12 ᠰᠠᠷ᠎ᠠ ᠶᠢᠨ18 ᠤ ᠡᠳᠦᠷ᠂ ᠳ᠋ᠠ ᠯᠤ᠋ ᠨᠡᠬᠦᠷᠡᠰᠤ ᠬᠢᠮᠢ ᠶᠢᠨ ᠠᠵᠤ ᠦᠢᠯᠡᠳᠪᠤᠷᠢ ᠶᠢᠨ ᠰᠠᠭᠤᠷᠢᠨ ᠭᠠᠵᠠᠷ᠂ ᠬᠤᠰᠢᠭᠤᠨ ᠤ ᠨᠠᠮ ᠤᠨ ᠬᠤᠷᠢᠶᠠᠨ ᠤ | ᠤᠯᠤᠰ ᠲᠦᠷᠦ ᠬᠠᠤᠯᠢ ᠴᠠᠭᠠᠵᠠ ᠶᠢᠨ ᠬᠤᠷᠢᠶ᠎ᠠ᠂ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ᠂ ᠦᠪᠦᠷ ᠮᠤᠩᠭᠤᠯ ᠤᠨ ᠹᠸᠡᠭ ᠮᠠ ᠰᠤᠶᠤᠯ ᠵᠠᠭᠤᠴᠢᠯᠠᠭᠤᠷ ᠤᠨ | ᠬᠢᠵᠠᠭᠠᠷᠳᠤ ᠺᠤᠮᠫᠠᠨᠢ ᠠᠴᠠ ᠬᠠᠮᠳᠤᠷᠠᠨ ᠦᠢᠯᠡᠳᠦᠭᠰᠡᠨ ᠺᠢᠨᠤ᠋《ᠳ᠋ᠤᠸᠡᠨ ᠰᠢᠤᠸᠡᠢ》11 ᠳ᠋ᠤᠬᠡᠷ ᠬᠤᠭᠤᠴᠠᠭᠠᠨ ᠤ ᠪᠡᠬᠡᠵᠢᠩ ᠤᠨ ᠤᠯᠠᠨ ᠤᠯᠤᠰ ᠤᠨ ᠰᠦᠯᠵᠢᠶᠠᠨ | ᠺᠢᠨᠤ᠋ ᠶᠢᠨ ᠦᠵᠡᠬᠦᠯᠬᠡ ᠳᠤ《 ᠭᠤᠸᠠᠩ ᠨᠢᠶᠡᠨ ᠬᠤᠨᠳᠠᠭᠠᠳᠤ》ᠰᠢᠯᠢᠳᠡᠭ ᠺᠢᠨᠤ᠋ ᠶᠢᠨ ᠱᠠᠩᠨᠠᠯ ᠢ ᠲᠤᠰᠪᠠ᠃ | ᠲᠤᠰ ᠺᠢᠨᠤ᠋ ᠶᠢ ᠬᠠᠨ ᠢ ᠤᠳᠤᠷᠢᠳᠤᠭᠠᠵᠦ᠂ ᠬᠠᠨ ᠵᠢᠶᠦ᠋ᠨ ᠢᠤᠢ ᠵᠦᠴᠦᠬᠡ ᠶᠢ ᠵᠤᠬᠢᠶᠠᠵᠦ᠂ ᠵᠢᠷᠤᠮᠳᠤ᠂ ᠭᠤᠤ ᠵᠢᠶᠠ ᠵᠡᠷᠬᠡ ᠲᠤᠬᠯᠠᠬᠴᠢᠳ ᠲᠤᠭᠯᠠᠪᠠ᠃ | 《ᠳ᠋ᠤᠸᠡᠨ ᠰᠢᠤᠸᠡᠢ》ᠬᠡᠬᠦ ᠺᠢᠨᠤ᠋ ᠨᠢ ᠦᠨᠡᠨ ᠪᠤᠳᠠᠳᠤ ᠬᠡᠷᠡᠭ ᠤᠨ ᠵᠢᠱᠢᠶ᠎ᠠ ᠪᠠᠷ ᠤᠭ ᠲᠦᠷᠢ ᠪᠤᠯᠭᠠᠵᠦ᠂《ᠮᠦᠡᠭᠬᠦᠨ ᠤ ᠠᠮᠠ ᠶᠢ ᠨᠢ ᠬᠠᠭᠠᠵᠦ ᠦᠨᠳᠦᠰᠤ ᠶᠢ | ᠨᠢ ᠲᠠᠰᠤᠯᠤᠬᠰᠠᠨ 》ᠠᠵᠢᠯ ᠢᠶᠠᠷ ᠰᠡᠳᠦᠪᠯᠡᠵᠦ᠂ ᠵᠡᠬᠦᠠᠭᠠᠷ ᠬᠤᠰᠢᠭᠤᠨ ᠤ《 ᠱᠠᠰᠢᠨ ᠤ ᠠᠬᠠᠰ》 ︵ ᠴᠢᠨ ᠴᠢᠨ︶ ᠲᠦᠷᠦᠬᠦᠳᠡᠢ ᠬᠠᠷ᠎ᠠ ᠬᠦᠴᠦᠨ | ᠬᠠᠷᠬᠢᠰ ᠪᠦᠯᠦᠭᠳᠡᠨ ᠤ ᠬᠡᠷᠡᠭ ᠲᠤ ᠬᠤᠯᠪᠤᠬᠳᠠᠬᠰᠠᠨ ᠡᠳ᠋ ᠬᠦᠷᠦᠩᠬᠡ ᠶᠢ ᠬᠠᠤᠯᠢ ᠶᠤᠰᠤᠭᠠᠷ ᠰᠢᠢᠳᠪᠤᠷᠢᠯᠡᠭᠰᠡᠨ ᠶᠠᠪᠤᠳᠠᠯ ᠢ ᠤᠴᠢᠷᠯᠡᠵᠦ᠂《ᠮᠦᠡᠭᠬᠦᠨ ᠤ ᠠᠮᠠ | ᠶᠢ ᠨᠢ ᠬᠠᠭᠠᠵᠦ ᠦᠨᠳᠦᠰᠤ ᠶᠢ ᠨᠢ ᠲᠠᠰᠤᠯᠬᠤ》ᠠᠵᠢᠯ ᠤᠨ ᠲᠤᠭᠤᠶᠢᠯᠠᠩ ᠢ ᠴᠠᠭ ᠲᠤᠬᠠᠢ ᠳᠤᠨᠢ ᠪᠠᠶᠢᠭᠤᠯᠵᠦ᠂ ᠠᠰᠠᠭᠤᠨ ᠰᠤᠷᠪᠤᠯᠵᠢᠯᠠᠬᠤ᠂ ᠰᠢᠢᠳᠪᠤᠷᠢᠯᠡᠬᠦ | ᠲᠦᠰᠦᠯ ᠲᠤᠬᠳᠠᠭᠠᠬᠤ᠂ ᠢᠯᠡ ᠪᠠᠷ ᠰᠢᠬᠦᠨ ᠲᠠᠰᠤᠯᠬᠤ ᠵᠡᠷᠬᠡ ᠠᠯᠢ ᠤᠯᠠᠨ ᠶᠠᠪᠤᠴᠠ ᠶᠢ ᠲᠠᠮᠵᠢᠭᠠᠳ᠂ ᠡᠴᠦᠰ ᠲᠡᠭᠡᠨ ᠬᠠᠷ᠎ᠠ ᠬᠦᠴᠦᠨ ᠬᠠᠷᠬᠢᠰ ᠪᠦᠯᠦᠭᠳᠡᠨ | ᠤ ᠠᠵᠤ ᠠᠬᠤᠢ ᠶᠢᠨ ᠰᠠᠭᠤᠷᠢ ᠶᠢ ᠲᠤᠶᠢᠯᠪᠤᠷᠢᠳᠡᠢ ᠠᠷᠢᠯᠭᠠᠬᠰᠠᠨ ᠢ ᠲᠤᠭᠠᠴᠢᠬᠰᠠᠨ ᠪᠠᠶᠢᠨ᠎ᠠ᠃ | ᠦᠢᠯᠠᠭᠠᠬᠰᠠᠨ ᠢᠶᠠᠷ᠂ ᠲᠤᠰ ᠺᠢᠨᠤ᠋ ᠨᠢ ᠪᠦᠬᠦ ᠤᠯᠤᠰ ᠤᠨ ᠬᠤᠶᠠᠷ ᠲᠦᠮᠡᠨ ᠦᠵᠡᠬᠦᠯᠬᠡ ᠶᠢᠨ ᠺᠢᠨᠤ᠋ ᠲᠤᠮᠳᠠ ᠠᠴᠠ ᠴᠤᠯᠭᠤᠷᠠᠨ ᠭᠠᠷᠴᠤ᠂ ᠺᠢᠨᠤ᠋ ᠶᠢᠨ | ᠦᠵᠡᠬᠦᠯᠬᠡ ᠨᠢ ᠰᠦᠯᠵᠢᠶᠠᠨ ᠺᠢᠨᠤ᠋᠂ ᠰᠦᠯᠵᠢᠶᠠᠨ ᠵᠦᠴᠦᠬᠡ᠂ ᠪᠢᠴᠢᠯ ᠺᠢᠨᠤ᠋᠂ ᠤᠬᠤᠷ ᠸᠢᠳᠢᠤ᠋᠂ ᠪᠠᠷᠢᠮᠳᠠᠳᠤ ᠹᠢᠯᠢᠮ ᠵᠡᠷᠬᠡ ᠰᠦᠯᠵᠢᠶᠠᠨ ᠪᠦᠳᠦᠬᠡᠭᠳᠡᠬᠦᠨ ᠤ | ᠠᠭᠤᠯᠭ᠎ᠠ ᠶᠢ ᠪᠠᠭᠳᠠᠭᠠᠵᠦ᠂《 ᠭᠤᠸᠠᠩ ᠨᠢᠶᠠᠨ ᠬᠤᠨᠳᠠᠭᠠᠳᠤ》ᠪᠤᠯ ᠰᠦᠯᠵᠢᠶᠠᠨ ᠺᠢᠨᠤ᠋ ᠦᠵᠡᠬᠦᠯᠬᠡ ᠶᠢᠨ ᠬᠠᠮᠤᠭ ᠤᠨ ᠲᠡᠭᠡᠳᠤ ᠢᠷᠠᠭᠤ ᠠᠯᠳᠠᠷ ᠪᠠᠶᠢᠵᠦ᠂ | ᠠᠵᠢᠯ ᠮᠡᠷᠬᠡᠵᠢᠯ ᠤᠨ ᠲᠤᠳᠤᠷᠠᠬᠢ ᠰᠦᠯᠵᠢᠶᠠᠨ ᠺᠢᠨᠤ᠋ ᠶᠢᠨ《 ᠤᠤᠰᠺᠠ 》ᠬᠡᠮᠡᠭᠳᠡᠭᠰᠡᠨ ᠰᠠᠶᠢᠬᠠᠨ ᠨᠡᠷᠡᠶᠢᠳᠦᠯ ᠲᠠᠢ ᠪᠢᠯᠡ᠃ | |