ᠱᠢ ᠡᠯ ᠯᠢᠶᠠᠨ ᠴᠸᠡᠭ ᠰᠢᠶᠠᠩ᠄《ᠠᠷᠠᠳ ᠤᠨ ᠠᠮᠢᠳᠤᠷᠠᠯ ᠤᠨ ᠨᠠᠷᠢᠨ ᠲᠠᠩᠰᠡ》 ᠶᠢ《ᠵᠤᠯ ᠵᠢᠷᠭᠠᠯ ᠤᠨ ᠬᠠᠭᠤᠳᠠᠰᠤ》ᠪᠤᠯᠭᠠᠨ ᠬᠤᠪᠢᠷᠠᠭᠠᠪᠠ
ᠨᠡᠶᠢᠲᠡᠯᠡᠭᠰᠡᠨ ᠴᠠᠭ᠄
2021/12/29
      ᠠᠷᠠᠳ ᠤᠨ ᠠᠮᠢᠳᠤᠷᠠᠯ ᠤᠨ ᠶᠠᠪᠤᠳᠠᠯ ᠳᠤ ᠪᠠᠭ᠎ᠠ ᠶᠠᠪᠤᠳᠠᠯ ᠬᠡᠮᠡᠨ ᠪᠠᠶᠢᠳᠠᠭ ᠦᠬᠡᠢ᠃ ᠨᠠᠮ ᠤᠨ ᠲᠡᠤᠬᠡ ᠶᠢ ᠰᠤᠷᠤᠯᠴᠠᠬᠤ ᠬᠦᠮᠦᠵᠢᠯ ᠢ ᠦᠷᠨᠢᠬᠦᠯᠦᠭᠰᠡᠨ  ᠠᠴᠠ ᠨᠠᠭᠠᠰᠢ᠂ ᠱᠢ ᠡᠯ ᠯᠢᠶᠠᠨ ᠴᠸᠡᠭ ᠰᠢᠶᠠᠩ《 ᠪᠢ ᠤᠯᠠᠨ ᠲᠦᠮᠡᠨ ᠳᠤ ᠪᠤᠳᠠᠳᠤ ᠶᠠᠪᠤᠳᠠᠯ ᠬᠢᠬᠦ》 ᠪᠠᠷ ᠭᠠᠷᠳᠠᠴᠠ ᠪᠠ ᠰᠢᠪᠳᠤᠯᠤᠯᠳᠠ ᠶᠢᠨ ᠴᠡᠭ ᠢᠶᠠᠨ ᠪᠤᠯᠭᠠᠵᠦ᠂ ᠠᠷᠠᠳ ᠤᠯᠠᠨ ᠤ ᠬᠠᠮᠤᠭ ᠠᠴᠠ ᠢᠯᠡᠬᠦᠦ ᠬᠠᠯᠠᠮᠵᠢᠯᠠᠳᠠᠭ᠂ ᠬᠠᠮᠤᠭ ᠤᠨ ᠪᠤᠳᠠᠳᠡᠢ᠂ ᠬᠠᠮᠤᠭ ᠤᠨ ᠰᠢᠭᠤᠳ《 ᠪᠠᠴᠢᠮ ᠬᠦᠴᠢᠷᠳᠡᠯ ᠢ ᠰᠢᠢᠳᠪᠤᠷᠢᠯᠡᠵᠦ ᠦᠭᠬᠦ ᠬᠦᠰᠡᠯ》 ᠲᠠᠢ ᠠᠰᠠᠭᠤᠳᠠᠯ ᠢ ᠬᠦᠴᠦᠯᠡᠨ ᠰᠢᠢᠳᠪᠤᠷᠢᠯᠡᠵᠦ᠂ ᠠᠷᠠᠳ ᠤᠨ ᠠᠮᠢᠳᠤᠷᠠᠯ ᠤᠨ ᠪᠤᠳᠠᠳᠤ ᠶᠠᠪᠤᠳᠠᠯ ᠤᠨ ᠲᠦᠷᠦᠯ ᠵᠦᠢᠯ ᠤᠨ ᠨᠠᠷᠢᠨ ᠲᠠᠩᠰᠠ ᠶᠢ ᠠᠷᠠᠳ ᠤᠯᠠᠨ ᠤ《ᠵᠤᠯ ᠵᠢᠷᠭᠠᠯ ᠤᠨ ᠬᠠᠭᠤᠳᠠᠰᠤ》ᠪᠤᠯᠭᠠᠬᠤ ᠪᠠᠷ ᠴᠢᠷᠮᠠᠶᠢᠪᠠ᠃ ᠱᠢ ᠡᠯ ᠯᠢᠶᠠᠨ ᠴᠸᠡᠭ ᠰᠢᠶᠠᠩ ᠤᠨ ᠰᠤᠬᠠᠶᠢᠳᠤ ᠲᠤᠰᠬᠤᠨ ᠳᠤ᠂ ᠠᠵᠢᠯᠳᠠᠨ ᠶᠠᠭ ᠰᠠᠶᠢᠬᠠᠨ ᠰᠢᠨ᠎ᠠ ᠤᠬᠰᠠᠷᠠᠬᠰᠠᠨ ᠵᠠᠮ ᠤᠨ ᠬᠡᠷᠡᠯᠳᠦᠬᠦᠯᠬᠡ ᠶᠢᠨ ᠳ᠋ᠸᠡᠭ ᠢ ᠪᠠᠶᠢᠴᠠᠭᠠᠨ ᠰᠠᠯᠪᠢᠵᠦ ᠪᠠᠶᠢᠯ᠎ᠠ᠃ ᠦᠡᠭᠬᠡᠷᠡᠭᠰᠡᠨ ᠳᠤ᠂ ᠰᠤᠬᠠᠶᠢᠳᠤ ᠲᠤᠰᠬᠤᠨ ᠤ ᠵᠠᠮ ᠲᠡᠭᠡᠷ᠎ᠠ ᠲᠡᠶᠢᠮᠤ ᠤᠯᠠᠨ ᠬᠡᠷᠡᠯᠳᠦᠬᠦᠯᠬᠡ ᠶᠢᠨ ᠳ᠋ᠸᠡᠭ ᠪᠠᠶᠢᠬᠰᠠᠨ ᠦᠬᠡᠢ ᠪᠤᠯᠬᠤᠷ ᠦᠳᠡᠰᠢ ᠬᠠᠷᠠᠩᠭᠤᠢ ᠪᠤᠯᠤᠮᠠᠬᠴᠠ ᠪᠠᠨ ᠵᠠᠮ ᠲᠠᠭᠠᠤ ᠨᠡᠳᠦᠶᠢᠨ ᠬᠠᠷᠠᠩᠭᠤᠶᠢᠯᠠᠳᠠᠭ ᠪᠠᠶᠢᠵᠡᠢ᠃ ᠡᠨᠡ ᠨᠢ ᠲᠤᠰᠬᠤᠨ ᠤ ᠠᠷᠠᠳ ᠤᠨ ᠶᠠᠪᠤᠵᠦ ᠰᠠᠭᠤᠬᠤ ᠳᠤ ᠲᠦᠬᠦᠮ ᠪᠠᠶᠢᠬᠤ ᠱᠠᠭᠠᠷᠳᠠᠯᠭ᠎ᠠ ᠶᠢ ᠬᠠᠨᠭ᠍ᠭᠠᠵᠦ ᠴᠢᠳᠠᠬᠰᠠᠨ ᠦᠬᠡᠢ ᠪᠠᠶᠢᠪᠠ᠃ ᠢᠡᠭᠬᠢᠬᠦᠯᠡᠷ ᠵᠠᠮ ᠲᠠᠭᠠᠤ ᠬᠡᠷᠡᠯᠳᠦᠬᠦᠯᠬᠡ ᠶᠢᠨ ᠳ᠋ᠸᠡᠭ ᠤᠬᠰᠠᠷᠠᠭᠤᠯᠵᠦ ᠬᠠᠷᠢᠬᠤ ᠵᠠᠮ ᠳᠤᠨᠢ ᠳ᠋ᠸᠡᠭ ᠬᠡᠷᠡᠯᠳᠦᠬᠦᠯᠵᠦ ᠦᠭᠬᠦ ᠨᠢ ᠲᠤᠰᠬᠤᠨ ᠤ ᠠᠷᠠᠳ ᠤᠨ ᠶᠡᠭᠡ ᠬᠦᠰᠡᠯ ᠪᠡᠶᠢᠵᠡᠢ᠃ ᠡᠨᠡ ᠵᠢᠯ ᠡᠨᠡᠬᠦ ᠠᠰᠠᠭᠤᠳᠠᠯ ᠳᠤ ᠴᠢᠭᠯᠡᠬᠦᠯᠦᠨ᠂ ᠰᠤᠬᠠᠶᠢᠳᠤ ᠲᠤᠰᠬᠤᠨ《 ᠪᠢ ᠤᠯᠠᠨ ᠲᠦᠮᠡᠨ ᠳᠤ ᠪᠤᠳᠠᠳᠤ ᠶᠠᠪᠤᠳᠠᠯ ᠬᠢᠬᠦ》ᠦᠢᠯᠡᠳᠦᠯᠬᠡ ᠶᠢᠨ ᠠᠵᠢᠯᠯᠠᠭ᠎ᠠ ᠪᠠᠷ ᠲᠤᠬᠢᠶᠠᠯ ᠪᠤᠯᠭᠠᠨ᠂ ᠲᠤᠰᠬᠤᠨ ᠤ 11 ᠬᠤᠷᠰᠢᠶ᠎ᠠ ᠶᠢᠨ ᠭᠤᠤᠯ ᠵᠠᠮ ᠱᠤᠭᠤᠮ ᠲᠠᠭᠠᠤ ᠨᠠᠷᠠᠨ ᠡᠨᠧᠷᠬᠢ ᠶᠢᠨ ᠵᠠᠮ ᠤᠨ ᠬᠡᠷᠡᠯᠳᠦᠬᠦᠯᠬᠡ ᠶᠢᠨ ᠳ᠋ᠸᠡᠭ ᠤᠬᠰᠠᠷᠠᠭᠤᠯᠵᠦ ᠦᠭᠴᠡᠢ᠃ ᠨᠢᠬᠡᠳᠦᠯᠳᠡᠢ ᠤᠬᠰᠠᠷᠠᠭᠤᠯᠤᠬᠰᠠᠨ ᠵᠠᠮ ᠲᠠᠭᠠᠤ ᠬᠡᠷᠡᠯᠳᠦᠬᠦᠯᠬᠡ ᠶᠢᠨ ᠳ᠋ᠸᠡᠭ ᠨᠢ ᠭᠤᠶᠤ ᠰᠠᠶᠢᠬᠠᠨ ᠲᠤᠰᠬᠤᠨ ᠢ ᠬᠡᠷᠡᠯᠳᠦᠬᠦᠯᠵᠦ ᠴᠢᠳᠠᠬᠰᠠᠨ ᠮᠦᠷᠳᠡᠬᠡᠨ ᠠᠷᠠᠳ ᠤᠨ ᠰᠡᠳᠬᠢᠯ ᠢ ᠨᠠᠩ ᠢᠯᠡᠬᠦᠦ ᠲᠤᠯᠠᠭᠠᠴᠠᠭᠤᠯᠵᠦ ᠴᠢᠳᠠᠵᠡᠢ᠃ ᠱᠢ ᠡᠯ ᠯᠢᠶᠠᠨ ᠴᠸᠡᠭ ᠰᠢᠶᠠᠩ ᠤᠨ ᠰᠤᠬᠠᠶᠢᠳᠤ ᠲᠤᠰᠬᠤᠨ ᠤ  ᠬᠢᠨᠠᠨ ᠪᠠᠶᠢᠴᠠᠭᠠᠬᠤ ᠬᠡᠰᠢᠬᠦᠨ ᠮᠢᠶᠤᠤ ᠹᠸᠡᠭ ᠢᠤᠢ ᠬᠡᠯᠡᠬᠦ ᠳᠡᠭᠡᠨ᠄《 ᠪᠢᠳᠠ ᠡᠨᠡ ᠵᠢᠯ ᠤᠨ 5 ᠰᠠᠷ᠎ᠠ ᠠᠴᠠ ᠡᠬᠢᠯᠡᠨ ᠵᠠᠮ ᠲᠠᠭᠠᠤ ᠬᠡᠷᠡᠯᠳᠦᠬᠦᠯᠬᠡ ᠶᠢᠨ ᠳ᠋ᠸᠡᠭ ᠤᠬᠰᠠᠷᠠᠭᠤᠯᠵᠦ᠂ ᠨᠠᠶᠢᠳᠠ 207 ᠤᠬᠰᠠᠷᠠᠭᠤᠯᠵᠡᠢ᠃ ᠡᠬᠦᠨ ᠳᠤ ᠦᠨᠳᠦᠷ ᠨᠢ 150᠂ ᠪᠤᠭᠤᠨᠢ ᠨᠢ 57 ᠪᠤᠢ ᠃ ᠵᠠᠮ ᠲᠠᠭᠠᠤ ᠬᠡᠷᠡᠯᠳᠦᠬᠦᠯᠬᠡ ᠶᠢᠨ ᠳ᠋ᠸᠡᠭ ᠤᠬᠰᠠᠷᠠᠭᠤᠯᠤᠬᠰᠠᠨ ᠠᠴᠠ ᠲᠤᠰᠬᠤᠨ ᠤ ᠠᠷᠠᠳ ᠤᠨ ᠭᠠᠷᠴᠤ ᠤᠷᠤᠬᠤ ᠳᠤ ᠶᠡᠬᠡᠬᠡᠨ ᠲᠦᠬᠦᠮ ᠦᠵᠡᠬᠦᠯᠵᠦ᠂ ᠢᠯᠠᠩᠭᠤᠶ᠎ᠠ ᠬᠠᠷᠠᠩᠭᠤᠢ ᠦᠳᠡᠰᠢ ᠪᠤᠯᠬᠤ ᠳᠤ ᠠᠮᠤᠷ ᠲᠦᠪᠰᠢᠨ ᠤ ᠲᠠᠯ᠎ᠠ ᠳᠤ ᠶᠡᠬᠡᠬᠡᠨ ᠪᠠᠳᠤᠯᠠᠭ᠎ᠠ ᠬᠠᠨᠭ᠍ᠭᠠᠵᠡᠢ》ᠬᠡᠪᠡ᠃     ᠱᠢ ᠡᠯ ᠯᠢᠶᠠᠨ ᠴᠸᠡᠭ ᠰᠢᠶᠠᠩ ᠤᠨ ᠯᠢᠤᠢ ᠰᠢᠨ ᠨᠡᠶᠢᠬᠡᠮ ᠲᠤᠭᠤᠷᠢᠭ ᠲᠤ᠂ ᠰᠠᠭᠤᠭᠠᠯᠢ ᠠᠷᠠᠳ ᠤᠨ ᠲᠤᠭᠤᠷᠢᠭ ᠤᠨ ᠤᠷᠴᠢᠨ ᠲᠤᠭᠤᠷᠢᠨ ᠨᠢ ᠠᠷᠢᠭᠤᠨ ᠴᠡᠮᠴᠡᠬᠡᠷ ᠲᠡᠷᠢ ᠲᠡᠭᠰᠢ ᠬᠠᠷᠠᠬᠳᠠᠵᠦ᠂ ᠪᠡᠶ᠎ᠠ ᠪᠤᠯᠪᠠᠰᠤᠷᠠᠭᠤᠯᠬᠤ ᠲᠦᠬᠦᠬᠡᠷᠦᠮᠵᠢ ᠪᠦᠷᠢᠨ ᠪᠠᠶᠢᠵᠦ᠂ ᠰᠢᠨᠡᠬᠡᠨ ᠤᠬᠰᠠᠷᠠᠭᠤᠯᠤᠬᠰᠠᠨ ᠲᠤᠯᠠᠭᠠᠨ ᠢ ᠬᠠᠮᠠᠭᠠᠯᠠᠬᠤ ᠬᠠᠪᠳᠠᠰᠤ ᠪᠦᠬᠦᠢ ᠠᠰᠠᠷ ᠤᠳ ᠨᠢᠳᠤᠨ ᠳᠤ ᠲᠤᠯᠠᠭᠠᠬᠠᠨ ᠬᠠᠷᠠᠬᠳᠠᠨ᠎ᠠ᠃ ᠰᠢᠨ᠎ᠠ ᠲᠦᠷᠢ ᠲᠦᠷᠬᠦ ᠲᠠᠢ ᠰᠠᠭᠤᠭᠠᠯᠢ ᠠᠷᠠᠳ ᠤᠨ ᠲᠤᠭᠤᠷᠢᠭ ᠢᠶᠠᠨ ᠬᠠᠷᠠᠬᠰᠠᠨ ᠹᠦ᠋ ᠡᠯ ᠵᠤ᠋ ᠪᠠᠶᠠᠷᠳᠡᠢ ᠬᠡᠯᠡᠬᠦ ᠳᠡᠭᠡᠨ᠄《 ᠮᠠᠨ ᠤ ᠬᠢᠨ 2015 ᠤᠨ ᠳᠤ ᠨᠡᠬᠦᠵᠦ ᠢᠷᠡᠯ᠎ᠠ᠂ ᠨᠡᠶᠢᠬᠡᠮ ᠲᠤᠭᠤᠷᠢᠭ ᠤᠨ ᠡᠯ᠎ᠠ ᠲᠦᠷᠦᠯ ᠤᠨ ᠠᠵᠢᠯ ᠢ ᠠᠳᠬᠤᠬᠰᠠᠨ  ᠨᠢ ᠰᠠᠶᠢᠨ᠂ ᠠᠷᠠᠳ ᠤᠯᠠᠨ ᠳᠤ ᠨᠠᠯᠢᠶᠡᠳ ᠤᠯᠠᠨ ᠪᠤᠳᠠᠳᠤ ᠶᠠᠪᠤᠳᠠᠯ ᠬᠢᠪᠠ᠃ ᠰᠠᠭᠤᠭᠠᠯᠢ ᠠᠷᠠᠳ ᠤᠨ ᠲᠤᠭᠤᠷᠢᠭ ᠤᠨ ᠬᠡᠳᠦᠨ ᠠᠰᠠᠷ ᠤᠨ ᠬᠢᠨᠢ ᠲᠤᠯᠠᠭᠠᠨ ᠢ ᠬᠠᠮᠠᠭᠠᠯᠠᠬᠤ ᠬᠠᠪᠳᠠᠰᠤ ᠨᠢ ᠰᠢᠯᠪᠤᠷᠠᠵᠦ ᠤᠨᠠᠬᠰᠠᠨ ᠢ ᠨᠡᠶᠢᠬᠡᠮ ᠲᠤᠭᠤᠷᠢᠭ ᠤᠨ ᠬᠢᠨᠢ ᠴᠠᠭ ᠲᠤᠬᠠᠢ ᠳᠤᠨᠢ ᠬᠦᠮᠦᠨ ᠬᠦᠯᠦᠰᠦᠯᠡᠨ ᠠᠪᠴᠢᠷᠠᠵᠦ ᠰᠠᠯᠪᠢᠨ ᠵᠠᠰᠠᠭᠤᠯᠪᠠ︔ ᠪᠤᠬᠢᠷ ᠤᠰᠤᠨ ᠤ ᠬᠤᠭᠤᠯᠠᠢ ᠪᠦᠭᠯᠡᠷᠡᠬᠦ ᠳᠤ ᠨᠡᠶᠢᠬᠡᠮ ᠲᠤᠭᠤᠷᠢᠭ ᠤᠨ ᠬᠢᠨ ᠬᠠᠮᠤᠭ ᠲᠦᠷᠦᠬᠦᠨ ᠳᠤ ᠬᠦᠮᠦᠨ ᠲᠠᠭᠠᠭᠤᠯᠵᠦ ᠢᠷᠡᠬᠡᠳ ᠰᠠᠯᠪᠢᠨ ᠵᠠᠰᠠᠪᠠ︔ ᠰᠠᠭᠤᠭᠠᠯᠢ ᠠᠷᠠᠳ ᠤᠨ ᠠᠮᠤᠷ ᠲᠦᠪᠰᠢᠨ ᠢ ᠬᠠᠮᠠᠭᠠᠯᠬᠠᠤ ᠪᠠᠷ ᠵᠠᠮ ᠤᠨ ᠬᠤᠶᠠᠷ ᠬᠠᠵᠠᠭᠤ ᠳᠤ ᠬᠢᠨᠡᠨ ᠡᠵᠡᠮᠳᠡᠬᠦᠷ ᠤᠬᠰᠠᠷᠠᠭᠤᠯᠪᠠ᠃ ᠪᠢᠳᠠ ᠬᠡᠳᠦᠶᠢᠪᠡᠷ ᠬᠦᠳᠡᠭᠡ ᠲᠤᠰᠬᠤᠨ ᠨᠡᠶᠢᠬᠡᠮ ᠲᠤᠭᠤᠷᠢᠭ ᠲᠠᠭᠠᠨ ᠪᠠᠶᠢᠪᠠᠴᠤ᠂ ᠰᠠᠭᠤᠭᠠᠯᠢ ᠠᠷᠠᠳ ᠤᠨ ᠲᠤᠭᠤᠷᠢᠭ ᠤᠨ  ᠤᠷᠴᠢᠨ ᠲᠤᠭᠤᠷᠢᠨ ᠴᠡᠪᠡᠷ ᠴᠡᠮᠴᠡᠬᠡᠷ  ᠪᠤᠯᠤᠬᠰᠠᠨ ᠢᠶᠠᠷ ᠠᠳᠡ ᠰᠠᠭᠤᠬᠰᠠᠨ ᠪᠢᠳᠠᠨ ᠳᠤ ᠨᠠᠩ ᠵᠢᠷᠭᠠᠯ ᠲᠠᠢ ᠰᠠᠨᠠᠬᠳᠠᠵᠦ᠂ ᠬᠡᠷ ᠪᠦᠯᠢ ᠪᠠᠷ ᠢᠶᠠᠨ ᠪᠦᠷ ᠪᠠᠶᠠᠷ ᠬᠦᠷ ᠲᠠᠢ ᠠᠮᠢᠳᠤᠷᠠᠵᠠᠭᠠᠵᠦ ᠪᠠᠶᠢᠨ᠎ᠠ》ᠬᠡᠪᠡ᠃     ᠰᠠᠭᠤᠭᠠᠯᠢ ᠠᠷᠠᠳ ᠤᠨ ᠠᠮᠢᠳᠤᠷᠠᠯ ᠤᠨ ᠬᠢᠷᠢ ᠲᠦᠪᠰᠢᠨ ᠴᠢᠨᠠᠬᠰᠢᠳᠠ ᠲᠡᠭᠡᠭᠰᠢᠯᠡᠬᠦᠯᠡᠷ᠂ ᠠᠷᠠᠳ ᠤᠯᠠᠨ ᠤ ᠤᠷᠤᠰᠢᠨ ᠰᠠᠭᠤᠷᠢᠰᠢᠬᠤ ᠨᠦᠬᠦᠴᠡᠯ ᠪᠤᠯᠤᠨ ᠠᠮᠢᠳᠤᠷᠠᠯ ᠤᠨ ᠤᠷᠴᠢᠨ ᠲᠤᠭᠤᠷᠢᠨ ᠢᠶᠠᠨ ᠰᠠᠶᠢᠵᠢᠷᠠᠭᠤᠯᠬᠤ ᠬᠦᠰᠡᠯ ᠡᠷᠡᠮᠡᠯᠵᠡᠯ ᠴᠤ ᠴᠢᠨᠠᠬᠰᠢᠳᠠ ᠨᠡᠮᠡᠭᠳᠡᠪᠡ᠃ ᠠᠳᠡ ᠪᠠᠶᠢᠭ᠎ᠠ ᠰᠠᠭᠤᠭᠠᠯᠢ ᠠᠷᠠᠳ ᠤᠨ ᠵᠤᠯ ᠵᠢᠷᠭᠠᠯ ᠤᠨ ᠵᠢᠭᠠᠯᠳᠠ ᠲᠤᠭ᠎ᠠ ᠶᠢ ᠨᠡᠮᠡᠭᠳᠡᠬᠦᠯᠬᠦ ᠪᠠᠷ᠂ ᠯᠢᠤᠢ ᠰᠢᠨ ᠨᠡᠶᠢᠬᠡᠮ ᠲᠤᠭᠤᠷᠢᠭ ᠨᠢ ᠰᠠᠭᠤᠭᠠᠯᠢ ᠠᠷᠠᠳ ᠤᠨ ᠲᠤᠭᠤᠷᠢᠭ ᠤᠨ ᠤᠤᠯ ᠤᠨ ᠰᠠᠭᠤᠷᠢ ᠲᠤᠨᠤᠭ ᠲᠦᠬᠦᠬᠡᠷᠦᠮᠵᠢ ᠶᠢ ᠨᠢᠬᠡᠳᠦᠯᠳᠡᠢ ᠲᠦᠯᠦᠪᠵᠢᠬᠦᠯᠵᠦ᠂《 ᠶᠠᠭᠤ ᠲᠤᠳᠠᠪᠠᠯ ᠶᠠᠭᠤ ᠨᠦᠬᠦᠬᠦ》 ᠶᠢ ᠵᠢᠷᠤᠮᠯᠠᠵᠦ᠂ ᠵᠠᠮ ᠲᠠᠭᠠᠤ ᠬᠡᠷᠡᠯᠳᠦᠬᠦᠯᠬᠡ ᠶᠢᠨ ᠳ᠋ᠸᠡᠭ ᠤᠬᠰᠠᠷᠠᠭᠤᠯᠬᠤ᠂ ᠡᠬᠦᠳᠡᠨ ᠫᠠᠶᠢᠰᠠ ᠶᠢ ᠰᠤᠯᠢᠬᠤ᠂ ᠤᠷᠤᠰᠢᠨ ᠰᠠᠭᠤᠷᠢᠰᠢᠬᠤ ᠤᠷᠴᠢᠨ ᠲᠤᠭᠤᠷᠢᠨ ᠢ ᠰᠠᠶᠢᠵᠢᠷᠠᠭᠤᠯᠬᠤ ᠵᠡᠷᠬᠡ ᠠᠷᠠᠳ ᠲᠤ ᠬᠠᠷᠠᠭᠠᠯᠵᠠᠯ ᠦᠵᠡᠬᠦᠯᠬᠦ ᠪᠤᠳᠠᠳᠤ ᠶᠠᠪᠤᠳᠠᠯ ᠢ ᠨᠢᠬᠡᠳ ᠨᠢᠬᠡ ᠪᠠᠷ ᠪᠤᠳᠠᠳᠠᠶᠢᠵᠢᠭᠤᠯᠤᠨ ᠤᠷᠤᠨᠵᠢᠭᠤᠯᠵᠦ᠂ ᠠᠷᠠᠳ ᠤᠯᠠᠨ ᠳᠤ ᠬᠤᠪᠢᠷᠠᠯᠳᠠ ᠶᠢ ᠦᠵᠡᠬᠦᠯᠵᠦ᠂ ᠬᠠᠷᠠᠭᠠᠯᠵᠠᠯ ᠢ ᠬᠦᠷᠳᠡᠬᠡᠪᠡ᠃ ᠱᠢ ᠡᠯ ᠯᠢᠶᠠᠨ ᠴᠸᠡᠭ ᠰᠢᠶᠠᠩ ᠤᠨ ᠯᠢᠤᠢ ᠰᠢᠨ ᠨᠡᠶᠢᠬᠡᠮ ᠲᠤᠭᠤᠷᠢᠭ ᠤᠨ ᠨᠠᠮ ᠤᠨ ᠡᠬᠦᠷ ᠤᠨ ᠱᠦᠵᠢ ᠶᠠᠩ ᠪᠦᠸᠧ ᠬᠡᠯᠡᠬᠦ ᠳᠡᠭᠡᠨ᠄《 ᠪᠢᠳᠠ ᠮᠠᠨ ᠤ ᠨᠡᠶᠢᠬᠡᠮ ᠲᠤᠭᠤᠷᠢᠭ ᠤᠨ ᠰᠠᠭᠤᠭᠠᠯᠢ ᠠᠷᠠᠳ ᠤᠨ ᠲᠤᠭᠤᠷᠢᠭ ᠲᠤ ᠵᠠᠮ ᠲᠠᠭᠠᠤ 62 ᠬᠡᠷᠡᠯᠳᠦᠬᠦᠯᠬᠡ ᠶᠢᠨ ᠳ᠋ᠸᠡᠭ ᠢ ᠤᠬᠰᠠᠷᠠᠭᠤᠯᠵᠦ᠂ 96 ᠤᠷᠤᠴᠠ ᠶᠢᠨ ᠡᠬᠦᠳᠡᠨ ᠶᠢ ᠰᠤᠯᠢᠵᠦ᠂ ᠰᠡᠷᠢᠬᠦᠴᠡᠨ ᠰᠠᠭᠤᠬᠤ ᠰᠠᠨᠳᠠᠯᠢ  ᠶᠢ 10 ᠲᠠᠯᠪᠢᠵᠦ᠂ 3 ᠠᠰᠠᠷ ᠤᠨ ᠲᠤᠯᠠᠭᠠᠨ ᠢ ᠬᠠᠮᠠᠭᠠᠯᠠᠬᠤ ᠬᠠᠪᠳᠠᠰᠤ ᠶᠢ ᠰᠠᠯᠪᠢᠨ ᠵᠠᠰᠠᠵᠡᠢ᠃ ᠲᠠᠷᠠᠭᠠᠴᠢ ᠶᠢᠨ ᠠᠯᠬᠤᠮ ᠳᠤ ᠰᠠᠭᠤᠭᠠᠯᠢ ᠠᠷᠠᠳ ᠤᠨ ᠲᠤᠭᠤᠷᠢᠭ ‍ᠤᠨ‌ᠭᠠᠳᠠᠭᠤᠷᠬᠢ ᠬᠠᠰᠢᠶ᠎ᠠ ᠬᠡᠷᠡᠰᠬᠡ ᠶᠢ ᠬᠠᠮᠠᠭᠠᠯᠠᠵᠦ᠂ ᠰᠠᠭᠤᠭᠠᠯᠢ ᠠᠷᠠᠳ ᠤᠨ ᠲᠤᠭᠤᠷᠢᠭ ᠤᠨ ᠠᠮᠤᠷ ᠲᠦᠪᠰᠢᠨ ᠢ ᠪᠠᠳᠤᠯᠠᠵᠦ᠂ ᠬᠠᠷᠢᠶ᠎ᠠ ᠤᠷᠤᠨ ᠤ ᠰᠠᠭᠤᠭᠠᠯᠢ ᠠᠷᠠᠳ ᠢᠶᠠᠨ ᠰᠠᠨᠠᠭ᠎ᠠ ᠠᠮᠤᠷ᠂ ᠲᠠᠭᠠᠯᠠᠮᠵᠢᠳᠡᠢ᠂ ᠲᠠᠭᠠᠳᠡᠢ ᠪᠠᠶᠢᠯᠭᠠᠬᠤ ᠪᠤᠯᠤᠨ᠎ᠠ》ᠬᠡᠪᠡ᠃ ᠠᠷᠠᠳ ᠤᠨ ᠰᠡᠳᠬᠢᠯ ᠨᠢᠬᠡᠪᠦᠷᠢ ᠶᠢ ᠬᠤᠯᠪᠤᠵᠦ᠂ ᠠᠷᠠᠳ ᠤᠨ ᠰᠡᠳᠬᠢᠯ ᠢᠶᠠᠷ ᠠᠷᠠᠳ ᠤᠨ ᠬᠦᠴᠦ ᠶᠢ ᠨᠢᠬᠳᠠᠷᠠᠭᠤᠯᠤᠨ᠎ᠠ᠃ ᠠᠷᠠᠳ ᠤᠨ ᠠᠮᠢᠳᠤᠷᠠᠯ ᠨᠢᠬᠡᠪᠦᠷᠢ  ᠶᠢᠨ ᠲᠤᠭ᠎ᠠ ᠮᠠᠭᠠᠳ ᠨᠢ ᠰᠡᠳᠬᠢᠯ ᠢ ᠲᠤᠯᠠᠭᠠᠴᠠᠭᠤᠯᠤᠬᠰᠠᠨ ᠪᠤᠳᠠᠳᠤ ᠬᠠᠭᠤᠳᠠᠰᠤ ᠪᠠᠶᠢᠵᠦ᠂ ᠠᠷᠠᠳ ᠤᠨ ᠠᠮᠢᠳᠤᠷᠠᠯ  ᠳᠤ ᠵᠤᠯ ᠵᠢᠷᠭᠠᠯ ᠨᠡᠮᠡᠭᠳᠡᠬᠦᠯᠵᠦ᠂ ᠠᠷᠠᠳ ᠤᠯᠠᠨ ᠤ ᠲᠠᠰᠤᠷᠠᠯᠳᠠ ᠦᠬᠡᠢ ᠨᠡᠮᠡᠭᠳᠡᠵᠦ ᠪᠠᠶᠢᠭ᠎ᠠ ᠵᠤᠯ ᠵᠢᠷᠭᠠᠯ ᠤᠨ  ᠵᠢᠭᠠᠯᠳᠠ ᠲᠤᠭ᠎ᠠ ᠶᠢᠨ ᠬᠢᠨᠢ ᠬᠡᠷᠡᠴᠢᠯᠡᠭᠡ ᠪᠠᠶᠢᠯ᠎ᠠ᠃ ᠤᠳᠤᠬᠠᠨ ᠪᠤᠯᠳᠠᠯ᠎ᠠ᠂ ᠱᠢ ᠡᠯ ᠯᠢᠶᠠᠨ ᠴᠸᠡᠭ ᠰᠢᠶᠠᠩ《ᠪᠢ ᠤᠯᠠᠨ ᠲᠦᠮᠡᠨ ᠳᠤ ᠪᠤᠳᠠᠳᠤ ᠶᠠᠪᠤᠳᠠᠯ ᠬᠢᠬᠦ》ᠲᠦᠷᠦᠯ ᠵᠦᠢᠯ ᠢ 75 ᠪᠡᠶᠡᠯᠡᠬᠦᠯᠵᠦ᠂ ᠪᠤᠳᠠᠳᠤ ᠴᠢᠷᠮᠠᠶᠢᠯᠭ᠎ᠠ ᠪᠠᠷ  ᠢᠶᠠᠨ《ᠠᠰᠠᠭᠤᠳᠠᠯ ᠤᠨ ᠨᠠᠷᠢᠨ ᠲᠠᠩᠰᠠ》 ᠶᠢ ᠠᠷᠠᠳ ᠤᠯᠠᠨ ᠤ ᠬᠠᠨᠤᠮᠵᠢᠳᠡᠢ《 ᠵᠤᠯ ᠵᠢᠷᠭᠠᠯ ᠤᠨ ᠬᠠᠭᠤᠳᠠᠰᠤ》ᠪᠤᠯᠭᠠᠨ ᠦᠨᠡᠨᠬᠦ ᠬᠤᠪᠢᠷᠠᠭᠤᠯᠵᠦ ᠴᠢᠳᠠᠬᠰᠠᠨ ᠪᠠᠶᠢᠨ᠎ᠠ᠃ 
ᠢᠷᠡᠯᠲᠡ᠄ ᠦᠨᠦᠳᠦᠷ ᠤᠨ ᠵᠡᠬᠦᠠᠭᠠᠷ