ᠸᠢᠲ᠋ᠠᠮᠢᠨ ᠭᠡᠵᠦ ᠰᠢᠮ᠎ᠠ ᠳᠡᠵᠢᠭᠡᠯ ᠤᠨ ᠡᠮ ᠪᠢᠰᠢ
ᠨᠡᠶᠢᠲᠡᠯᠡᠭᠰᠡᠨ ᠴᠠᠭ᠄
2021/12/7
      ᠸᠢᠲ᠋ᠠᠮᠢᠨ ᠪᠤᠯ ᠬᠦᠮᠦᠨ ᠤ ᠪᠡᠶ᠎ᠡ ᠳᠤ ᠭᠡᠷᠡᠭᠰᠡᠬᠦ ᠳᠤᠯᠤᠭᠠᠨ ᠶᠡᠭᠡ ᠰᠢᠮ᠎ᠡ ᠳᠡᠵᠢᠭᠡᠯ ᠤᠨ ᠡᠳ᠋ ᠤᠨ ᠨᠢᠭᠡ ᠪᠤᠯᠤᠨ᠎ᠠ᠂ ᠤᠳᠤ ᠪᠤᠯᠳᠠᠯ᠎ᠠ 20 ᠭᠠᠷᠤᠢ ᠵᠦᠢᠯ ᠤᠨ ᠸᠢᠲ᠋ᠠᠮᠢᠨ ᠢ ᠢᠯᠡᠷᠡᠭᠦᠯᠦᠭᠡᠳ ᠪᠠᠶᠢᠨ᠎ᠠ᠃ ᠡᠯ᠎ᠠ ᠵᠦᠢᠯ ᠤᠨ ᠸᠢᠲ᠋ᠠᠮᠢᠨ ᠨᠢ ᠪᠦᠷ ᠬᠦᠮᠦᠨ ᠤ ᠪᠡᠶ᠎ᠡ ᠶᠢᠨ ᠡᠰ ᠨᠡᠭᠡᠳᠡᠰᠦ ᠶᠢᠨ ᠬᠡᠪ ᠤᠨ ᠠᠵᠢᠯᠯᠠᠭ᠎ᠠ ᠶᠢ ᠪᠠᠳᠤᠯᠠᠬᠤ ᠳᠤ ᠳᠤᠳᠠᠭᠳᠠᠵᠤ ᠪᠤᠯᠤᠰᠢ ᠦᠭᠡᠢ᠃ ᠶᠠᠬ ᠳᠡᠶᠢᠮᠦ ᠪᠤᠯᠬᠤᠷ ᠬᠦᠮᠦᠰ ᠸᠢᠲ᠋ᠠᠮᠢᠨ ᠢ ᠰᠢᠮ᠎ᠡ ᠳᠡᠵᠢᠭᠡᠯ ᠤᠨ ᠡᠮ ᠢᠶᠠᠷ ᠦᠵᠡᠵᠦ᠂ ᠢᠯᠡᠭᠦᠦ ᠯᠡ ᠪᠠᠶᠢᠪᠠᠯ ᠰᠠᠶᠢᠨ ᠭᠡᠵᠦ ᠪᠤᠳᠤᠳᠠᠭ᠃ ᠦᠨᠡᠨ ᠳᠡᠭᠡᠨ ᠳᠡᠶᠢᠮᠦ ᠪᠢᠰᠢ᠂ ᠳᠤᠷ᠎ᠠ ᠪᠠᠷ ᠢᠶᠠᠨ ᠸᠢᠲ᠋ᠠᠮᠢᠨ ᠭᠡᠷᠡᠭᠯᠡᠪᠡᠯ ᠡᠷᠭᠢᠭᠡᠳ ᠡᠷᠡᠭᠦᠯ ᠮᠡᠨᠳᠦ ᠳᠤ ᠬᠤᠤᠷ ᠪᠤᠯᠳᠠᠭ᠃ ᠵᠢᠱᠢᠶᠡᠯᠡᠪᠡᠯ ᠂ ᠸᠢᠲ᠋ᠠᠮᠢᠨ E ᠪᠤᠯ ᠬᠦᠮᠦᠨ ᠤ ᠪᠡᠶ᠎ᠡ ᠳᠤ ᠳᠤᠳᠠᠭᠳᠠᠵᠤ ᠪᠤᠯᠤᠰᠢ ᠦᠭᠡᠢ ᠰᠢᠮ᠎ᠡ ᠳᠡᠵᠢᠭᠡᠯ ᠤᠨ ᠪᠤᠳᠠᠰ ᠪᠤᠯᠬᠤᠷ ᠬᠦᠮᠦᠰ ᠸᠢᠲ᠋ᠠᠮᠢᠨ E ᠨᠦᠬᠦᠬᠦ ᠡᠮ ᠬᠤᠳᠠᠯᠳᠤᠵᠤ ᠠᠪᠤᠭᠠᠳ ᠤᠤᠭᠤᠳᠠᠭ᠃ ᠭᠡᠪᠡᠴᠦ ᠤᠶᠢᠢᠷ᠎ᠠ ᠶᠢᠨ ᠨᠢᠭᠡ ᠤᠳᠠᠭᠠᠨ ᠤ ᠰᠢᠨᠵᠢᠯᠡᠬᠦ ᠤᠬᠠᠭᠠᠨ ᠤ ᠰᠢᠨ᠎ᠠ ᠢᠯᠡᠷᠡᠭᠦᠯᠦᠯᠳᠡ ᠳᠤ᠂ ᠸᠢᠲ᠋ᠠᠮᠢᠨ E ᠶᠢ ᠳᠤᠷ᠎ᠠ ᠪᠠᠷ ᠢᠶᠠᠨ ᠭᠡᠷᠡᠭᠯᠡᠪᠡᠯ ᠪᠡᠶ᠎ᠡ ᠳᠤ ᠠᠰᠢᠬ ᠦᠭᠡᠢ᠂ ᠠᠮᠢ ᠨᠠᠰᠤ ᠶᠢ ᠬᠤᠷᠤᠭᠳᠠᠭᠤᠯᠳᠠᠭ ᠭᠡᠰᠡᠨ ᠪᠠ ᠳᠡᠷᠡ ᠨᠢ ᠰᠦᠰᠦᠨ ᠤ ᠭᠤᠨᠠᠨ ᠠᠯᠺᠤᠤᠯ ᠪᠠᠭᠤᠷᠠᠭᠤᠯᠳᠠᠭ ᠡᠮ ᠲᠠᠢ ᠬᠠᠷᠰᠢᠯᠳᠤᠳᠠᠭ ᠭᠡᠰᠡᠨ ᠳ᠋ᠥᠩᠨᠡᠯᠳᠡ ᠤᠯᠤᠭᠰᠠᠨ ᠪᠠᠶᠢᠨ᠎ᠠ᠃ ᠡᠶᠢᠮᠦ ᠠᠴᠠ ᠢᠳᠡᠭᠡᠨ ᠢᠶᠠᠷ ᠸᠢᠲ᠋ᠠᠮᠢᠨ E ᠨᠦᠬᠦᠬᠦ ᠪᠤᠯᠤᠮᠵᠢ ᠲᠠᠢ ᠦᠶ᠎ᠡ ᠳᠤ ᠡᠮ ᠢᠶᠠᠷ ᠨᠦᠬᠦᠬᠦ ᠴᠢᠬᠤᠯᠠ ᠦᠭᠡᠢ ᠭᠡᠵᠦ ᠳᠤᠰᠬᠠᠢ ᠮᠡᠷᠭᠡᠵᠢᠯᠳᠡᠳ ᠰᠠᠨᠠᠭᠤᠯᠵᠤ ᠪᠠᠶᠢᠨ᠎ᠠ᠃ ᠵᠠᠷᠢᠮ ᠸᠢᠲ᠋ᠠᠮᠢᠨ ᠨᠢ ᠪᠠᠰᠠ ᠬᠤᠤᠷᠠᠳᠠᠭᠤᠯᠬᠤ᠂ ᠬᠠᠷᠰᠢᠬᠤ ᠢᠯᠡᠷᠡᠯ ᠭᠠᠷᠳᠠᠭ᠃ ᠸᠢᠲ᠋ᠠᠮᠢᠨ A ᠶᠢ ᠨᠠᠰᠤᠨ ᠳᠤ ᠬᠦᠷᠦᠭᠰᠡᠳ ᠭᠡᠳᠦᠨ ᠰᠠᠷ᠎ᠠ ᠳᠠᠷᠠᠭᠠᠯᠠᠨ ᠡᠳᠦᠷ ᠪᠤᠯᠭᠠᠨ 50000IU ᠠᠴᠠ ᠢᠯᠡᠭᠦᠦ ᠪᠠᠷ ᠰᠢᠩᠭᠡᠭᠡᠨ ᠠᠪᠬᠤ ᠳᠡᠭᠡᠷ᠎ᠡ ᠬᠦᠷᠪᠡᠯ ᠬᠤᠤᠷᠠᠳᠠᠭᠳᠠᠨ᠎ᠠ᠃ ᠬᠡᠦᠬᠡᠳ ᠤᠨ ᠨᠢᠭᠡ ᠡᠳᠦᠷ ᠤᠨ ᠬᠡᠮᠵᠢᠶ᠎ᠠ ᠨᠢ 18500IU ᠠᠴᠠ ᠳᠠᠪᠠᠪᠠᠯ ᠮᠦᠨ ᠬᠤᠤᠷᠠᠳᠠᠭᠳᠠᠨ᠎ᠠ᠃ ᠳᠠᠷᠤᠢ ᠶᠠᠰᠤᠨ ᠤ ᠡᠰ ᠤᠨ ᠢᠳᠡᠪᠬᠢ ᠴᠢᠨᠠᠷ ᠢ ᠠᠯᠳᠠᠭᠳᠠᠭᠤᠯᠤᠬᠰᠠᠨ ᠠᠴᠠ ᠪᠤᠯᠵᠤ᠂ ᠶᠠᠰᠤᠨ ᠤ ᠺᠠᠯᠼ ᠢ ᠠᠯᠳᠠᠭᠳᠠᠭᠤᠯᠬᠤ᠂ ᠶᠠᠰᠤ ᠮᠦᠭᠡᠷᠰᠦᠯᠡᠬᠦ᠂ ᠦᠰᠦᠯᠳᠡ ᠬᠠᠷᠰᠢᠯᠠᠬᠳᠠᠬᠤ᠂ ᠴᠢᠮᠦᠭᠡᠨ ᠶᠠᠰᠤ ᠪᠦᠳᠦᠭᠦᠷᠡᠬᠦ ᠵᠢᠴᠢ ᠦᠶ᠎ᠠ ᠡᠪᠡᠳᠬᠦ︔ ᠠᠷᠠᠰᠤ ᠬᠠᠭᠤᠷᠠᠶᠢᠰᠢᠵᠤ ᠵᠠᠭᠠᠳᠤᠨᠠᠬᠤ᠂ ᠬᠠᠶᠢᠷᠰᠤᠯᠠᠬᠤ᠂ ᠬᠠᠬ ᠭᠠᠷᠬᠤ᠂ ᠡᠰᠡᠷᠭᠡᠨ᠎ᠠ ᠭᠠᠷᠬᠤ᠂ ᠦᠰᠦ ᠤᠨᠠᠬᠤ᠂ ᠬᠢᠮᠦᠰᠦ ᠭᠡᠪᠡᠷᠡᠭᠰᠢᠬᠦ︔ ᠰᠡᠳᠭᠢᠯ ᠳᠤᠯᠬᠢᠰᠬᠤ᠂ ᠶᠠᠳᠠᠷᠠᠬᠤ᠂ ᠳᠤᠯᠤᠭᠠᠢ ᠡᠪᠡᠳᠬᠦ᠂ ᠳᠤᠷ᠎ᠠ ᠪᠤᠯᠬᠢᠬᠤ᠂ ᠪᠦᠭᠡᠯᠵᠢᠬᠦ︔ ᠪᠤᠯᠴᠢᠩ ᠳᠠᠮᠢᠷᠳᠠᠬᠤ᠂ ᠳᠤᠭᠳᠠᠪᠤᠷᠢ ᠠᠯᠳᠠᠬᠤ︔ ᠢᠳᠡᠭᠡᠨ ᠤ ᠳᠤᠷᠠᠰᠢᠯ ᠮᠠᠭᠤᠳᠠᠬᠤ᠂ ᠭᠡᠳᠡᠰᠦ ᠡᠪᠡᠳᠬᠦ᠂ ᠳᠤᠭᠤᠯᠭᠠᠬᠤ᠂ ᠡᠯᠢᠭᠡ ᠳᠡᠯᠢᠭᠦᠦ ᠪᠦᠳᠦᠭᠦᠷᠡᠬᠦ᠂ ᠰᠢᠷᠠᠯᠠᠬᠤ︔ ᠴᠢᠰᠦᠨ ᠳᠠᠬᠢ ᠴᠢᠰᠦᠨ ᠤ ᠤᠯᠠᠭᠠᠨ ᠤᠭᠤᠷᠠᠭ ᠪᠠ ᠺᠠᠯᠢ ᠬᠠᠰᠤᠭᠳᠠᠵᠤ᠂ ᠴᠢᠰᠦ ᠭᠠᠷᠬᠤ ᠵᠡᠷᠭᠡ ᠢᠯᠡᠷᠡᠯ ᠭᠠᠷᠳᠠᠭ᠃ ᠸᠢᠲ᠋ᠠᠮᠢᠨ B6 ᠶᠢ ᠡᠳᠦᠷ ᠲᠤ 2 — 6 ᠭᠷᠡᠮ ᠢᠶᠠᠷ 2 — 40 ᠰᠠᠷ᠎ᠠ ᠤᠤᠭᠤᠬᠤ ᠳᠤ ᠬᠦᠷᠪᠡᠯ ᠳᠤᠤᠷ᠎ᠠ ᠪᠡᠶ᠎ᠡ ᠶᠢᠨ ᠪᠠᠶᠢᠷᠢ ᠳᠤᠭᠳᠠᠭᠠᠬᠤ ᠪᠠ ᠳᠤᠷᠬᠢᠯᠳᠠ ᠶᠢᠨ ᠮᠡᠳᠡᠷᠡᠮᠵᠢ ᠬᠤᠬᠢᠷᠠᠯ ᠳᠤ ᠤᠴᠠᠷᠠᠨ᠎ᠠ᠃ ᠡᠮ ᠢᠶᠠᠨ ᠵᠤᠬᠰᠤᠭᠰᠠᠨ ᠤ ᠳᠠᠷᠠᠭ᠎ᠠ ᠴᠤ ᠡᠳᠡᠭᠡᠷᠡᠯᠳᠡ ᠨᠢ ᠳᠤᠩ ᠤᠳᠠᠭᠠᠨ ᠪᠠᠶᠢᠵᠤ᠂ ᠵᠠᠷᠢᠮ ᠡᠪᠡᠳᠴᠢᠳᠠᠨ ᠤ ᠬᠤᠤᠷᠠᠳᠠᠯ ᠢ ᠬᠦᠢᠴᠡᠳ ᠠᠷᠢᠯᠭᠠᠵᠤ ᠪᠦᠷᠢᠨ ᠡᠳᠡᠭᠡᠷᠡᠭᠦᠯᠵᠦ ᠳᠡᠶᠢᠯᠳᠡᠭ ᠦᠭᠡᠢ ᠃
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ