| ᠬᠦᠳᠡᠭᠡ ᠳᠤᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠳᠡᠭᠡ ᠳᠤᠰᠬᠤᠨ ᠤ ᠺᠠᠳ᠋ᠷ ᠪᠣᠯ ᠵᠠᠩᠭᠢᠯᠠᠭ᠎ᠠ ᠪᠣᠯᠤᠨ᠎ᠠ᠃ ᠣᠢᠢᠷ᠎ᠠ ᠶᠢᠨ ᠵᠢᠯ ᠠᠴᠠ | ᠨᠠᠭᠠᠰᠢ ᠂ ᠬᠥᠳᠡᠭᠡ ᠲᠣᠰᠬᠤᠨ ᠤ ᠦᠨᠳᠦᠰᠦᠨ ᠱᠠᠲᠤᠨ ᠤ ᠺᠠᠳ᠋ᠷᠴᠤᠳ ᠤᠨ ᠴᠠᠯᠢᠩ ᠂ ᠢᠯᠠᠩᠭᠤᠶ᠎ᠠ ᠠᠵᠢᠯ ᠠᠴᠠ ᠪᠠᠨ ᠠᠮᠠᠷᠠᠭᠰᠠᠳ ᠤᠨ | ᠬᠦᠯᠤᠰᠤ ᠤᠯᠭᠤᠮᠵᠢ ᠬᠡᠳᠦ ᠳᠣᠣᠷ᠎ᠠ ᠪᠠᠶᠢᠭ᠎ᠠ ᠠᠰᠠᠭᠤᠳᠠᠯ ᠨᠢ ᠨᠡᠶᠢᠭᠡᠮ ᠤᠨ ᠠᠩᠬᠠᠷᠤᠯ ᠢ ᠳᠠᠳᠠᠵᠤ ᠪᠠᠶᠢᠨ᠎ᠠ᠃ ᠡᠨᠡ ᠵᠢᠯ ᠤᠨ ᠬᠤᠶᠠᠷ ᠬᠤᠷᠠᠯ ᠳᠡᠭᠡᠷ᠎ᠡ᠂ ᠠᠷᠠᠳ | ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠦᠭᠡᠯᠡᠭᠴᠢ ᠭᠦᠸᠧ ᠯᠢᠶᠠᠨ ᠴᠧᠩ ᠄ ᠠᠵᠢᠯ ᠠᠴᠠ ᠪᠠᠨ ᠰᠠᠯᠵᠤ ᠠᠮᠠᠷᠠᠭᠰᠠᠨ ᠬᠦᠳᠡᠭᠡ ᠳᠤᠰᠬᠤᠨ ᠤ | ᠺᠠᠳ᠋ᠷᠴᠤᠳ ᠤᠨ ᠬᠦᠯᠤᠰᠤ ᠤᠯᠭᠤᠮᠵᠢ ᠶᠢ ᠵᠦᠢ ᠵᠣᠬᠢᠰᠲᠠᠶ ᠪᠠᠷ ᠳᠡᠭᠡᠭᠰᠢᠯᠡᠭᠦᠯᠪᠡᠯ ᠵᠤᠬᠢᠨ᠎ᠠ ᠭᠡᠵᠡᠢ᠃ | 《ᠠᠵᠢᠯ ᠠᠴᠠ ᠪᠠᠨ ᠰᠠᠯᠵᠤ ᠠᠮᠠᠷᠠᠭᠰᠠᠨ ᠬᠦᠳᠡᠭᠡ ᠳᠤᠰᠬᠤᠨ ᠤ ᠺᠠᠳ᠋ᠷᠴᠤᠳ ᠨᠠᠮ ᠪᠠ ᠵᠠᠰᠠᠭ ᠤᠨ ᠣᠷᠳᠣᠨ ᠤ ᠡᠯ᠎ᠡ ᠳᠦᠷᠤᠯ ᠤᠨ ᠭᠤᠣᠯ ᠠᠵᠢᠯ ᠤᠨ | ᠪᠠᠶᠢᠷᠢᠯᠠᠭᠤᠯᠤᠯᠳᠠ ᠶᠢ ᠬᠥᠳᠡᠭᠡ ᠲᠣᠰᠬᠤᠨ ᠳᠤ ᠳᠤᠭᠤᠰᠢᠯᠠᠭᠤᠯᠤᠨ ᠨᠠᠶᠢᠳᠠᠪᠤᠷᠢᠵᠢᠭᠤᠯᠬᠤ ᠳᠤ ᠮᠠᠰᠢ ᠶᠡᠭᠡ ᠬᠤᠪᠢ ᠨᠡᠮᠡᠷᠢ ᠦᠵᠡᠭᠦᠯᠵᠡᠶ᠃ ᠳᠤᠰᠬᠤᠨ ᠤ | ᠱᠠᠲᠤᠨ ᠤ ᠵᠠᠰᠠᠭ ᠤᠨ ᠪᠠᠶᠢᠭᠤᠯᠤᠯᠲᠠ ᠶᠢᠨ ᠲᠡᠦᠬᠡ ᠶᠢᠨ ᠠᠯᠭᠠᠰᠠᠯ ᠨᠢ ᠶᠡᠭᠡ ᠂ ᠴᠠᠭ ᠨᠢ ᠤᠷᠲᠤ ᠪᠠᠶᠢᠵᠤ ᠂ ᠡᠭᠦᠨ ᠤ ᠳᠡᠭᠡᠷ᠎ᠡ ᠬᠥᠮᠦᠨ | ᠠᠮᠠ ᠶᠢᠨ ︿ ᠨᠠᠰᠤᠵᠢᠯᠲᠠ ﹀ ᠠᠴᠠ ᠪᠣᠯᠵᠤ ᠂ ᠣᠳᠣᠬᠠᠨ ᠳᠤ ᠡᠨᠡ ᠪᠦᠯᠦᠭ ᠠᠵᠢᠯ ᠠᠴᠠ ᠪᠠᠨ ᠠᠮᠠᠷᠠᠬᠰᠠᠨ ᠳᠤᠰᠬᠤᠨ ᠤ ᠺᠠᠳ᠋ᠷᠴᠤᠳ ᠤᠨ ᠨᠠᠰᠤ | ᠨᠢ ᠨᠡᠶᠢᠳᠡᠮ ᠳᠡᠭᠡᠨ ᠦᠨᠳᠤᠷ ᠪᠤᠯᠵᠤ ᠂ ᠡᠪᠡᠳᠴᠢᠨ ᠡᠮᠭᠡᠭ ᠲᠠᠢ ᠨᠢ ᠣᠯᠠᠨ ᠂ ᠬᠠᠷᠠᠭᠠᠯᠵᠠᠯ ᠨᠥᠬᠦᠪᠥᠷᠢ ᠨᠢ ᠴᠥᠭᠡᠨ ᠪᠠᠶᠢᠵᠤ᠂ ᠬᠥᠳᠡᠭᠡ ᠲᠣᠰᠬᠤᠨ ᠤ | ᠰᠢᠨ᠎ᠡ ᠪᠠᠭᠤᠷᠠᠶᠢᠴᠤᠤᠯ ᠪᠣᠯᠵᠤ ᠪᠠᠶᠢᠨ᠎ᠠ 》 ᠭᠡᠵᠦ ᠭᠦᠸᠧ ᠯᠢᠶᠠᠨ ᠴᠧᠩ ᠰᠤᠷᠪᠤᠯᠵᠢᠯᠠᠭ᠎ᠠ ᠠᠪᠬᠤ ᠳᠤ ᠳᠤᠰᠬᠠᠨ᠎ᠠ ᠃ | ᠡᠨᠡ ᠵᠢᠯ 63 ᠨᠠᠰᠤᠳᠠᠢ ᠭᠦᠸᠧ ᠯᠢᠶᠠᠨ ᠴᠧᠩ ᠪᠣᠯ ᠨᠠᠷᠠᠰᠤᠨ ᠪᠠᠯᠭᠠᠰᠤᠨ ᠤ ᠰᠦᠩ ᠱᠤ᠋ ᠶᠠᠨ ᠲᠣᠰᠬᠤᠨ ᠤ ᠨᠠᠰᠤᠨ ᠤ ᠠᠮᠠᠷᠠᠯᠲᠠ ᠪᠠᠨ | ᠠᠪᠤᠭᠰᠠᠨ ᠨᠢᠭᠡᠨ ᠳᠤᠰᠬᠤᠨ ᠤ ᠺᠠᠳ᠋ᠷ ᠪᠤᠯᠤᠨ᠎ᠠ ᠂ ᠮᠦᠨ ᠴᠤ 15 ᠵᠢᠯ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠳᠦᠯᠦᠭᠡᠯᠡᠭᠴᠢ | ᠪᠤᠯᠵᠤ ᠢᠷᠡᠵᠡᠢ ᠃ 2018 ᠣᠨ ᠳᠤ ᠂ ᠭᠦᠸᠧ ᠯᠢᠶᠠᠨ ᠴᠧᠩ ᠪᠦᠬᠦᠯᠢ 60 ᠨᠠᠰᠤ ᠬᠦᠷᠴᠤ ᠂ 27 ᠵᠢᠯ ᠠᠵᠢᠯᠯᠠᠭᠰᠠᠨ ᠠᠵᠢᠯ ᠤᠨ ᠪᠠᠶᠢᠷᠢ ᠠᠴᠠ | ᠪᠠᠨ ᠵᠢᠩᠬᠢᠨᠢ ᠪᠠᠷ ᠪᠠᠭᠤᠵᠠᠢ᠃ ᠭᠦᠸᠧ ᠯᠢᠶᠠᠨ ᠴᠧᠩ ᠰᠤᠷᠪᠤᠯᠵᠢᠯᠠᠭᠴᠢ ᠳᠤ ᠬᠡᠯᠡᠬᠦ ᠳᠡᠭᠡᠨ ᠂ ᠡᠨᠡ 27 ᠵᠢᠯ ᠳᠤ ᠲᠣᠰᠬᠤᠨ ᠤ ᠡᠷᠬᠢᠯᠡᠭᠴᠢ | ᠪᠠᠶᠢᠬᠰᠠᠨ ᠠᠴᠠ ᠪᠠᠨ ᠲᠣᠰᠬᠤᠨ ᠤ ᠨᠠᠮ ᠤᠨ ᠡᠭᠦᠷ ᠤᠨ ᠱᠦᠵᠢ ᠪᠤᠯᠳᠠᠯ᠎ᠠ ᠂ ᠪᠠᠰᠠ ᠰᠡᠬᠦᠯᠡᠷ ᠨᠢ ᠬᠤᠶᠠᠷ ᠳᠤᠰᠢᠶᠠᠯ ᠢ ᠬᠠᠮᠳᠤ ᠡᠬᠦᠷᠭᠡᠯᠡᠭᠰᠡᠨ | ᠬᠤᠭᠤᠴᠠᠭᠠᠨ ᠳᠤ ᠂ ᠲᠣᠰᠬᠤᠨ ᠤ ᠠᠷᠠᠳ ᠲᠠᠢ ᠬᠠᠷᠢᠯᠴᠠᠵᠤ ᠶᠠᠪᠤᠯᠴᠠᠭᠰᠠᠭᠠᠷ ᠢᠷᠡᠵᠤ᠂ ᠬᠦᠳᠡᠭᠡ ᠳᠤᠰᠬᠤᠨ ᠢ ᠬᠦᠭᠵᠢᠬᠦᠯᠬᠦ ᠳᠤ ᠵᠢᠯᠤᠭᠤᠳᠤᠬᠴᠢ | ᠪᠤᠯᠤᠬᠰᠠᠨ ᠮᠦᠷᠳᠡᠭᠡᠨ ᠪᠠᠰᠠ ᠪᠠᠶᠢᠯᠳᠤᠬᠴᠢ ᠪᠤᠯᠵᠤ᠂ ᠳᠤᠰᠬᠤᠨ ᠤ ᠺᠠᠳ᠋ᠷᠴᠤᠳ ᠤᠨ ᠬᠢᠯᠪᠠᠷ ᠪᠤᠰᠤ ᠭᠡᠳᠡᠭ ᠢ ᠭᠦᠨ ᠣᠢᠢᠯᠠᠭᠠᠳᠠᠭ ᠪᠠᠶᠢᠨ᠎ᠠ ᠃ | 《 ᠳᠤᠰᠬᠤᠨ ᠤ ᠺᠠᠳ᠋ᠷ ᠪᠣᠯ ᠬᠥᠳᠡᠭᠡ ᠲᠣᠰᠬᠤᠨ ᠤ ᠬᠠᠮᠤᠭ ᠤᠨ ᠦᠨᠳᠦᠰᠦᠨ ᠱᠠᠲᠤᠨ ᠤ ᠺᠠᠳ᠋ᠷ ᠮᠥᠨ ᠂ ᠬᠥᠳᠡᠭᠡ ᠲᠣᠰᠬᠤᠨ ᠤ ᠪᠦᠲᠦᠭᠡᠨ | ᠪᠠᠶᠢᠭᠤᠯᠤᠯᠲᠠ ᠠᠴᠠ ᠠᠪᠤᠭᠠᠳ ᠳᠦᠯᠦᠪᠯᠡᠭᠡᠳᠡᠢ ᠪᠠᠷ ᠬᠡᠦᠬᠡᠳ ᠠᠪᠬᠤ ᠠᠵᠢᠯ ᠬᠦᠷᠲᠡᠯ᠎ᠡ ᠂ ᠨᠡᠶᠢᠭᠡᠮ ᠤᠨ ᠠᠮᠤᠷ ᠲᠦᠪᠰᠢᠨ ᠢ ᠬᠠᠮᠠᠭᠠᠯᠠᠬᠤ ᠠᠴᠠ | ᠠᠪᠤᠭᠠᠳ ᠲᠥᠷᠥ ᠶᠢᠨ ᠪᠣᠳᠣᠯᠭ᠎ᠠ ᠶᠢ ᠤᠬᠠᠭᠤᠯᠤᠨ ᠲᠠᠶᠢᠯᠪᠤᠷᠢᠯᠠᠬᠤ ᠬᠦᠷᠲᠡᠯ᠎ᠡ ᠂ ᠴᠢᠨᠠᠭᠰᠢᠯᠠᠪᠠᠯ ᠮᠠᠯ ᠬᠤᠢ ᠳᠠᠷᠢᠶ᠎ᠠ ᠳᠦᠮᠤᠰᠤ ᠰᠤᠶᠢᠳᠭᠡᠵᠤ ᠂ ᠬᠠᠳᠠᠮ | ᠡᠬᠡ ᠪᠡᠷᠢ ᠬᠤᠶᠠᠭᠤᠯᠠ ᠶᠢᠨ ᠭᠡᠷᠡᠬᠦᠯ ᠴᠤᠤᠬᠢᠶᠠᠨ ᠪᠤᠯᠬᠤ ᠵᠡᠷᠭᠡ ᠠᠷᠰᠠᠷ ᠶᠠᠪᠤᠳᠠᠯ ᠢ ᠴᠥᠮ ᠭᠠᠴᠠᠭᠠᠨ ᠤ ᠺᠠᠳ᠋ᠷ ᠬᠠᠮᠢᠶᠠᠷᠬᠤ ᠬᠡᠷᠡᠭᠲᠡᠶ ᠪᠠᠶᠢᠳᠠᠭ ᠂ ᠶᠡᠭᠡ | ᠪᠠᠭ᠎ᠠ ᠶᠠᠪᠤᠳᠠᠯ ᠪᠦᠬᠦᠨ ᠳᠤ ᠴᠥᠮ ᠳᠤᠰᠬᠤᠨ ᠤ ᠺᠠᠳ᠋ᠷ ᠠᠴᠠ ᠰᠠᠯᠵᠤ ᠴᠢᠳᠠᠳᠠᠭ ᠦᠭᠡᠶ ᠶᠤᠮ 》 ᠭᠡᠵᠤ ᠭᠦᠸᠧ ᠯᠢᠶᠠᠨ ᠴᠧᠩ ᠭᠡᠯᠡᠨ᠎ᠠ᠃ ᠳᠡᠷᠡ ᠪᠠᠰᠠ | ᠭᠡᠯᠡᠬᠦ ᠳᠡᠭᠡᠨ᠂《 ᠭᠡᠪᠡᠴᠦ ᠳᠤᠰᠬᠤᠨ ᠤ ᠺᠠᠳ᠋ᠷ ᠤᠨ ᠴᠠᠯᠢᠩ ᠬᠠᠷᠢᠨ ᠳᠣᠣᠷ᠎ᠠ ᠰᠢᠭ᠋ ᠪᠠᠶᠢᠨ᠎ᠠ ᠂ ᠠᠵᠢᠯ ᠠᠴᠠ ᠪᠠᠨ ᠠᠮᠠᠷᠠᠬᠰᠠᠨ ᠤ ᠳᠠᠷᠠᠭ᠎ᠠ ᠬᠠᠷᠢᠨ ᠠᠵᠤ | ᠠᠬᠤᠶ ᠶᠢᠨ ᠳᠠᠯ᠎ᠠ ᠪᠠᠷ ᠪᠠᠲᠤᠯᠠᠭ᠎ᠠ ᠦᠭᠡᠶ ᠪᠣᠯᠤᠭᠰᠠᠨ ᠠᠴᠠ ᠳᠤᠰᠬᠤᠨ ᠤ ᠤᠯᠠᠩᠬᠢ ᠺᠠᠳ᠋ᠷ ᠠᠵᠢᠯᠯᠠᠬᠤ ᠰᠠᠨᠠᠭ᠎ᠠ ᠦᠭᠡᠶ ᠪᠤᠯᠵᠤ ᠪᠠᠶᠢᠨ᠎ᠠ 》 ᠭᠡᠬᠦ ᠶᠤᠮ᠃ | | ᠰᠤᠷᠪᠤᠯᠵᠢᠯᠠᠭ᠎ᠠ ᠳᠤᠮᠳᠠ᠂ ᠭᠦᠸᠧ ᠯᠢᠶᠠᠨ ᠴᠧᠩ ᠢᠢᠮᠤ ᠨᠢᠭᠡ ᠳᠠᠩᠰᠠ ᠪᠤᠳᠤᠵᠤ ᠥᠭᠴᠡᠶ ᠃ ︽ᠣᠳᠣᠬᠠᠨ ᠳᠤ ᠠᠵᠢᠯ ᠠᠴᠠ ᠪᠠᠨ ᠰᠠᠯᠵᠤ | ᠠᠮᠠᠷᠠᠭᠰᠠᠨ ᠳᠤᠰᠬᠤᠨ ᠤ ᠺᠠᠳ᠋ᠷ ᠤᠨ ᠬᠦᠯᠤᠰᠤ ᠤᠯᠭᠤᠮᠵᠢ ᠶᠢ ᠭᠤᠷᠪᠠᠨ ᠵᠦᠢᠯ ᠬᠤᠪᠢᠶᠠᠳᠠᠭ ᠂ ᠨᠢᠭᠡ ᠵᠦᠢᠯ ᠨᠢ ᠳᠤᠰᠬᠤᠨ ᠤ ᠡᠷᠬᠢᠯᠡᠭᠴᠢ ᠪᠤᠶᠤ | ᠳᠤᠰᠬᠤᠨ ᠤ ᠨᠠᠮ ᠤᠨ ᠡᠭᠦᠷ ᠤᠨ ᠱᠦᠵᠢ ᠶᠢᠨ ᠲᠤᠰᠢᠶᠠᠯ ᠢ ᠵᠠᠯᠭᠠᠪᠠᠷ 12 ᠵᠢᠯ ᠠᠴᠠ ᠳᠤᠷᠤᠬᠰᠢ ᠡᠭᠦᠷᠭᠡᠯᠡᠭᠰᠡᠨ ᠪᠤᠯ ᠂ ᠵᠢᠯ ᠪᠤᠯᠭᠠᠨ ᠬᠡᠳᠦᠨ | ᠮᠢᠩᠭᠠᠨ ᠲᠥᠭᠦᠷᠢᠭ ᠤᠨ ᠨᠥᠬᠦᠪᠥᠷᠢ ᠣᠯᠭᠤᠨ᠎ᠠ ︔ 12 ᠵᠢᠯ ᠠᠴᠠ ᠳᠡᠭᠡᠭᠰᠢ ᠵᠠᠯᠭᠠᠪᠠᠷ ᠲᠤᠰᠢᠶᠠᠯ ᠡᠭᠦᠷᠭᠡᠯᠡᠭᠰᠡᠨ ᠪᠤᠯ ᠰᠠᠷ᠎ᠠ ᠪᠦᠷᠢ 800 ᠲᠥᠭᠦᠷᠢᠭ ᠂ | ᠳᠠᠷᠠᠭ᠎ᠠ ᠨᠢ ᠵᠢᠯ ᠪᠦᠷᠢ 50 ᠲᠥᠭᠦᠷᠢᠭ ᠨᠡᠮᠡᠵᠦ ᠂ 20 ᠵᠢᠯ ᠢᠶᠠᠷ ᠳᠠᠰᠤᠯᠬᠤ ᠴᠡᠭ ᠪᠣᠯᠭᠠᠨ᠎ᠠ ᠃ ᠨᠠᠳᠠ ᠪᠠᠷ ᠠᠪᠴᠤ ᠬᠡᠯᠡᠬᠦ ᠳᠤ ᠂ ᠪᠢ | ᠲᠣᠰᠬᠤᠨ ᠳᠤ 27 ᠵᠢᠯ ᠠᠵᠢᠯᠯᠠᠵᠠᠢ ᠂ ᠤᠳᠤ ᠰᠠᠷ᠎ᠠ ᠪᠦᠷᠢ 1200 ᠲᠥᠭᠦᠷᠢᠭ ᠠᠪᠴᠤ ᠪᠠᠶᠢᠨ᠎ᠠ ᠃ ᠬᠡᠷᠪᠡ 12 ᠵᠢᠯ ᠠᠴᠠ ᠳᠣᠭᠤᠭᠰᠢ | ᠠᠵᠢᠯᠯᠠᠭᠠᠳ᠂ ᠳᠤᠰᠬᠤᠨ ᠤ ᠺᠠᠳ᠋ᠷ ᠤᠨ ᠠᠵᠢᠯ ᠤᠨ ᠪᠠᠶᠢᠷᠢ ᠠᠴᠠ ᠪᠠᠭᠤᠭᠰᠠᠨ ᠪᠤᠯ ᠠᠵᠤ ᠠᠬᠤᠶ ᠶᠢᠨ ᠦᠨᠳᠤᠰᠤᠨ ᠪᠠᠲᠤᠯᠠᠭ᠎ᠠ ᠦᠭᠡᠢ ᠪᠤᠯᠵᠤ ᠪᠤᠢ》 ᠭᠡᠨ᠎ᠠ | ᠃ ᠳᠡᠷᠡ ᠵᠠᠯᠭᠠᠭᠠᠳ ᠄ ︽ ᠬᠤᠰᠢᠭᠤᠨ ᠤ ᠬᠤᠯᠪᠣᠭᠳᠠᠯ ᠪᠦᠭᠦᠢ ᠰᠠᠯᠠᠭ᠎ᠠ ᠮᠥᠴᠢᠷ ᠨᠢ ᠡᠳ᠋ ᠤᠨ ᠵᠠᠰᠠᠭ ᠴᠢᠳᠠᠪᠤᠷᠢ ᠪᠠᠨ ᠦᠨᠳᠦᠰᠦᠯᠡᠨ ᠵᠢᠯ ᠳᠠᠷᠠᠭᠠᠯᠠᠨ | ᠱᠠᠳᠤ ᠬᠤᠪᠢᠶᠠᠨ ᠳᠤᠰᠬᠤᠨ ᠤ ᠺᠠᠳ᠋ᠷᠴᠤᠳ ᠲᠤ ᠴᠠᠯᠢᠩ ᠤᠯᠭᠤᠮᠵᠢ ᠨᠡᠮᠡᠵᠦ ᠂ ᠬᠥᠳᠡᠭᠡ ᠲᠣᠰᠬᠤᠨ ᠤ ᠺᠠᠳ᠋ᠷᠴᠤᠳ ᠢ ᠨᠡᠩ ᠰᠡᠳᠬᠢᠯ ᠠᠮᠤᠷ | ᠠᠵᠢᠯᠯᠠᠭᠤᠯᠵᠤ᠂ ᠠᠵᠢᠯ ᠠᠴᠠ ᠪᠠᠨ ᠰᠠᠯᠵᠤ ᠠᠮᠠᠷᠠᠭᠰᠠᠨ ᠳᠤᠰᠬᠤᠨ ᠤ ᠺᠠᠳ᠋ᠷᠴᠤᠳ ᠲᠤ ᠵᠣᠬᠢᠬᠤ ᠬᠡᠮᠵᠢᠶᠡᠨ ᠤ ᠪᠠᠲᠤᠯᠠᠭ᠎ᠠ ᠬᠠᠩᠭᠠᠨ ᠂ ᠵᠠᠰᠠᠭ ᠤᠨ | ᠣᠷᠳᠣᠨ ᠠᠴᠠ ᠬᠥᠳᠡᠭᠡ ᠲᠣᠰᠬᠤᠨ ᠤ ᠠᠵᠢᠯ ᠠᠴᠠ ᠪᠠᠨ ᠰᠠᠯᠵᠤ ᠠᠮᠠᠷᠠᠭᠰᠠᠨ ᠳᠤᠰᠬᠤᠨ ᠤ ᠺᠠᠳ᠋ᠷᠴᠤᠳ ᠢ ᠲᠠᠰᠤᠷᠠᠯᠲᠠ ᠦᠭᠡᠢ ᠬᠠᠯᠠᠮᠵᠢᠯᠠᠨ | ᠬᠠᠶᠢᠷᠠᠯᠠᠵᠤ ᠂ ᠠᠵᠢᠯ ᠠᠴᠠ ᠪᠠᠨ ᠰᠠᠯᠵᠤ ᠠᠮᠠᠷᠠᠭᠰᠠᠨ ᠳᠤᠰᠬᠤᠨ ᠤ ᠺᠠᠳ᠋ᠷᠴᠤᠳ ᠤᠨ ᠥᠲᠡᠯᠪᠡᠯ ᠠᠰᠠᠷᠠᠮᠵᠢ ᠲᠠᠢ ᠪᠣᠯᠬᠤ ᠰᠠᠨᠠᠭᠠᠰᠢᠷᠠᠯ ᠢ | ᠰᠢᠶᠳᠪᠦᠷᠢᠯᠡᠬᠦ ᠶᠢ ᠪᠢ ᠰᠠᠨᠠᠭᠤᠯᠵᠤ ᠪᠠᠶᠢᠨ᠎ᠠ ︾ ᠭᠡᠵᠤ ᠶᠠᠷᠢᠨ᠎ᠠ ᠃ |