ᠨᠦᠢᠷ ᠬᠤᠯᠵᠢᠭᠤᠯᠳᠠᠭ ᠢᠳᠡᠬᠡᠨ ᠤᠮᠳᠠᠭᠠᠠ
ᠨᠡᠶᠢᠲᠡᠯᠡᠭᠰᠡᠨ ᠴᠠᠭ᠄
2021/12/7
     ᠦᠬᠡᠬᠦ ᠳᠤᠰᠤ ᠶᠡᠭᠡ ᠢᠳᠡᠬᠡᠨ᠄ ᠦᠬᠡᠬᠦ ᠳᠤᠰᠤ ᠶᠡᠭᠡ ᠢᠳᠡᠬᠡᠨ ᠢ ᠢᠳᠡᠭᠰᠡᠨ ᠤ ᠳᠠᠷᠠᠭ᠎ᠠ ᠬᠡᠳᠡᠰᠤ ᠬᠤᠳᠤᠭᠤᠳᠤ᠂ ᠡᠯᠢᠬᠡ ᠰᠦᠰᠤ ᠪᠤᠯᠤᠨ ᠨᠦᠢᠷ ᠤᠨ ᠠᠵᠢᠯᠯᠠᠬᠤ ᠳᠠᠷᠤᠭᠠᠰᠤ ᠶᠢ ᠬᠦᠨᠳᠤᠷᠡᠬᠦᠯᠵᠤ᠂ ᠮᠡᠳᠡᠷᠡᠯ ᠤᠨ ᠳᠦᠪ ᠲᠤ ᠰᠡᠳᠤᠯᠳᠠ ᠦᠭᠴᠤ᠂ ᠨᠡᠶᠢᠳᠡᠮ ᠠᠵᠢᠯᠯᠠᠬᠤ ᠪᠠᠶᠢᠳᠠᠯ ᠳᠤ ᠤᠷᠤᠭᠤᠯᠵᠤ᠂ ᠨᠦᠢᠷ ᠢ ᠬᠤᠯᠵᠢᠭᠤᠯᠳᠠᠭ᠃      ᠠᠷᠢᠬᠢᠨ ᠤ ᠳᠦᠷᠤᠯ᠄ ᠤᠶᠢᠢᠷ᠎ᠠ ᠳᠤ ᠰᠤᠳᠤᠯᠭᠠᠨ ᠢᠶᠠᠷ ᠬᠡᠷᠡᠴᠢᠯᠡᠭᠰᠡᠨ ᠨᠢ᠂ ᠠᠷᠢᠬᠢ ᠨᠢ ᠬᠦᠮᠤᠰ ᠢ ᠮᠠᠰᠢ ᠳᠦᠷᠬᠡᠨ ᠢᠶᠠᠷ ᠤᠨᠳᠠᠭᠤᠯᠳᠠᠭ ᠴᠤ ᠤᠨᠳᠠᠬᠤ ᠪᠠᠶᠢᠳᠠᠯ ᠨᠢ ᠶᠡᠷᠤ ᠨᠢ ᠬᠦᠢᠬᠡᠨ ᠳᠠᠪᠬᠤᠷᠭ᠎ᠠ ᠳᠡᠬᠡᠷ᠎ᠠ ᠳᠤᠭᠳᠠᠪᠤᠷᠢᠵᠢᠵᠤ᠂ ᠬᠠᠨᠤᠳᠠᠯ᠎ᠠ ᠰᠠᠶᠢᠬᠠᠨ ᠤᠨᠳᠠᠵᠤ ᠳᠠᠶᠢᠯᠳᠡᠭ ᠦᠬᠡᠢ᠃ ᠡᠶᠢᠮᠤ ᠠᠴᠠ ᠠᠷᠢᠬᠢ ᠤᠤᠭᠤᠭᠰᠠᠨ ᠬᠦᠮᠤᠰ ᠮᠠᠰᠢ ᠤᠷᠳᠤ ᠴᠠᠭ ᠢᠶᠠᠷ ᠤᠨᠳᠠᠭᠰᠠᠨ ᠴᠤ ᠰᠡᠷᠢᠭᠰᠡᠨ ᠤ ᠳᠠᠷᠠᠭ᠎ᠠ ᠮᠦᠨ ᠪᠦᠬᠦ ᠪᠡᠶ᠎ᠠ‌ᠨᠢ ᠶᠠᠳᠠᠷᠠᠭᠰᠠᠨ ᠪᠠᠶᠢᠳᠠᠯ ᠲᠠᠢ᠃      ᠭᠤᠱᠤᠭᠤᠨ ᠢᠳᠡᠬᠡᠨ᠄ ᠤᠷᠤᠢ ᠶᠢᠨ ᠬᠤᠭᠤᠯᠠᠨ ᠳᠠᠭᠠᠨ ᠭᠤᠱᠤᠭᠤᠨ ᠢᠳᠡᠬᠡᠨ ᠢᠳᠡᠬᠦ ᠨᠢ ᠴᠤ ᠨᠦᠢᠷ ᠢ ᠨᠦᠯᠤᠬᠡᠯᠡᠬᠦ ᠴᠢᠬᠤᠯᠠ ᠰᠢᠯᠳᠠᠭᠠᠨ ᠪᠤᠯᠤᠨ᠎ᠠ᠃ ᠯᠠᠵᠤᠤ᠂ ᠪᠦᠬᠡᠷᠡᠩᠬᠡᠢ ᠰᠤᠩᠬᠢᠨ᠎ᠠ ᠵᠡᠷᠬᠡ ᠨᠢ ᠬᠤᠳᠤᠭᠤᠳᠤ ᠶᠢ ᠬᠠᠯᠠᠭᠠᠵᠤ᠂ ᠰᠢᠩᠬᠡᠬᠡᠯᠳᠠ ᠶᠢ ᠮᠠᠭᠤᠵᠢᠷᠠᠭᠤᠯᠤᠨ᠎ᠠ᠂ ᠵᠠᠯᠭᠠᠭᠠᠳ ᠨᠦᠢᠷ ᠢ ᠨᠦᠯᠤᠬᠡᠯᠡᠬᠦ ᠪᠤᠯᠤᠨ᠎ᠠ᠃      ᠬᠡᠳᠡᠰᠤ ᠬᠦᠬᠡᠬᠡᠯᠬᠡᠬᠦ ᠢᠳᠡᠬᠡᠨ᠄ ᠵᠠᠷᠢᠮ ᠢᠳᠡᠬᠡᠨ ᠢ ᠰᠢᠩᠬᠡᠬᠡᠬᠦ ᠶᠠᠪᠤᠴᠠ ᠳᠤ ᠮᠠᠰᠢ ᠤᠯᠠᠨ ᠬᠡᠢ ᠪᠡᠶᠡᠳᠤ ᠡᠬᠦᠰᠳᠡᠭ ᠠᠴᠠ ᠬᠡᠳᠡᠰᠤ ᠬᠦᠬᠡᠬᠡᠬᠦ ᠳᠦᠷᠦᠭᠳᠡᠯ ᠲᠠᠢ ᠪᠠᠶᠢᠵᠤ᠂ ᠬᠡᠪ ᠤᠨ ᠤᠨᠳᠠᠯᠭ᠎ᠠ ᠶᠢ ᠨᠦᠯᠤᠬᠡᠯᠡᠳᠡᠭ᠂ ᠵᠢᠱᠢᠶᠡᠯᠡᠪᠡᠯ ᠪᠤᠷᠴᠠᠭ ᠤᠨ ᠳᠦᠷᠤᠯ᠂ ᠴᠠᠭᠠᠨ ᠨᠤᠭᠤᠭ᠎ᠠ᠂ ᠪᠦᠬᠡᠷᠡᠩᠬᠡᠢ ᠰᠤᠩᠬᠢᠨ᠎ᠠ᠂ ᠡᠷᠳᠡᠨᠢ ᠰᠢᠰᠢ᠂ ᠪᠠᠨᠠᠨᠠ ᠵᠡᠷᠬᠡ᠃       ᠺᠤᠹᠧᠶ᠋ᠢᠨ᠄ ᠺᠤᠹᠧᠶ᠋ᠢᠨ ᠠᠭᠤᠯᠵᠤ ᠪᠠᠶᠢᠭ᠎ᠠ ᠢᠳᠡᠬᠡᠨ ᠨᠢ ᠮᠡᠳᠡᠷᠡᠯ ᠤᠨ ᠰᠢᠰᠲ᠋ᠧᠮ ᠢ ᠨᠦᠯᠤᠬᠡᠯᠡᠳᠡᠭ ᠢ ᠤᠯᠠᠩᠬᠢ ᠬᠦᠮᠤᠰ ᠮᠡᠳᠡᠳᠡᠭ᠂ ᠡᠨᠡ ᠨᠢ ᠮᠦᠨᠴᠤ ᠨᠦᠢᠷ ᠢ ᠨᠦᠯᠤᠬᠡᠯᠡᠳᠡᠭ ᠦᠷᠬᠦᠯᠵᠢ ᠳᠤᠬᠢᠶᠠᠯᠳᠤᠳᠠᠭ ᠰᠢᠯᠳᠠᠭᠠᠨ ᠪᠤᠯᠤᠨ᠎ᠠ᠃
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ