ᠬᠠᠳᠤᠨ ᠭᠤᠤᠯ  ᠤᠨ ᠳᠠᠩ ᠭᠠᠵᠠᠷ ᠂ ᠸᠠᠨ ᠵᠢᠶᠠ ᠵᠠᠢ ᠵᠢᠴᠢ  ᠯᠦᠩᠺᠸᠤ  ᠴᠦᠬᠦᠷᠤᠮ  ᠤᠨ ᠤᠷᠤᠨ  ᠢ ᠪᠠᠶᠢᠭᠤᠯᠬᠤ  ᠶᠢ ᠵᠤᠬᠰᠤᠭᠠᠬᠤ ᠳᠤᠬᠠᠢ ᠵᠡᠬᠦᠨᠭᠠᠷ ᠬᠤᠰᠢᠭᠤᠨ  ᠤ ᠠᠷᠡᠳ  ᠤᠨ ᠵᠠᠰᠠᠬ  ᠤᠨ ᠤᠷᠳᠤᠨ  ᠤ ᠵᠠᠷᠯᠡᠯ
ᠨᠡᠶᠢᠲᠡᠯᠡᠭᠰᠡᠨ ᠴᠠᠭ᠄
2021/3/30
     ᠰᠢ ᠶᠢᠨ ᠫᠢᠩ ᠵᠡᠷᠦᠩᠬᠡᠢ ᠱᠦᠵᠢ ᠶᠢᠨ ᠬᠠᠳᠤᠨ ᠭᠤᠤᠯ ᠤᠨ ᠭᠤᠯᠳᠤᠷᠢᠯ ᠲᠠᠢ ᠬᠤᠯᠪᠤᠬᠳᠠᠯ ᠪᠦᠬᠦᠢ ᠠᠰᠠᠭᠤᠳᠠᠯ ᠤᠨ ᠳᠤᠬᠠᠢ ᠴᠢᠬᠤᠯᠠ ᠴᠤᠬᠤᠯᠠᠪᠤᠷᠢ  ᠶᠢᠨ ᠵᠤᠷᠢᠬ ᠰᠠᠨᠠᠭ᠎ᠠ ᠶᠢ ᠬᠢᠨᠠᠮᠠᠭᠠᠢ ᠳᠤᠭᠤᠰᠢᠯᠠᠭᠤᠯᠵᠤ᠂ ᠤᠳᠤᠬᠠᠨ ᠤ ᠬᠠᠳᠤᠨ ᠭᠤᠤᠯ ᠤᠨ ᠵᠡᠬᠦᠨᠭᠠᠷ ᠬᠤᠰᠢᠭᠤᠨ ᠤ ᠬᠡᠰᠡᠭ ᠲᠠᠬᠢ ᠭᠤᠯᠳᠤᠷᠢᠯ ᠤᠨ ᠬᠤᠯᠪᠤᠬᠳᠠᠯ ᠪᠦᠬᠦᠢ ᠠᠰᠠᠭᠤᠳᠠᠯ  ᠢ ᠵᠠᠰᠠᠨ ᠴᠡᠭᠴᠡᠯᠡᠬᠦ ᠠᠵᠢᠯ  ᠢ ᠪᠦᠬᠦ ᠬᠦᠴᠦᠨ ᠢᠶᠠᠷ ᠰᠠᠶᠢᠳᠤᠷ ᠬᠢᠵᠤ ᠂ ᠬᠠᠳᠤᠨ ᠭᠤᠤᠯ ᠳᠠᠭᠠᠤ ᠭᠠᠵᠠᠷ ᠤᠷᠤᠨ  ᠤ ᠠᠷᠡᠳ ᠳᠦᠮᠡᠨ  ᠤ ᠠᠮᠢ ᠨᠠᠰᠤ ᠡᠳ᠋ ᠬᠦᠷᠦᠩᠬᠡ  ᠶᠢᠨ ᠠᠮᠤᠷ ᠳᠦᠪᠰᠢᠨ  ᠢ ᠦᠨᠡᠨ ᠬᠦ ᠪᠠᠳᠤᠯᠠᠵᠤ ᠂ ᠬᠠᠳᠤᠨ ᠭᠤᠤᠯ  ᠤᠨ ᠰᠠᠪᠠ ᠭᠠᠵᠠᠷ  ᠤᠨ ᠵᠡᠬᠦᠨᠭᠠᠷ ᠬᠤᠰᠢᠭᠤᠨ  ᠤ ᠬᠡᠰᠡᠭ ᠲᠠᠬᠢ ᠠᠮᠢ ᠠᠬᠤᠢ  ᠶᠢᠨ ᠬᠠᠮᠠᠭᠠᠯᠠᠯᠳᠠ ᠪᠠ ᠴᠢᠨᠡᠷ ᠰᠠᠶᠢᠳᠠᠢ ᠬᠦᠭᠵᠢᠯᠳᠡ  ᠶᠢ ᠪᠦᠬᠦ ᠳᠠᠯ᠎ᠠ ᠪᠠᠷ ᠠᠬᠢᠭᠤᠯᠬᠤ  ᠶᠢᠨ ᠳᠤᠰᠠᠳᠠ ᠂ ︽ᠪᠦᠬᠦᠳᠡ ᠨᠠᠶᠢᠷᠠᠮᠳᠠᠬᠤ ᠳᠤᠮᠳᠠᠳᠤ ᠠᠷᠡᠳ ᠤᠯᠤᠰ  ᠤᠨ ᠤᠰᠤᠨ  ᠤ ᠬᠠᠤᠯᠢ ︾᠂ ︽ ᠪᠦᠬᠦᠳᠡ ᠨᠠᠶᠢᠷᠠᠮᠳᠠᠬᠤ ᠳᠤᠮᠳᠠᠳᠤ ᠠᠷᠡᠳ ᠤᠯᠤᠰ  ᠤᠨ ᠦᠶᠡᠷ  ᠢ ᠰᠡᠷᠬᠡᠶᠢᠯᠡᠬᠦ ᠬᠠᠤᠯᠢ ︾᠂ ︽ ᠪᠦᠬᠦᠳᠡ ᠨᠠᠶᠢᠷᠠᠮᠳᠠᠬᠤ ᠳᠤᠮᠳᠠᠳᠤ ᠠᠷᠡᠳ ᠤᠯᠤᠰ  ᠤᠨ ᠭᠤᠤᠯ  ᠤᠨ ᠭᠤᠯᠳᠤᠷᠢᠯ  ᠤᠨ ᠬᠠᠮᠢᠶᠠᠷᠤᠯᠳᠡ  ᠶᠢᠨ ᠬᠠᠤᠯᠢ ︾ ᠵᠡᠷᠬᠡ ᠬᠤᠯᠪᠤᠬᠳᠠᠯ ᠪᠦᠬᠦᠢ ᠬᠠᠤᠯᠢ ᠴᠠᠭᠠᠵᠠ ᠳᠦᠷᠢᠮ ᠳᠤᠬᠳᠠᠭᠠᠯ  ᠢ ᠦᠨᠳᠦᠰᠦᠯᠡᠵᠤ ᠂ ᠪᠦᠬᠦ ᠬᠤᠰᠢᠭᠤᠨ  ᠤ ᠬᠠᠳᠤᠨ ᠭᠤᠤᠯ  ᠤᠨ ᠳᠠᠩ ᠭᠠᠵᠠᠷ ᠂ ᠸᠠᠨ ᠵᠢᠶᠠ ᠵᠠᠢ ᠪᠤᠯᠤᠨ  ᠯᠦᠩᠺᠸᠤ  ᠴᠠᠬᠢᠯᠭᠠᠨ ᠭᠠᠷᠭᠠᠬᠤ ᠦᠷᠳᠡᠬᠡᠨ  ᠤ ᠴᠦᠬᠦᠷᠦᠮ  ᠤᠨ ᠤᠷᠤᠨ  ᠤ ᠬᠠᠪᠴᠢᠯ  ᠤᠨ ᠡᠷᠬᠢ ᠳᠠᠭᠠᠤ ᠭᠠᠵᠠᠷ  ᠤᠨ ᠠᠰᠠᠭᠤᠳᠠᠯ  ᠤᠨ ᠬᠤᠯᠪᠤᠬᠳᠠᠯ ᠪᠦᠬᠦᠢ ᠤᠴᠢᠷ ᠶᠠᠪᠤᠳᠠᠯ  ᠤᠨ ᠳᠤᠬᠠᠢ ᠵᠡᠷᠯᠡᠯ ᠳᠤᠤᠷᠡᠬᠢ ᠮᠡᠳᠦ ᠄       ᠨᠢᠬᠡ ᠂ ᠭᠤᠤᠯ  ᠤᠨ ᠭᠤᠯᠳᠤᠷᠢᠯ ᠪᠤᠯ ᠤᠯᠤᠰ  ᠤᠨ ᠦᠮᠴᠢᠯᠡᠯ ᠳᠤ ᠬᠠᠷᠢᠶᠠᠯᠠᠬᠳᠠᠨ᠎ᠠ ᠂ ᠠᠯᠢᠪᠠ ᠪᠠᠶᠢᠭᠤᠯᠭ᠎ᠠ ᠨᠢᠬᠡᠴᠢ ᠪᠠ ᠬᠤᠪᠢ ᠬᠦᠮᠦᠨ ᠡᠵᠡᠯᠡᠵᠤ ᠪᠤᠯᠬᠤ ᠦᠬᠡᠢ ᠃       ᠬᠤᠶᠡᠷ ᠂ ᠬᠠᠳᠤᠨ ᠭᠤᠤᠯ  ᠤᠨ ᠭᠤᠯᠳᠤᠷᠢᠯ  ᠤᠨ ᠬᠠᠮᠢᠶᠠᠷᠤᠯᠳᠡ  ᠶᠢᠨ ᠬᠦᠷᠢᠶ᠎ᠡ ᠬᠡᠪᠴᠢᠶ᠎ᠡ ᠳᠤ ᠄ ᠳᠠᠯᠠᠩ  ᠤᠨ ᠬᠡᠰᠡᠭ ᠂ ᠬᠠᠮᠢᠶᠠᠷᠤᠯᠳᠡ  ᠶᠢᠨ ᠬᠦᠷᠢᠶ᠎ᠡ ᠭᠡᠪᠴᠢᠶ᠎ᠡ  ᠶᠢ ᠬᠤᠶᠠᠷ ᠡᠷᠬᠢ  ᠶᠢᠨ ᠳᠠᠯᠠᠩ  ᠤᠨ ᠤᠰᠤᠨ  ᠤ ᠴᠠᠷᠠᠭ᠎ᠠ ᠂ ᠡᠯᠡᠰᠦᠨ ᠠᠷᠡᠯ ᠂ ᠰᠠᠶᠢᠷᠭᠠᠯ ᠂ ᠦᠶᠠᠷ ᠵᠠᠯᠠᠬᠤ ᠭᠠᠵᠠᠷ ᠪᠠᠶᠢᠵᠤ ᠂ ᠳᠠᠯᠠᠩ  ᠤᠨ ᠬᠡᠰᠡᠭ  ᠤᠨ ᠠᠷᠤ ᠳᠠᠯ᠎ᠠ  ᠶᠢᠨ ᠳᠠᠯᠠᠩ  ᠤᠨ ᠦᠨᠴᠦᠭ ᠠᠴᠠ50—100 ᠮᠧᠲᠷ ᠪᠠᠭᠳᠠᠨ᠎ᠠ ᠃ ᠲᠠᠯᠡᠩ ᠪᠠᠶᠢᠬᠤ ᠦᠬᠡᠢ ᠬᠡᠰᠡᠭ  ᠤᠨ ᠬᠠᠮᠢᠶᠠᠷᠤᠯᠳᠡ  ᠶᠢᠨ ᠬᠦᠷᠢᠶ᠎ᠡ ᠬᠡᠪᠴᠢᠶ᠎ᠡ  ᠶᠢ ᠳᠡᠦᠬᠡᠨ ᠳᠠᠬᠢ ᠬᠠᠮᠤᠬ  ᠤᠨ ᠦᠨᠳᠦᠷ ᠦᠶᠡᠷ  ᠤᠨ ᠳᠦᠪᠰᠢᠨ ᠪᠤᠶᠤ ᠳᠦᠯᠦᠪᠯᠡᠭᠰᠡᠨ ᠦᠶᠡᠷ  ᠤᠨ ᠳᠦᠪᠰᠢᠨ  ᠢ ᠦᠨᠳᠦᠰᠦᠯᠡᠨ᠎ᠡ ᠃      ᠭᠤᠷᠪᠡ ᠂ ᠸᠠᠨ ᠵᠢᠶᠠ ᠵᠠᠢ ᠂  ᠯᠦᠩᠺᠸᠤ  ᠴᠦᠬᠦᠷᠤᠮ  ᠤᠨ ᠤᠷᠤᠨ  ᠢ ᠦᠪᠤᠷ ᠮᠤᠩᠭᠤᠯ  ᠤᠨ ᠦᠪᠡᠷᠳᠡᠬᠡᠨ ᠵᠠᠰᠠᠬᠤ ᠤᠷᠤᠨ  ᠤ ᠢᠯᠭᠠᠨ ᠳᠤᠬᠳᠠᠭᠠᠬᠰᠠᠨ ᠬᠠᠳᠤᠨ ᠭᠤᠤᠯ  ᠤᠨ ᠤᠰᠤᠨ  ᠤ ᠡᠷᠬᠢ  ᠶᠢᠨ ᠱᠤᠭᠤᠮ  ᠤᠨ ᠬᠠᠮᠢᠶᠠᠷᠤᠨ ᠡᠵᠡᠮᠳᠡᠬᠦ ᠵᠠᠭᠠᠬ ᠶᠤᠰᠤᠭᠠᠷ ᠬᠡᠷᠡᠭᠵᠢᠬᠦᠯᠦᠨ᠎ᠡ ᠃       ᠳᠦᠷᠪᠡ ᠂ ᠳᠤᠰ ᠵᠠᠷᠯᠡᠯ  ᠢ ᠨᠡᠶᠢᠳᠡᠯᠡᠭᠰᠡᠨ ᠡᠳᠦᠷ ᠠᠴᠠ ᠡᠬᠢᠯᠡᠵᠤ ᠂ ᠠᠯᠢᠪᠠ ᠪᠠᠶᠢᠭᠤᠯᠭ᠎ᠠ ᠨᠢᠬᠡᠴᠢ ᠪᠠ ᠬᠤᠪᠢ ᠬᠦᠮᠦᠨ ᠬᠠᠳᠤᠨ ᠭᠤᠤᠯ  ᠤᠨ ᠭᠤᠤᠯ ᠤᠷᠤᠰᠬᠠᠯ  ᠤᠨ ᠳᠠᠩ ᠭᠠᠵᠠᠷ ᠪᠤᠶᠤ ᠸᠠᠨ ᠵᠢᠶᠠ ᠵᠠᠢ ᠂  ᠯᠦᠩᠺᠸᠤ ᠴᠠᠬᠢᠯᠭᠠᠨ ᠭᠠᠷᠭᠠᠬᠤ ᠦᠷᠳᠡᠬᠡᠨ  ᠤ ᠴᠦᠬᠦᠷᠤᠮ  ᠤᠨ ᠤᠷᠤᠨ  ᠤ ᠬᠠᠪᠴᠢᠯ  ᠤᠨ ᠬᠡᠰᠡᠭ ᠳᠠᠭᠠᠤ ᠰᠢᠨ᠎ᠡ ᠪᠠᠷ ᠳᠠᠷᠢᠶᠡᠨ ᠭᠠᠵᠠᠷ ᠨᠡᠬᠡᠬᠡᠬᠦ ᠂ ᠬᠡᠷ ᠪᠠᠶᠢᠰᠢᠩ ᠪᠠᠷᠢᠬᠤ ᠂ ᠬᠦᠷᠢᠶ᠎ᠡ ᠬᠠᠰᠢᠶ᠎ᠡ ᠭᠠᠷᠭᠠᠵᠤ ᠳᠡᠵᠢᠬᠡᠪᠦᠷᠢ ᠳᠡᠵᠢᠬᠡᠬᠦ ᠂ ᠵᠢᠭᠠᠰᠤᠨ ᠴᠦᠬᠦᠷᠦᠮ ᠮᠠᠯᠳᠠᠬᠤ ᠂ ᠴᠢᠯᠠᠭᠤ ᠭᠠᠷᠭᠠᠬᠤ ᠪᠠ ᠪᠤᠰᠤᠳ ᠳᠤᠨᠤᠭ ᠳᠦᠬᠦᠬᠡᠷᠦᠮᠵᠢ ᠪᠠᠶᠢᠭᠤᠯᠬᠤ  ᠶᠢ ᠴᠠᠭᠠᠵᠠᠯᠠᠨ᠎ᠠ ︔ ᠬᠤᠬ ᠨᠤᠪᠰᠢ ᠳᠤᠷ᠎ᠡ ᠪᠠᠷ ᠬᠠᠶᠠᠬᠤ ᠂ ᠳᠤᠷ᠎ᠡ ᠪᠠᠷ ᠤᠪᠤᠭᠠᠯᠠᠬᠤ ᠂ ᠦᠶᠡᠷ ᠤᠷᠤᠰᠬᠠᠬᠤ  ᠶᠢ ᠬᠠᠷᠰᠢᠯᠠᠬᠤ ᠪᠤᠳᠠᠰ  ᠢ ᠴᠢᠳᠬᠤᠬᠤ ᠂ ᠪᠤᠯᠠᠬᠤ ᠂ ᠬᠠᠳᠠᠭᠠᠯᠠᠬᠤ ᠂ ᠬᠠᠶᠠᠬᠤ  ᠶᠢ ᠴᠠᠭᠠᠵᠠᠯᠠᠨ᠎ᠠ ︔ ᠬᠠᠳᠤᠨ ᠭᠤᠤᠯ  ᠤᠨ ᠭᠤᠤᠯ ᠤᠷᠤᠰᠬᠠᠯ  ᠤᠨ ᠳᠠᠩ ᠭᠠᠵᠠᠷ ᠪᠠ ᠡᠷᠬᠢ ᠳᠠᠭᠠᠤ ᠨᠢᠬᠡᠨᠳᠡ ᠬᠢᠨᠠᠨ ᠴᠤᠬᠤᠯᠠᠪᠤᠷᠢᠯᠠᠬᠰᠠᠨ ᠪᠦᠳᠦᠬᠡᠨ ᠪᠠᠶᠢᠭᠤᠯᠵᠤ ᠪᠠᠶᠢᠭ᠎ᠠ ᠳᠦᠷᠦᠯ ᠵᠦᠢᠯ ᠂ ᠨᠢᠬᠡᠨᠳᠡ ᠪᠠᠶᠢᠭᠤᠯᠵᠤ ᠳᠠᠭᠤᠰᠤᠬᠰᠠᠨ ᠬᠤᠯᠪᠤᠬᠳᠠᠯ ᠪᠦᠬᠦᠢ ᠭᠠᠷ ᠬᠦᠢᠴᠡᠳᠬᠡᠯ ᠳᠡᠬᠦᠯᠳᠡᠷ ᠪᠤᠰᠤ ᠳᠦᠷᠦᠯ ᠵᠦᠢᠯ ᠪᠠ ᠪᠠᠶᠢᠭᠤᠯᠤᠭᠠᠳᠤᠢ ᠳᠦᠷᠦᠯ ᠵᠦᠢᠯ  ᠢ ᠴᠦᠮ ᠳᠦᠷ ᠵᠤᠬᠰᠤᠭᠠᠨ᠎ᠠ ᠃ ᠦᠨᠡᠨ ᠬᠦ ᠪᠠᠶᠢᠭᠤᠯᠬᠤ ᠴᠢᠬᠤᠯᠠ ᠲᠠᠢ ᠳᠦᠷᠦᠯ ᠵᠦᠢᠯ  ᠢ ᠳᠠᠬᠢᠨ ᠬᠠᠷᠭᠤᠭᠤᠯᠤᠬᠰᠠᠨ  ᠤ ᠳᠠᠷᠠᠭ᠎ᠠ ᠳᠦᠷᠦᠯ ᠵᠦᠢᠯ  ᠤᠨ ᠪᠦᠳᠦᠬᠡᠨ ᠪᠠᠶᠢᠭᠤᠯᠤᠯᠳᠠ  ᠶᠢ ᠵᠤᠬᠢᠶᠠᠨ ᠪᠠᠶᠢᠭᠤᠯᠤᠨ᠎ᠠ ᠃      ᠳᠠᠪᠤ ᠂ ᠳᠡᠬᠡᠷᠡᠬᠢ ᠠᠰᠠᠭᠤᠳᠠᠯ ᠲᠠᠢ ᠬᠤᠯᠪᠤᠬᠳᠠᠬᠰᠠᠨ ᠪᠠᠶᠢᠭᠤᠯᠭ᠎ᠠ ᠨᠢᠬᠡᠴᠢ ᠪᠠ ᠬᠤᠪᠢ ᠬᠦᠮᠦᠨ ᠭᠤᠯᠳᠤᠷᠢᠯ  ᠤᠨ ᠤᠰᠤᠨ  ᠤ ᠡᠷᠬᠢ  ᠶᠢ ᠡᠵᠡᠯᠡᠬᠦ ᠵᠢᠴᠢ ᠬᠠᠷᠰᠢ ᠰᠠᠭᠠᠳ ᠭᠠᠷᠭᠠᠬᠤ ᠵᠡᠷᠬᠡ ᠠᠵᠢᠯᠯᠠᠭ᠎ᠠ ᠪᠠᠨ ᠳᠠᠷᠤᠢ ᠳᠦᠷᠬᠡᠨ ᠵᠤᠬᠰᠤᠭᠠᠬᠤ   ᠶᠢᠨ ᠬᠠᠮᠳᠤ ︽ ᠬᠡᠨ ᠬᠠᠷᠰᠢ ᠰᠠᠭᠠᠳ ᠭᠠᠷᠭᠠᠪᠠᠯ ᠬᠡᠨ ᠠᠷᠢᠯᠭᠠᠬᠤ ︾ ᠵᠠᠷᠴᠢᠮ ᠶᠤᠰᠤᠭᠠᠷ 2021ᠤᠨ  ᠤ 6 ᠰᠠᠷ᠎ᠡ  ᠶᠢᠨ 15  ᠤ ᠡᠳᠦᠷ ᠠᠴᠠ ᠡᠮᠦᠨ᠎ᠡ ᠭᠤᠯᠳᠤᠷᠢᠯ ᠳᠤᠳᠤᠷᠡᠬᠢ ᠦᠶᠡᠷ  ᠢ ᠰᠡᠷᠬᠡᠶᠢᠯᠡᠬᠦ ᠠᠮᠤᠷ ᠳᠦᠪᠰᠢᠨ  ᠢ ᠨᠦᠯᠦᠬᠡᠯᠡᠬᠦ ᠬᠦᠪᠦᠮᠡᠯ ᠬᠦᠬᠦᠷᠬᠡ ᠪᠠ ᠪᠠᠷᠢᠮᠵᠢᠶ᠎ᠡ ᠠᠴᠠ ᠬᠡᠳᠦᠷᠡᠬᠦᠯᠵᠤ ᠪᠦᠳᠦᠬᠡᠨ ᠪᠠᠶᠢᠭᠤᠯᠤᠬᠰᠠᠨ ᠬᠦᠬᠦᠷᠬᠡ  ᠶᠢᠨ ᠦᠵᠦᠬᠦᠷ ᠂ ᠬᠠᠮᠢᠶᠠᠷᠤᠯᠳᠡ  ᠶᠢᠨ ᠳᠤᠨᠤᠬ ᠳᠦᠬᠦᠬᠡᠷᠦᠮᠵᠢ ᠵᠢᠴᠢ ᠭᠤᠤᠯ ᠲᠠᠢ ᠬᠤᠯᠪᠤᠬᠳᠠᠬᠰᠠᠨ ᠪᠠᠷᠢᠯᠭ᠎ᠠ  ᠶᠢᠨ ᠳᠦᠷᠦᠯ ᠵᠦᠢᠯ  ᠤᠨ ᠭᠤᠯᠳᠤᠷᠢᠯ ᠳᠤᠳᠤᠷᠡᠬᠢ ᠳᠦᠷ ᠴᠠᠬ  ᠤᠨ ᠳᠤᠨᠤᠬ ᠳᠦᠬᠦᠬᠡᠷᠦᠮᠵᠢ ᠂ ᠪᠠᠷᠢᠯᠭ᠎ᠠ  ᠶᠢᠨ ᠬᠠᠶᠠᠬᠳᠠᠮᠠᠯ ᠡᠳ᠋ ᠵᠡᠷᠬᠡ ᠬᠠᠷᠰᠢ ᠰᠠᠭᠠᠳ  ᠢ ᠦᠪᠡᠷ ᠢᠶᠠᠨ ᠠᠷᠢᠯᠭᠠᠵᠤ ᠂ ᠦᠶᠡᠷ  ᠤᠨ ᠤᠷᠤᠰᠬᠠᠯ ᠰᠠᠭᠠᠳ ᠦᠬᠡᠢ ᠨᠡᠪᠳᠡᠷᠡᠬᠦ  ᠶᠢ ᠪᠠᠳᠤᠯᠠᠬᠤ ᠬᠡᠷᠡᠭᠳᠡᠢ ᠃ ᠬᠠᠮᠢᠶᠠᠷᠤᠯᠳᠡ  ᠶᠢ ᠳᠠᠭᠠᠬᠤ ᠦᠬᠡᠢ ᠂ ᠵᠠᠯᠠᠷᠠᠭᠤᠯᠬᠤ  ᠶᠢ ᠳᠡᠪᠴᠢᠬᠦ ᠂ ᠬᠠᠤᠯᠢ ᠬᠡᠷᠡᠭᠵᠢᠬᠦᠯᠦᠯᠳᠡ  ᠶᠢ ᠬᠠᠷᠰᠢᠯᠠᠪᠠᠯ ᠬᠠᠤᠯᠢ ᠴᠠᠭᠠᠵᠠ ᠳᠦᠷᠢᠮ ᠳᠤᠬᠳᠠᠭᠠᠯ ᠶᠤᠰᠤᠭᠠᠷ ᠴᠢᠩᠭ᠎ᠠ ᠪᠦᠬᠡᠳ ᠬᠦᠨᠳᠦ ᠪᠠᠷ ᠰᠢᠳᠬᠡᠨ᠎ᠡ ︔ ᠶᠠᠯ᠎ᠠ ᠬᠢᠭᠰᠡᠨ ᠪᠤᠯ ᠬᠠᠤᠯᠢ ᠶᠤᠰᠤᠭᠠᠷ ᠡᠷᠡᠬᠦᠦ  ᠶᠢᠨ ᠬᠡᠷᠡᠭ  ᠤᠨ ᠬᠠᠷᠢᠭᠤᠴᠠᠯᠭ᠎ᠠ ᠨᠡᠬᠡᠮᠵᠢᠯᠡᠨ᠎ᠡ ᠃     ᠵᠢᠷᠭᠤᠭ᠎ᠠ ᠂ ᠨᠡᠶᠢᠬᠡᠮ  ᠤᠨ ᠡᠯ᠎ᠡ ᠡᠳᠡᠬᠡᠳ ᠠᠴᠠ ᠳᠡᠬᠡᠷᠡᠬᠢ ᠬᠠᠤᠯᠢ ᠳᠤᠬᠳᠠᠭᠠᠯ  ᠢ ᠵᠦᠷᠢᠴᠡᠭᠰᠡᠨ ᠠᠵᠢᠯᠯᠠᠭ᠎ᠠ  ᠶᠢ ᠢᠯᠡᠴᠢᠯᠡᠨ ᠮᠡᠳᠡᠬᠦᠯᠬᠦ  ᠶᠢ ᠵᠤᠷᠢᠬᠵᠢᠭᠤᠯᠤᠨ᠎ᠡ ᠃ ᠬᠦᠯᠢᠶᠡᠨ ᠠᠪᠴᠤ ᠰᠢᠢᠳᠪᠦᠷᠢᠯᠡᠬᠦ ᠪᠠᠶᠢᠭᠤᠯᠭ᠎ᠠ ᠨᠢᠬᠡᠴᠢ ᠢᠯᠡᠴᠢᠯᠡᠨ ᠮᠡᠳᠡᠬᠦᠯᠦᠯᠳᠡ  ᠶᠢ ᠬᠦᠯᠢᠶᠡᠨ ᠠᠪᠤᠬᠰᠠᠨ  ᠤ ᠳᠠᠷᠠᠭ᠎ᠠ ᠳᠠᠷᠤᠢ ᠳᠦᠷᠬᠡᠨ ᠪᠠᠶᠢᠴᠠᠭᠠᠨ ᠰᠢᠢᠳᠪᠦᠷᠢᠯᠡᠬᠦ  ᠶᠢᠨ ᠬᠠᠮᠳᠤ ᠢᠯᠡᠴᠢᠯᠡᠨ ᠮᠡᠳᠡᠬᠦᠯᠦᠭᠴᠢ  ᠶᠢᠨ ᠨᠢᠭᠤᠴᠠ  ᠶᠢ ᠬᠠᠮᠠᠭᠠᠯᠠᠨ᠎ᠠ ᠃         ᠢᠯᠡᠴᠢᠯᠡᠨ ᠮᠡᠳᠡᠬᠦᠯᠬᠦ ᠤᠳᠠᠰᠤ ᠄ 0477—4853041 ᠤᠨᠴᠠᠭᠠᠢᠢᠯᠠᠨ ᠮᠡᠳᠡᠭᠳᠡᠪᠡ                         ᠵᠡᠬᠦᠨᠭᠠᠷ ᠬᠤᠰᠢᠭᠤᠨ ᠤ ᠠᠷᠡᠳ ᠤᠨ ᠵᠠᠰᠠᠬ ᠤᠨ ᠤᠷᠳᠤᠨ                            2021ᠤᠨ ᠤ 3 ᠰᠠᠷ᠎ᠡ ᠶᠢᠨ 23  ᠤ ᠡᠳᠦᠷ
ᠢᠷᠡᠯᠲᠡ᠄ ᠲᠤᠰ ᠰᠦᠯᠵᠢᠶ᠎ᠡ