ᠳᠤᠯᠤᠭᠠᠨ ᠬᠤᠪᠢ ᠴᠠᠳᠪᠠᠯ ᠡᠷᠡᠭᠦᠯ ᠮᠡᠨᠳᠦ ᠳᠤ ᠠᠰᠢᠭᠲᠠᠢ
ᠨᠡᠶᠢᠲᠡᠯᠡᠭᠰᠡᠨ ᠴᠠᠭ᠄
2021/11/9
      ᠵᠢᠭᠠᠰᠤ ᠳᠡᠵᠢᠭᠡᠳᠡᠭ ᠭᠦᠮᠤᠰ ᠤᠨ ᠭᠡᠯᠡᠭᠦ ᠪᠠᠷ ᠵᠢᠭᠠᠰᠤ ᠶᠢ ᠨᠢᠭᠡ ᠭᠠᠷᠠᠭ ᠲᠤ ᠨᠢᠭᠡ ᠯᠠ ᠤᠳᠠᠭ᠎ᠠ ᠳᠡᠵᠢᠭᠡᠳᠡᠭ ᠭᠡᠨ᠎ᠡ᠃ ᠬᠠᠷᠢᠨ ᠡᠳᠤᠷ ᠪᠦᠷᠢ ᠳᠡᠵᠢᠭᠡᠭᠦ ᠨᠢ ᠵᠢᠭᠠᠰᠤᠨ ᠤ ᠠᠮᠢ ᠨᠠᠰᠤ ᠶᠢ ᠬᠤᠷᠤᠭᠳᠠᠭᠤᠯᠵᠤ ᠤᠯᠠᠮ ᠢᠶᠠᠷ ᠢᠳᠡᠭᠰᠡᠨ ᠨᠢ ᠭᠡᠳᠤᠷᠠᠵᠤ ᠠᠮᠠᠷᠬᠠᠨ ᠦᠭᠦᠴᠢᠭᠡᠳᠡᠭ ᠭᠡᠵᠤ ᠪᠤᠢ᠃ ᠮᠦᠨ ᠴᠤ ᠤᠯᠠᠩᠬᠢ ᠬᠤᠸᠠᠷ ᠴᠡᠴᠡᠭ ᠢ ᠡᠳᠤᠷᠵᠢᠨ ᠤᠰᠤᠯᠠᠭᠠᠳ ᠪᠠᠶᠢᠵᠤ ᠪᠤᠯᠬᠤ ᠦᠭᠡᠢ᠂ ᠨᠠᠯᠢᠶᠠᠳ ᠬᠠᠳᠠᠬᠤ ᠮᠠᠶ᠋ᠢᠭ ᠲᠠᠢ ᠪᠤᠯᠬᠤ ᠦᠶ᠎ᠡ ᠳᠤᠨᠢ ᠰᠠᠶ᠋ᠢ ᠤᠰᠤᠯᠠᠳᠠᠭ᠃ ᠡᠭᠦᠨ ᠠᠴᠠ ᠦᠵᠡᠭᠦ ᠳᠤ ᠠᠮᠢᠳᠠᠨ ᠤᠷᠭᠤᠮᠠᠯ ᠴᠦᠮ ᠭᠡᠳᠤᠷᠭᠡᠢ ᠴᠠᠳᠬᠤ ᠨᠢ ᠳᠡᠳᠡᠨ ᠤ ᠠᠮᠢ ᠨᠠᠰᠤᠨ ᠳᠤ ᠰᠦᠷᠳᠡᠭᠦᠯᠦᠯ ᠪᠤᠯᠳᠠᠭ ᠢ ᠤᠶᠢᠢᠯᠠᠭᠠᠵᠤ ᠪᠤᠯᠤᠨ᠎ᠡ᠃ ᠠᠳᠠᠯᠢ ᠪᠠᠷ ᠭᠦᠮᠤᠨ ᠴᠤ ᠭᠡᠰᠡᠨ ᠭᠡᠳᠤᠷᠡᠳᠠᠯ᠎ᠡ ᠢᠳᠡᠭᠦ ᠨᠢ ᠰᠢᠩᠭᠡᠭᠡᠯᠳᠡ ᠶᠢᠨ ᠰᠢᠰᠲ᠋ᠧᠮ ᠤᠨ ᠳᠠᠷᠤᠭᠠᠰᠤ ᠶᠢ ᠨᠡᠮᠡᠭᠳᠡᠭᠦᠯᠵᠤ᠂ ᠶᠡᠭᠡ ᠳᠠᠷᠢᠭᠢᠨ ᠳᠤ ᠴᠢᠰᠤ ᠳᠤᠳᠠᠭᠳᠠᠬᠤ᠂ ᠠᠮᠠᠷᠬᠠᠨ ᠳᠠᠷᠭᠤᠯᠠᠬᠤ ᠵᠡᠷᠬᠡ ᠡᠯ᠎ᠡ ᠵᠦᠢᠯ ᠤᠨ ᠡᠪᠡᠳᠴᠢᠨ ᠢ ᠡᠭᠦᠰᠭᠡᠳᠡᠭ ᠶᠤᠮ᠃      ᠠᠷᠠᠳ ᠤᠨ ᠦᠭᠡᠨ ᠳᠤ ︽ᠨᠢᠯᠬ᠎ᠠ ᠭᠡᠤᠭᠡᠳ ᠢ ᠡᠷᠡᠭᠦᠯ ᠴᠢᠬᠢᠷᠠᠭ ᠪᠤᠶᠢᠵᠢᠭᠤᠯᠤᠶ᠎ᠡ ᠭᠡᠪᠡᠯ ᠭᠡᠳᠡᠰᠤ ᠶᠢ ᠨᠢ ᠭᠤᠷᠪᠠᠨ ᠬᠤᠪᠢ ᠦᠯᠦᠰᠭᠦᠯᠡᠩ᠂ ᠪᠠᠶ᠎ᠡ ᠶᠢ ᠨᠢ ᠭᠤᠷᠪᠠᠨ ᠬᠤᠪᠢ ᠭᠦᠢᠳᠡᠨ ᠪᠠᠶᠢᠯᠭᠠᠷᠡᠢ︾ ᠭᠡᠳᠡᠭ᠃ ᠭᠡᠤᠭᠡᠳ ᠢ ᠭᠡᠳᠤᠷᠭᠡᠢ ᠴᠠᠳᠳᠠᠯ᠎ᠡ ᠢᠳᠡᠭᠦᠯᠭᠦ ᠪᠤᠶᠤ ᠭᠡᠳᠤᠷᠭᠡᠢ ᠪᠠᠭᠢᠯᠡᠭᠦ ᠨᠢ ᠪᠦᠷ ᠡᠷᠡᠭᠦᠯ ᠮᠡᠨᠳᠤ ᠳᠤᠨᠢ ᠠᠰᠢᠭ ᠦᠭᠡᠢ ᠶᠤᠮ᠃ ᠳᠤᠮᠤᠴᠤᠳ ᠴᠤ ᠭᠡᠰᠡᠨ ᠠᠳᠠᠯᠢᠬᠠᠨ ᠪᠠᠶᠢᠳᠠᠭ᠃ ᠰᠤᠳᠤᠯᠭᠠᠨ ᠳᠤ ᠭᠡᠷᠡᠴᠢᠯᠡᠭᠰᠡᠨ ᠢᠶᠠᠷ ᠭᠦᠮᠤᠨ ᠤ ᠪᠠᠶ᠎ᠡ ᠦᠯᠦᠰᠭᠦᠯᠡᠩ ᠪᠠᠶᠢᠬᠤ ᠦᠶ᠎ᠡ ᠳᠤ ᠦᠨᠤᠴᠢᠨ ᠳᠠᠷᠢᠬᠢ ᠦᠭᠦᠭᠰᠡᠨ ᠬᠤᠷᠮᠤᠨ ᠤ ᠰᠢᠭᠦᠷᠡᠯᠳᠡ ᠶᠢ ᠪᠠᠭ᠎ᠠ ᠭᠠᠳᠠᠭᠰᠢᠭᠤᠯᠵᠤ᠂ ᠤᠷᠭᠠᠨᠢᠭ ᠦᠭᠡᠭᠦ ᠶᠢᠨ ᠵᠠᠳᠠᠯᠤᠯᠳᠠ ᠶᠢ ᠠᠬᠢᠭᠤᠯᠦᠨ ᠰᠢᠬᠢᠷ ᠪᠤᠯᠤᠨ ᠡᠨᠧᠷᠬᠢ ᠪᠤᠯᠭᠠᠵᠤ᠂ ᠶᠡᠭᠡ ᠳᠠᠷᠢᠬᠢ ᠵᠢᠴᠢ ᠪᠤᠰᠤᠳ ᠡᠷᠭᠡᠳᠡᠨ ᠤ ᠮᠠᠬᠠᠪᠤᠳ ᠤᠨ ᠭᠦᠳᠡᠯᠭᠡᠭᠡᠨ ᠢ ᠭᠡᠪ ᠢᠶᠠᠷ ᠨᠢ ᠪᠠᠶᠢᠯᠭᠠᠬᠤ ᠶᠢ ᠪᠠᠳᠤᠯᠠᠬᠤ ᠦᠢᠯᠡᠳᠤᠯ ᠲᠠᠢ ᠭᠡᠵᠡᠢ᠃ ᠤᠳᠤᠬᠠᠨ ᠳᠤ ᠭᠡᠤᠭᠡᠳ ᠪᠠᠭᠠᠴᠤᠳ ᠭᠡᠰᠡᠨ ᠦᠭᠡᠢ ᠳᠤᠮᠤᠴᠤᠳ ᠤᠨ ᠪᠠᠶ᠎ᠡ ᠶᠢᠨ ᠭᠦᠨᠳᠤ ᠶᠢᠨ ᠪᠠᠷᠢᠮᠵᠢᠶ᠎ᠡ ᠨᠢ ᠭᠡᠳᠤᠷᠡᠭᠡᠳ ᠡᠯ᠎ᠡ ᠵᠦᠢᠯ ᠤᠨ ᠡᠪᠡᠳᠴᠢᠨ ᠡᠮᠭᠡᠭ ᠲᠤ ᠨᠡᠷᠪᠡᠭᠳᠡᠵᠤ ᠪᠤᠢ᠃ ᠡᠨᠡ ᠨᠢ ᠭᠠᠷᠴᠠᠭ᠎ᠠ ᠦᠭᠡᠢ ᠭᠡᠳᠤᠷᠭᠡᠢ ᠢᠳᠡᠵᠤ ᠤᠤᠭᠤᠭᠰᠠᠨ ᠲᠠᠢ ᠨᠢᠭᠳᠠ ᠬᠤᠯᠪᠤᠭ᠎ᠠ ᠲᠠᠢ ᠶᠤᠮ᠃ ᠡᠶᠢᠮᠤ ᠠᠴᠠ ᠭᠦᠮᠤᠰ ᠡᠷᠡᠭᠦᠯ ᠮᠠᠨᠳᠤ ᠶᠢᠨ ᠢᠶᠠᠨ ᠳᠦᠯᠦᠭᠡ ᠠᠮᠳᠠᠳᠤ ᠢᠳᠡᠭᠡᠨ ᠢ ᠨᠢᠭᠡᠯᠡ ᠳᠡᠭᠡᠷ᠎ᠡ ᠶᠠᠭᠡᠪᠠᠷ ᠢᠳᠡᠵᠤ ᠤᠤᠭᠤᠬᠤ ᠦᠭᠡᠢ ᠪᠠᠶᠢᠵᠤ᠂ ᠳᠤᠯᠤᠭᠠᠨ ᠬᠤᠪᠢ ᠴᠠᠳᠬᠤ ᠶᠢ ᠪᠠᠳᠤᠯᠠᠪᠠᠯ ᠵᠤᠬᠢᠨ᠎ᠡ᠃ ᠡᠷᠡᠨ ᠪᠦᠷᠢ ᠶᠢᠨ ᠬᠤᠭᠤᠯᠠ ᠶᠢ ᠳᠤᠯᠤᠭᠠᠨ ᠬᠤᠪᠢ ᠴᠠᠳᠬᠤ ᠶᠢ ᠪᠠᠳᠤᠯᠠᠬᠤ ᠨᠢ ᠭᠡᠳᠡᠰᠤ ᠶᠢ ᠠᠮᠠᠷᠠᠭᠤᠯᠵᠤ᠂ ᠭᠡᠳᠡᠰᠤᠨ ᠳᠤᠳᠤᠷᠠᠬᠢ ᠢᠳᠡᠰᠢᠨ ᠤ ᠦᠯᠡᠳᠡᠭᠳᠡᠯ ᠢ ᠠᠷᠢᠯᠭᠠᠵᠤ ᠴᠢᠳᠠᠬᠤ ᠮᠦᠷᠳᠡᠭᠡᠨ ᠪᠠᠶ᠎ᠡ ᠶᠢᠨ ᠡᠷᠡᠭᠦᠯ ᠮᠡᠨᠳᠤ ᠪᠠᠨ ᠪᠠᠳᠤᠯᠠᠬᠤ ᠳᠤ ᠳᠦᠢᠯ ᠤᠨ ᠶᠡᠭᠡ ᠠᠴᠢ ᠳᠤᠰᠠ ᠲᠠᠢ ᠪᠠᠶᠢᠳᠠᠭ᠃      ᠡᠷᠡᠭᠦᠯ ᠮᠡᠨᠳᠤ ᠪᠤᠯ ᠶᠠᠬ ᠯᠠ ᠡᠷᠳᠡᠨᠢ ᠶᠢᠨ ᠠᠭᠤᠷᠬᠠᠢ ᠲᠠᠢ ᠠᠳᠠᠯᠢ᠂ ᠬᠠᠶᠢᠷᠠᠯᠠᠯ ᠦᠭᠡᠢ ᠠᠭᠤᠳᠠᠯᠯᠠᠵᠤ ᠠᠰᠢᠭᠯᠠᠭᠠᠳ ᠯᠠ ᠪᠠᠶᠢᠪᠠᠯ ᠨᠠᠰᠤᠨ ᠬᠤᠳᠤᠭ ᠢ ᠤᠬᠤᠷ ᠪᠤᠯᠭᠠᠨ᠎ᠡ᠃ ᠡᠶᠢᠮᠤ ᠠᠴᠠ ᠪᠢᠳᠠ ᠡᠳᠤᠷ ᠪᠦᠷᠢ ᠶᠢᠨ ᠢᠳᠡᠭᠦ ᠤᠤᠭᠤᠬᠤ ᠭᠡᠮᠵᠢᠶ᠎ᠡ ᠪᠠᠨ ᠳᠤᠬᠢᠷᠠᠭᠤᠯᠬᠤ ᠠᠴᠠ ᠡᠬᠢᠯᠡᠵᠤ᠂ ᠡᠷᠡᠭᠦᠯ ᠮᠡᠨᠳᠤ ᠪᠠᠨ ᠰᠠᠶᠢᠳᠤᠷ ᠬᠢᠮᠠᠭᠠᠳᠠᠨ ᠬᠠᠮᠠᠭᠠᠯᠠᠵᠤ ᠳᠠᠶᠢᠯᠪᠠᠯ ᠤᠷᠳᠤ ᠨᠠᠰᠤᠯᠠᠵᠤ ᠤᠳᠠᠭᠠᠨ ᠵᠢᠷᠭᠠᠵᠤ ᠴᠢᠳᠠᠬᠤ ᠨᠢ ᠯᠠᠪᠳᠠᠢ᠃
ᠢᠷᠡᠯᠲᠡ᠄ ᠬᠤᠯᠪᠤᠭ᠎ᠠ ᠪᠦᠷᠬᠡ ᠰᠦᠯᠵᠢᠶ᠎ᠡ