ᠵᠡᠭᠦᠡᠭᠠᠷ ᠠᠷᠠᠳ ᠤᠨ ᠳᠠᠭᠤᠤ — ᠡᠬᠦᠯᠡᠨᠬᠤᠸᠠᠷ
ᠨᠡᠶᠢᠲᠡᠯᠡᠭᠰᠡᠨ ᠴᠠᠭ᠄
2021/11/5
ᠵᠠᠩᠭᠤᠤᠳᠤ ᠨᠠᠭᠤᠷ ① ᠤᠨ ᠬᠤᠯᠤᠰᠤ ᠨᠢ ᠲᠠᠷᠢᠭᠰᠠᠨ ᠪᠢᠰᠢ ᠤᠷᠭᠤᠭᠰᠠᠨ ᠶᠤᠮ ᠵᠢᠭᠠᠬᠠᠨ ᠪᠠᠭ᠎ᠠ ᠶᠢᠨ ᠡᠬᠦᠯᠡᠨᠬᠤᠸᠠᠷ ᠵᠢᠷᠤᠭᠰᠠᠨ ᠪᠢᠰᠢ ᠲᠦᠷᠦᠭᠰᠡᠨ ᠶᠤᠮ᠃     ᠡᠬᠦᠯᠡ ᠴᠤ ᠦᠭᠡᠢ ᠰᠠᠷᠠ ᠯᠡ ᠨᠢ     ᠡᠳᠦᠷ ᠠᠴᠠ ᠪᠠᠨ ᠢᠯᠡᠬᠦᠦ ᠰᠠᠷᠠᠭᠤᠯᠬᠠᠨ ᠪᠤᠢ     ᠡᠬᠦᠯᠡᠨᠬᠤᠸᠠᠷ ᠤᠨ ᠤᠬᠠᠭᠠᠨ ᠨᠢ     ᠤᠰᠤ ᠠᠴᠠ ᠪᠠᠨ ᠢᠯᠡᠬᠦᠦ ᠲᠤᠩᠭᠠᠯᠠᠭ ᠶᠤᠮ᠃ ᠰᠠᠷᠠ ᠶᠢ ᠲᠤᠭᠤᠷᠢᠭᠰᠠᠨ ᠤᠳᠤ ᠨᠢ ᠰᠠᠷᠠᠭᠤᠯ ᠲᠡᠭᠷᠢ  ᠳᠡᠭᠡᠨ ᠴᠢᠮᠡᠭ ᠶᠤᠮ ᠰᠠᠶᠢᠬᠠᠨ ᠲᠦᠷᠦᠭᠰᠡᠨ ᠡᠬᠦᠯᠡᠨᠬᠤᠸᠠᠷ ᠰᠠᠳᠤᠨ ᠶᠤ᠋ ᠲᠦᠷᠦᠯ  ᠳᠡᠭᠡᠨ ᠴᠢᠮᠡᠭ ᠶᠤᠮ᠃     ᠬᠤᠷᠮᠤᠢ ᠶᠢᠨ ᠦᠵᠦᠬᠦᠷ ᠨᠢ ᠬᠤᠷᠭᠤᠢ ᠬᠤᠸᠠᠷ     ᠬᠠᠨᠴᠤᠢ ᠶᠢᠨ ᠦᠵᠦᠬᠦᠷ ᠨᠢ ᠬᠠᠯᠢᠭᠤᠨ ᠬᠤᠸᠠᠷ     ᠬᠤᠷᠢᠨ ᠭᠤᠷᠪᠠ ᠲᠠᠢ ᠡᠬᠦᠯᠡᠨᠬᠤᠸᠠᠷ     ᠬᠤᠶᠠᠷ ᠨᠢᠳᠦ ᠨᠢ ᠯᠦᠩᠳᠠᠩ ᠬᠤᠸᠠᠷ᠃ ᠬᠤᠶᠢᠳᠦ ᠬᠤᠷᠮᠤᠢ ᠨᠢ ᠬᠤᠷᠭᠤᠢ ᠬᠤᠸᠠᠷ ᠬᠤᠶᠠᠷ ᠨᠢᠳᠦ ᠨᠢ ᠯᠦᠩᠳᠠᠩ ᠬᠤᠸᠠᠷ ᠬᠤᠷᠢᠨ ᠭᠤᠷᠪᠠ ᠲᠠᠢ ᠡᠬᠦᠯᠡᠨᠬᠤᠸᠠᠷ ᠬᠤᠶᠢᠨ᠎ᠠ ᠠᠴᠠ ᠤᠷᠤᠭᠰᠢ ᠪᠠᠨ ᠦᠩᠭᠡᠷᠡᠯ᠎ᠠ᠃     ᠲᠡᠬᠦᠯᠢᠭᠡᠳ ᠪᠠᠶᠢᠭᠰᠠᠨ ᠭᠠᠯᠠᠭᠤᠬᠠᠢ     ᠲᠡᠭᠡᠬᠦᠷ ᠨᠢᠰᠦᠭᠡᠳ ᠦᠩᠭᠡᠷᠡᠯ᠎ᠠ     ᠲᠡᠩᠰᠡᠭᠯᠡᠬᠦᠯᠦᠭᠰᠡᠨ ᠡᠬᠦᠯᠡᠨᠬᠤᠸᠠᠷ     ᠬᠤᠶᠢᠨ᠎ᠠ ᠠᠴᠠ ᠤᠷᠤᠭᠰᠢ ᠪᠠᠨ ᠦᠩᠭᠡᠷᠡᠯ᠎ᠠ᠃ ᠵᠡᠬᠦᠦ ᠭᠡᠭᠴᠢ ᠬᠤᠷᠴᠠ ᠶᠤᠮ ᠵᠤᠵᠠᠭᠠᠨ ᠤᠯᠠ ᠶᠢ ᠨᠡᠪᠳᠡᠯᠡᠳᠡᠭ ᠶᠤᠮ ᠵᠢᠰᠦ ᠰᠠᠶᠢᠳᠠᠢ ᠡᠬᠦᠯᠡᠨᠬᠤᠸᠠᠷ ᠵᠡᠬᠦᠳᠦᠨ ᠠᠴᠠ ᠶᠡᠷᠦᠳᠡᠭᠡᠨ ᠭᠠᠷᠳᠠᠭ ᠦᠭᠡᠢ ᠶᠤᠮ᠃     ᠮᠢᠩᠭᠠᠨ ᠯᠠᠩ ᠭᠡᠭᠴᠢ ᠦᠷᠳᠡᠭ ᠪᠠᠶᠢᠨ᠎ᠠ     ᠮᠢᠨᠳᠠᠰᠤ ᠭᠡᠭᠴᠢ ᠶᠤᠩᠬᠤᠷ ᠪᠠᠶᠢᠨ᠎ᠠ     ᠮᠢᠩᠭᠠᠨ ᠯᠠᠩ ᠤᠨ ᠡᠬᠦᠯᠡᠨᠬᠤᠸᠠᠷ ᠨᠢ     ᠮᠢᠷᠠᠰᠦ ᠠᠭᠤᠯᠠ ᠶᠢᠨ ᠠᠷᠤ ᠳᠤ ᠪᠠᠶᠢᠨ᠎ᠠ᠃ ᠲᠠᠮᠤᠭᠰᠠᠨ ᠲᠡᠭᠡᠰᠦ ᠶᠢ ᠵᠠᠯᠭᠠᠮᠠᠨ ᠲᠡᠭᠷᠢ ᠲᠤᠯᠬᠤ ᠨᠢ ᠪᠡᠷᠭᠡ ᠯᠡ ᠪᠠᠶᠢᠨ᠎ᠠ ᠲᠦᠮᠡᠨ ᠠᠬ᠎ᠠ ᠲᠡᠬᠦᠦ ᠤᠯᠠᠨ ᠪᠤᠯᠪᠠᠴᠤ ᠲᠦᠰᠢᠯᠭᠡ ᠶᠤ᠋ ᠪᠤᠯᠬᠤ ᠨᠢ ᠪᠡᠷᠭᠡ ᠯᠡ ᠪᠠᠶᠢᠨ᠎ᠠ᠃     ᠤᠯᠤᠰᠤᠨ ᠲᠡᠭᠡᠰᠦ ᠶᠢ ᠵᠠᠯᠭᠠᠮᠠᠨ     ᠤᠭᠳᠠᠷᠭᠤᠢ ᠲᠤᠯᠬᠤ ᠨᠢ ᠪᠡᠷᠭᠡ ᠯᠡ ᠪᠠᠶᠢᠨ᠎ᠠ     ᠡᠵᠢ ᠶᠢᠨ ᠲᠦᠷᠦᠯ ᠤᠯᠠᠨ ᠪᠠᠶᠢᠪᠠᠴᠤ     ᠲᠦᠰᠢᠯᠭᠡ ᠶᠤ᠋ ᠪᠤᠯᠬᠤ ᠨᠢ ᠪᠡᠷᠭᠡ ᠯᠡ ᠪᠠᠶᠢᠨ᠎ᠠ᠃     ① ᠵᠠᠩᠭᠤᠳᠤ ᠨᠠᠭᠤᠷ — ᠲᠡᠭᠷᠢ ᠲᠡᠳᠬᠦᠭᠴᠢ ᠶᠢᠨ ᠲᠠᠪᠢᠨ ᠵᠢᠷᠭᠤᠳᠤᠭᠠᠷ ᠤᠨ ᠤ ᠦᠶ᠎ᠠ ᠳᠤ ᠡᠳᠦᠭᠡ ᠶᠢᠨ ᠬᠤᠰᠤᠳᠠᠢ ᠭᠤᠤᠯ ᠬᠠᠳᠤᠨ ᠭᠤᠤᠯ ᠳᠤ ᠤᠷᠤᠰᠴᠤ ᠤᠷᠤᠬᠤ ᠠᠮᠠ ᠶᠢᠨ ᠬᠠᠵᠠᠭᠤ ᠳᠤ ᠪᠠᠶᠢᠭ᠎ᠠ ᠨᠠᠭᠤᠷ ᠤᠨ ᠨᠡᠷ᠎ᠠ ᠪᠤᠯᠤᠨ᠎ᠠ᠃ ᠰᠡᠬᠦᠯ ᠳᠤ ᠬᠠᠳᠤᠨ ᠭᠤᠤᠯ ᠤᠨ ᠤᠰᠤᠨ ᠳᠤ ᠠᠪᠳᠠᠭᠳᠠᠵᠤ ᠨᠢᠭᠡᠨᠳᠡ ᠦᠭᠡᠢ ᠪᠤᠯᠪᠠ᠃ ᠲᠠᠭᠤᠯᠠᠭᠴᠢ᠄     ᠰᠢᠷᠠᠪ  ᠤᠳᠬᠠᠨᠪᠠᠯ  ᠰᠢᠩᠭᠡᠭᠡᠭᠴᠢ᠄     ᠬᠠᠰ ᠰᠢᠩᠭᠡᠭᠡᠭᠰᠡᠨ  ᠴᠠᠭ ᠄  2010  ᠤᠨ  ᠤ  12  ᠰᠠᠷ᠎ᠠ   
ᠢᠷᠡᠯᠲᠡ᠄ ᠲᠤᠰ ᠰᠦᠯᠵᠢᠶ᠎ᠡ