮᠵᠢᠶ᠎ᠡ ᠃ ︽ᠬᠤᠰᠢᠭᠤᠨ  ᠤ ᠬᠦᠳᠡᠭᠡ ᠳᠤᠰᠬᠤᠨ  ᠤ ᠬᠠᠮᠳᠤ  ᠶᠢᠨ ᠭᠠᠵᠠᠷ ᠰᠢᠷᠤᠢ  ᠶᠢ ᠳᠠᠳᠠᠪᠤᠷᠢᠯᠡᠨ ᠨᠦᠬᠦᠪᠦᠷᠢ ᠦᠭᠴᠤ ᠳᠦᠪᠬᠢᠨᠡᠬᠦᠯᠬᠦ ᠠᠷᠭ᠎ᠠ  ᠶᠢ ᠳᠠᠷᠤᠮᠠᠯᠯᠠᠨ ᠳᠠᠷᠬᠠᠭᠠᠬᠤ ᠳᠤᠬᠠᠢ ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠮᠡᠳᠡᠭᠳᠡᠯ ︾ ︵ᠵᠡᠬᠦᠨᠭᠠᠷ ᠵᠠᠰᠠᠬ ᠳᠠᠷᠬᠠᠭᠠᠬᠰᠠᠨ ﹇2013﹈42 ᠳ᠋ᠤᠭᠠᠷ ᠳᠤᠭᠠᠳᠤ ︶  ᠵᠤᠰᠤᠭᠠᠷ ᠬᠦᠢᠴᠡᠳᠬᠡᠨ᠎ᠡ ᠃︵ ᠭᠤᠷᠪᠡ ︶ ᠬᠡᠷ ᠪᠠᠶᠢᠰᠢᠩ  ᠢ ᠨᠤᠷᠠᠭᠠᠵᠤ ᠨᠡᠬᠦᠯᠬᠡᠬᠦ ᠳᠦᠪᠬᠢᠨᠡᠬᠦᠯᠬᠦ ᠪᠠᠷᠢᠮᠵᠢᠶ᠎ᠡ ᠃ ︽ᠤᠯᠤᠰ  ᠤᠨ ᠦᠮᠴᠢᠯᠡᠯᠳᠤ ᠭᠠᠵᠠᠷ ᠰᠢᠷᠤᠢ ᠳᠡᠬᠡᠷᠡᠬᠢ ᠬᠡᠷ ᠪᠠᠶᠢᠰᠢᠩ  ᠢ ᠳᠠᠳᠠᠪᠤᠷᠢᠯᠡᠬᠤ ᠵᠢᠴᠢ ᠨᠦᠬᠦᠪᠦᠷᠢᠯᠡᠬᠦ ᠳᠦᠷᠢᠮ ︾   ᠤᠨ ᠪᠠᠷᠢᠮᠵᠢᠶ᠎ᠡ  ᠪᠠᠷ ᠯᠠᠪᠯᠠᠯᠳᠠ ᠪᠤᠯᠭᠠᠨ ᠬᠦᠢᠴᠡᠳᠬᠡᠵᠤ ᠂ ᠪᠤᠳᠠᠳᠠᠢ  ᠪᠠᠷ ᠬᠤᠰᠢᠭᠤᠨ  ᠤ ᠪᠠᠶᠢᠭᠠᠯᠢ  ᠶᠢᠨ ᠡᠬᠢ ᠪᠠᠶᠠᠯᠢᠬ  ᠤᠨ ᠳᠤᠪᠴᠢᠶ᠎ᠡ ᠠᠴᠠ ᠵᠤᠬᠢᠶᠠᠨ ᠪᠠᠶᠢᠭᠤᠯᠤᠨ ᠬᠡᠷᠡᠭᠵᠢᠬᠦᠯᠦᠨ᠎ᠡ ᠃︵ ᠳᠦᠷᠪᠡ ︶ ᠭᠠᠵᠠᠷ ᠰᠢᠷᠤᠢ ᠪᠠᠨ ᠳᠠᠳᠠᠪᠤᠷᠢᠯᠠᠭᠳᠠᠬᠰᠠᠨ ᠳᠠᠷᠢᠶᠠᠴᠢᠨ  ᠤ ᠨᠡᠶᠢᠬᠡᠮ  ᠤᠨ ᠳᠠᠭᠠᠳᠬᠠᠯ  ᠤᠨ ᠳᠤᠬᠢᠷᠠᠭᠤᠯᠤᠯᠳᠠ ᠃ ᠭᠠᠵᠠᠷ ᠰᠢᠷᠤᠢ ᠪᠠᠨ ᠳᠠᠳᠠᠪᠤᠷᠢᠯᠠᠬᠳᠠᠬᠰᠠᠨ ᠳᠠᠷᠢᠶᠠᠴᠢᠨ ︽ ᠵᠡᠬᠦᠨᠭᠠᠷ ᠬᠤᠰᠢᠭᠤᠨ  ᠤ ᠭᠠᠵᠠᠷ ᠰᠢᠷᠤᠢ ᠪᠠᠨ ᠳᠠᠳᠠᠪᠤᠷᠢᠯᠠᠬᠳᠠᠬᠰᠠᠨ ᠳᠠᠷᠢᠶᠠᠴᠢᠨ  ᠤ ᠨᠠᠰᠤᠵᠢᠯ  ᠤᠨ ᠳᠠᠭᠠᠳᠬᠠᠯ  ᠤᠨ ᠨᠦᠬᠡᠴᠡ ᠮᠦᠩᠬᠦ  ᠶᠢᠨ ᠬᠠᠮᠢᠶᠡᠷᠤᠯᠳᠡ  ᠶᠢᠨ ᠠᠷᠭ᠎ᠠ ︾ ︵ᠵᠡᠬᠦᠨᠭᠠᠷ ᠵᠠᠰᠠᠬ ᠳᠠᠷᠬᠠᠭᠠᠬᠰᠠᠨ ﹇2012﹈58 ᠳᠤᠭᠠᠳᠤ ︶  ᠵᠤᠰᠤᠭᠠᠷ ᠭᠠᠵᠠᠷ ᠰᠢᠷᠤᠢ ᠪᠠᠨ ᠠᠯᠳᠠᠬᠰᠠᠨ ᠳᠠᠷᠢᠶᠠᠴᠢᠨ  ᠤ ᠨᠠᠰᠤᠵᠢᠯ  ᠤᠨ ᠳᠠᠭᠠᠳᠬᠠᠯ ᠳᠤ ᠤᠷᠤᠯᠴᠠᠵᠤ ᠂ ᠪᠤᠳᠠᠳᠠᠢ  ᠪᠠᠷ ᠰᠠᠭᠤᠭ᠎ᠠ ᠭᠠᠵᠠᠷ  ᠤᠨ ᠵᠡᠬᠡᠯᠢ ᠭᠤᠳᠤᠮᠵᠢ  ᠠᠴᠠ ᠵᠤᠬᠢᠶᠠᠨ ᠪᠠᠶᠢᠭᠤᠯᠤᠨ ᠬᠡᠷᠡᠭᠵᠢᠬᠦᠯᠦᠨ᠎ᠡ ᠃ᠭᠤᠷᠪᠡ ᠂ ᠭᠠᠵᠠᠷ ᠰᠢᠷᠤᠢ  ᠶᠢ ᠳᠠᠳᠠᠪᠤᠷᠢᠯᠡᠭᠰᠠᠨ ᠨᠦᠬᠦᠪᠦᠷᠢ ᠰᠦᠢᠳᠬᠡᠯ ︵ ᠰᠦᠢᠳᠬᠡᠯ ᠳᠤᠰᠠᠯᠠᠮᠵᠢ  ᠶᠢᠨ ᠵᠠᠷᠤᠳᠡᠯ ︶   ᠤᠨ ᠬᠤᠪᠢᠶᠠᠷᠢᠯᠡᠯᠳᠡᠰᠠᠭᠤᠭ᠎ᠠ ᠵᠡᠬᠡᠯᠢ ᠭᠤᠳᠤᠮᠵᠢ ᠠᠴᠠ ︽ ᠳᠤᠰᠬᠤᠨ  ᠤ ᠠᠷᠡᠳ  ᠤᠨ ᠵᠦᠪᠯᠡᠯ  ᠤᠨ ᠵᠤᠬᠢᠶᠠᠨ ᠪᠠᠶᠢᠭᠤᠯᠤᠯᠳᠠ  ᠶᠢᠨ ᠬᠠᠤᠯᠢ ︾   ᠶᠢᠨ ᠬᠤᠯᠪᠤᠬᠳᠠᠯ ᠪᠦᠬᠦᠢ ᠳᠤᠬᠳᠠᠭᠠᠯ ᠶᠤᠰᠤᠭᠠᠷ ᠂ ᠭᠠᠵᠠᠷ ᠰᠢᠷᠤᠢ ᠪᠠᠨ ᠳᠠᠳᠠᠪᠤᠷᠢᠯᠠᠬᠳᠠᠬᠰᠠᠨ ᠳᠤᠰᠬᠤᠨ ᠬᠤᠷᠰᠢᠶ᠎ᠡ  ᠶᠢ ᠵᠢᠯᠤᠭᠤᠳᠤᠨ ᠨᠦᠬᠦᠪᠦᠷᠢ ᠰᠦᠢᠳᠬᠡᠯ  ᠢ ᠬᠤᠪᠢᠶᠠᠷᠢᠯᠡᠠ ᠬᠡᠷᠡᠭᠯᠡᠬᠦ ᠳᠦᠰᠦᠯ ᠳᠤᠬᠳᠠᠭᠠᠵᠤ ᠂ ᠳᠤᠰᠬᠤᠨ  ᠤ ᠠᠷᠡᠳ  ᠤᠨ ᠳᠦᠯᠦᠭᠡᠯᠡᠭᠴᠢᠳ  ᠤᠨ ᠶᠡᠭᠡ ᠬᠤᠷᠡᠯ ᠪᠤᠶᠤ ᠭᠤᠷᠪᠡᠨ  ᠤ ᠬᠤᠶᠡᠷ ᠠᠴᠠ ᠳᠡᠭᠡᠭᠰᠢ ᠳᠤᠰᠬᠤᠨ  ᠤ ᠠᠷᠡᠳ  ᠤᠨ ᠳᠦᠯᠦᠭᠡᠯᠡᠭᠴᠢᠳ  ᠤᠨ ᠶᠡᠭᠡ ᠬᠤᠷᠡᠯ ᠢᠶᠠᠷ ᠶᠠᠷᠢᠯᠴᠠᠭᠤᠯᠤᠨ ᠪᠠᠳᠤᠯᠠᠭᠤᠯᠤᠬᠰᠠᠨ  ᠤ ᠳᠠᠷᠠᠭ᠎ᠠ ᠳᠠᠷᠬᠠᠭᠠᠨ᠎ᠠ ᠃ᠳᠦᠷᠪᠡ ᠂ ᠭᠠᠵᠠᠷ ᠰᠢᠷᠤᠢ ᠳᠠᠳᠠᠪᠤᠷᠢᠯᠠᠬᠤ ᠠᠵᠢᠯ  ᠤᠨ ᠶᠠᠪᠤᠴᠠ︽ ᠵᠡᠬᠦᠨᠭᠠᠷ ᠬᠤᠰᠢᠭᠤᠨ  ᠤ ᠬᠦᠳᠡᠭᠡ ᠳᠤᠰᠬᠤᠨ  ᠤ ᠬᠠᠮᠳᠤ  ᠶᠢᠨ ᠭᠠᠵᠠᠷ ᠰᠢᠷᠤᠢ  ᠶᠢ ᠤᠷᠢᠳᠴᠢᠯᠡᠨ ᠳᠠᠳᠠᠪᠤᠷᠢᠯᠠᠬᠤ ︵ ᠬᠡᠷᠡᠭᠯᠡᠬᠦ ︶ ᠠᠵᠢᠯ  ᠤᠨ ᠶᠠᠪᠤᠴᠠ  ᠶᠢ ᠳᠠᠷᠤᠮᠠᠯᠯᠠᠨ ᠳᠠᠷᠬᠠᠭᠠᠬᠤ ᠳᠤᠬᠠᠢ ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠮᠡᠳᠡᠭᠳᠡᠯ ︾ ︵ᠵᠡᠬᠦᠨᠭᠠᠷ ᠵᠠᠰᠠᠬ ᠳᠠᠷᠬᠠᠭᠠᠬᠤ ﹇2017﹈15 ᠳ᠋ᠤᠭᠠᠷ ᠳᠤᠭᠠᠳᠤ ︶ ᠳᠠᠬᠢ ᠳᠤᠬᠳᠠᠭᠠᠯ ᠶᠤᠰᠤᠭᠠᠷ ᠬᠦᠢᠴᠡᠳᠬᠡᠨ᠎ᠡ ᠃ᠳᠠᠪᠤ ᠂ ᠳᠤᠰ ᠳᠦᠰᠦᠪ  ᠢ ᠳᠠᠷᠤᠮᠠᠯᠯᠠᠨ ᠳᠠᠷᠬᠠᠭᠠᠬᠰᠠᠨ ᠡᠳᠦᠷ ᠠᠴᠠ ᠡᠬᠢᠯᠡᠨ ᠬᠡᠷᠡᠭᠵᠢᠬᠦᠯᠵᠤ ᠂ ᠪᠤᠳᠠᠳᠠᠢ ᠵᠦᠢᠯᠡᠰ  ᠢ ᠬᠤᠰᠢᠭᠤᠨ  ᠤ ᠪᠠᠶᠢᠭᠠᠯᠢ  ᠶᠢᠨ ᠡᠬᠢ ᠪᠠᠶᠠᠯᠢᠬ  ᠤᠨ ᠳᠤᠪᠴᠢᠶ᠎ᠡ ᠠᠴᠠ ᠬᠠᠷᠢᠭᠤᠴᠠᠨ ᠳᠠᠶᠢᠯᠪᠤᠷᠢᠯᠡᠨ᠎ᠡ ᠃
ᠢᠷᠡᠯᠲᠡ᠄ ᠲᠤᠰ ᠰᠦᠯᠵᠢᠶ᠎ᠡ