ᠡᠴᠢᠭᠡ ᠡᠬᠡᠴᠤᠳ ᠤᠨ ᠵᠠᠪᠠᠯ ᠠᠩᠬᠠᠷᠬᠤ ᠵᠦᠢᠯᠡᠰ
ᠨᠡᠶᠢᠲᠡᠯᠡᠭᠰᠡᠨ ᠴᠠᠭ᠄
2021/11/26
      ᠪᠠᠭ᠎ᠠ ᠨᠠᠰᠤᠨ ᠤ ᠬᠡᠤᠬᠡᠳ ᠢ ᠤᠷᠤᠨ ᠠᠴᠠ᠂ ᠰᠠᠨᠳᠠᠯᠢ ᠠᠴᠠ ᠤᠨᠠᠭᠠᠬᠤ ᠲᠤᠬᠢᠶᠠᠯᠳᠤᠯ ᠤᠳ ᠨᠡᠯᠢᠶᠡᠳ ᠶᠡᠭᠡ ᠪᠠᠶᠢᠳᠠᠭ᠃ ᠬᠡᠤᠬᠡᠳ ᠤᠳ ᠢᠶᠠᠨ ᠭᠠᠳᠠᠭ᠎ᠠ ᠲᠤᠭᠯᠠᠭᠤᠯᠬᠤ ᠦᠶ᠎ᠡ ᠳᠤ ᠡᠴᠢᠭᠡ ᠡᠬᠡᠴᠤᠳ ᠴᠢᠳᠠᠬᠤ ᠶᠢᠨ ᠲᠤᠳᠤᠷ᠎ᠠ ᠠᠩᠬᠠᠷᠤᠯ ᠲᠠᠯᠪᠢᠳᠠᠭ᠃ ᠲᠡᠭᠡᠪᠡᠯ ᠪᠢᠳᠡ ᠦᠪᠡᠷᠰᠡᠳ ᠢᠶᠠᠨ ᠴᠤ ᠠᠩᠵᠠᠭᠠᠷᠠᠯ ᠦᠬᠡᠢ ᠪᠠᠷ ᠬᠡᠤᠬᠡᠳ ᠤᠳ ᠢᠶᠠᠨ ᠠᠶᠤᠯ ᠳᠤ ᠤᠷᠤᠭᠤᠯᠵᠤ ᠪᠠᠶᠢᠳᠠᠭ ᠬᠡᠪᠡᠯ ᠲᠠ ᠢᠳᠡᠭᠡᠨ᠎ᠡ ᠤᠤ︖ ᠢᠩᠭᠢᠭᠡᠳ ᠡᠴᠢᠭᠡ ᠡᠭᠡᠴᠤᠳ ᠦᠪᠡᠷᠰᠡᠳ ᠢᠶᠠᠨ ᠴᠤ ᠠᠩᠵᠠᠭᠠᠷᠠᠯ ᠦᠬᠡᠢ ᠬᠡᠤᠬᠡᠳ ᠤᠳ ᠢᠶᠠᠨ ᠡᠷᠡᠰᠳᠡᠯ ᠳᠤ ᠤᠷᠤᠭᠤᠯᠵᠤ ᠪᠠᠶᠢᠳᠠᠭ ᠵᠦᠢᠯᠡᠰ ᠢ ᠮᠡᠳᠡᠵᠤ ᠠᠪᠴᠠᠭᠠᠶ᠎ᠠ︕      1. ᠠᠶᠤᠯᠲᠠᠢ ᠰᠫᠤᠷᠲ ᠪᠠᠷ ᠬᠢᠴᠢᠶᠡᠯᠯᠡᠬᠦ ᠡᠮᠴᠢ ᠨᠠᠷ ᠪᠠᠭ᠎ᠠ ᠨᠠᠰᠤᠨ ᠤ ᠬᠡᠤᠬᠡᠳ ᠤᠳ ᠢ ᠲᠤᠯᠤᠭᠠᠨ ᠤ ᠤᠷᠠᠯᠢᠭ᠂ ᠪᠤᠺᠰ᠂ ᠪᠦᠭᠡ ᠵᠡᠷᠭᠡ ᠬᠦᠴᠦ ᠱᠠᠭᠠᠷᠳᠠᠳᠠᠭ ᠲᠦᠷᠦᠯ ᠤᠨ ᠰᠫᠤᠷᠲ ᠢᠶᠠᠷ ᠬᠢᠴᠢᠶᠠᠯᠯᠠᠭᠦᠯᠭᠦ ᠦᠭᠡᠢ ᠪᠠᠶᠢᠬᠤ ᠶᠢ ᠠᠩᠬᠠᠷᠤᠭᠤᠯᠤᠭᠰᠠᠨ ᠪᠠᠶᠢᠨ᠎ᠠ᠃ ᠤᠴᠢᠷ ᠨᠢ ᠬᠡᠤᠬᠡᠳ ᠲᠡᠭᠡᠷᠡᠬᠢ ᠰᠫᠤᠷᠲ ᠤᠳ ᠢᠶᠠᠷ ᠬᠢᠴᠢᠶᠡᠯᠯᠡᠵᠤ ᠪᠠᠶᠢᠬᠤ ᠶᠠᠪᠤᠴᠠ ᠳᠠᠭᠠᠨ ᠲᠠᠷᠢᠬᠢᠨ ᠤ ᠬᠡᠮᠲᠤᠯ ᠠᠪᠬᠤ᠂ ᠨᠢᠷᠤᠭᠤᠨ ᠤ ᠶᠠᠰᠤ ᠮᠤᠷᠦ᠋ᠢᠬᠤ᠂ ᠨᠢᠷᠤᠭᠤᠨ ᠤ ᠬᠡᠮᠲᠤᠯ ᠲᠠᠢ ᠪᠤᠯᠬᠤ ᠵᠡᠷᠭᠡ ᠡᠷᠡᠰᠳᠡᠯ ᠤᠳ ᠲᠠᠢ ᠲᠤᠯᠭᠠᠷᠠᠳᠠᠭ ᠪᠠᠶᠢᠨ᠎ᠠ᠃ ᠮᠦᠨ ᠪᠠᠭ᠎ᠠ ᠨᠠᠰᠤᠨ ᠤ ᠬᠡᠤᠬᠡᠳ ᠬᠦᠨᠲᠤ ᠵᠦᠢᠯ ᠡᠷᠭᠦᠬᠦ᠂ ᠭᠠᠵᠠᠷ ᠬᠦᠴᠦᠲᠠᠢ ᠤᠨᠠᠬᠤ ᠵᠡᠷᠭᠡ ᠠᠴᠠ ᠠᠯᠢ ᠪᠤᠯᠬᠤ ᠵᠠᠶᠢᠯᠠᠰᠬᠢᠬᠤ ᠬᠡᠷᠡᠭᠲᠡᠢ᠃      2. ᠤᠳᠠᠰᠤ᠂ ᠺᠤᠮᠫᠢᠦ᠋ᠲ᠋ᠧᠷ ᠦᠭᠬᠦ ᠶᠡᠭᠡᠨᠭᠬᠢ ᠡᠴᠢᠭᠡ ᠡᠭᠡᠴᠤᠳ ᠬᠡᠤᠬᠡᠳ ᠲᠤ ᠪᠠᠨ ᠤᠬᠠᠭᠠᠯᠢᠭ ᠤᠳᠠᠰᠤ᠂ ᠺᠤᠮᠫᠢᠦ᠋ᠲ᠋ᠧᠷ ᠦᠭᠴᠤ ᠲᠤᠷᠠᠲᠠᠢ ᠬᠡᠤᠬᠡᠯᠳᠡᠢ ᠶᠢᠨ ᠺᠢᠨᠤ᠋ ᠵᠡᠷᠭᠡ ᠶᠢ ᠨᠢ ᠦᠵᠡᠭᠦᠯᠳᠡᠭ᠃ ᠲᠡᠭᠡᠪᠡᠯ ᠡᠮᠴᠢ ᠨᠠᠷ ᠤᠨ ᠵᠦᠭ ᠠᠴᠠ ᠬᠡᠤᠬᠡᠳ ᠢᠶᠠᠨ ᠠᠯᠢ ᠪᠤᠯᠬᠤ ᠳᠡᠯᠭᠡᠴᠡᠨ ᠠᠴᠠ ᠬᠤᠯᠠ ᠪᠠᠶᠢᠯᠭᠠᠬᠤ ᠶᠢ ᠵᠦᠪᠯᠡᠵᠤ ᠪᠠᠶᠢᠨ᠎ᠠ᠃ ᠤᠴᠢᠷ ᠨᠢ ᠬᠡᠪᠡᠯ ᠳᠡᠯᠭᠡᠴᠡᠨ ᠤ ᠴᠡᠩᠬᠡᠷ ᠬᠡᠷᠡᠯ ᠨᠢ ᠲᠤᠯᠤᠭᠠᠢ ᠡᠪᠡᠳᠬᠦ᠂ ᠮᠦᠷᠤ᠂ ᠨᠢᠷᠤᠭᠤᠨ ᠤ ᠡᠪᠡᠳᠦᠯᠳᠡ ᠡᠭᠦᠰᠭᠡᠬᠦ᠂ ᠨᠢᠲᠤ ᠡᠪᠡᠳᠬᠦ᠂ ᠠᠩᠬᠠᠷᠤᠯ ᠰᠤᠯᠠᠷᠠᠬᠤ᠂ ᠵᠠᠩ ᠠᠭᠠᠰᠢ ᠦᠭᠡᠷᠡᠴᠢᠯᠡᠭᠳᠡᠬᠦ᠂ ᠪᠤᠬᠢᠨᠢᠳᠤᠬᠤ ᠵᠡᠷᠭᠡ ᠡᠷᠡᠭᠦᠯ ᠮᠡᠨᠳᠦ ᠶᠢᠨ ᠠᠰᠠᠭᠤᠳᠠᠯ ᠤᠳ ᠢ ᠡᠭᠦᠰᠭᠡᠳᠡᠭ᠃ ᠮᠦᠨ ᠨᠦᠢᠷ ᠦᠭᠡᠶᠢᠳᠡᠯ ᠤᠨ ᠰᠢᠯᠳᠠᠭᠠᠨ ᠪᠤᠯᠳᠠᠬ ᠠᠵᠠᠢ᠃      3. W ᠬᠡᠯᠪᠡᠷᠢ ᠪᠠᠷ ᠰᠠᠭᠤᠬᠤ ᠵᠠᠷᠢᠮ ᠬᠡᠤᠬᠡᠳ ᠤᠳ ᠭᠠᠵᠠᠷ ᠰᠠᠭᠤᠵᠤ ᠲᠤᠬᠯᠠᠬᠤ ᠦᠶ᠎ᠡ ᠳᠤ ᠪᠠᠨ ᠡᠶᠢᠨᠬᠦᠦ ᠰᠤᠨᠢᠨ ᠪᠠᠶᠢᠳᠠᠯ ᠢᠶᠠᠷ ᠰᠠᠭᠤᠬᠤ ᠲᠤᠬᠢᠶᠠᠯᠳᠤᠯ ᠪᠠᠶᠢᠳᠠᠭ᠃ ᠦᠪᠡᠷᠰᠡᠳ ᠲᠤ ᠨᠢ ᠡᠪᠲᠡᠶᠢᠬᠡᠨ ᠪᠠᠶᠢᠳᠠᠭ ᠪᠤᠯᠬᠤᠷ ᠯᠠ ᠲᠡᠷᠡ ᠶᠤᠮ᠃ ᠲᠡᠭᠡᠪᠡᠯ ᠡᠨᠡᠬᠦ ᠰᠠᠭᠤᠯᠳᠠ ᠨᠢ ᠬᠡᠤᠬᠡᠳ ᠤᠨ ᠬᠦᠯ ᠤ ᠦᠶ᠎ᠡ᠂ ᠰᠡᠭᠦᠵᠢᠨ ᠤ ᠶᠠᠰᠤ ᠨᠢᠷᠤᠭᠤ᠂ ᠬᠦᠵᠦᠭᠦᠦ᠂ ᠮᠦᠷᠦᠨ ᠳᠤ ᠨᠢ ᠠᠴᠢᠶᠠᠯᠠᠯ ᠦᠭᠴᠤ᠂ ᠬᠦᠯ ᠳᠠᠭᠠᠭᠰᠠᠨ ᠪᠤᠯᠴᠢᠩ ᠳᠤ ᠰᠠᠭᠤᠯᠳᠠ ᠦᠭᠳᠡᠭ ᠤᠴᠢᠷ ᠬᠡᠤᠬᠡᠳ ᠤᠨ ᠦᠰᠦᠯᠲᠡ ᠳᠤ ᠰᠦᠷᠬᠦ ᠨᠦᠯᠦᠭᠡᠯᠡᠳᠡᠭ ᠶᠤᠮ᠃      4. ᠡᠪᠦᠳᠦᠭ ᠲᠡᠭᠡᠷ᠎ᠡ ᠪᠠᠨ ᠰᠠᠭᠤᠯᠭᠠᠵᠤ ᠭᠤᠯᠭᠤᠬᠤ ᠵᠠᠷᠢᠮ ᠡᠴᠢᠭᠡ ᠡᠬᠡᠴᠤᠳ ᠬᠡᠤᠬᠡᠳ ᠤᠳ ᠲᠠᠢ ᠪᠠᠨ ᠬᠠᠮᠲᠤ ᠭᠤᠯᠭᠤᠭᠤᠷ ᠲᠡᠭᠡᠷ᠎ᠡ ᠭᠤᠯᠭᠤᠳᠠᠭ᠃ ᠢᠡᠭᠬᠢᠬᠦ ᠳᠤ ᠪᠠᠨ ᠬᠡᠤᠬᠡᠳ ᠢᠶᠠᠨ ᠡᠪᠦᠳᠦᠭ ᠲᠡᠭᠡᠷ᠎ᠡ ᠪᠠᠨ ᠰᠠᠭᠤᠯᠭᠠᠨ ᠭᠤᠯᠭᠤᠳᠠᠭ᠃ ᠡᠨᠡ ᠨᠢ ᠠᠶᠤᠯ ᠦᠬᠡᠢ ᠶᠤᠮ ᠰᠢᠭ ᠰᠠᠨᠠᠬᠳᠠᠬᠤ ᠪᠤᠯᠪᠠᠴᠤ ᠭᠤᠯᠭᠤᠬᠤ ᠦᠶ᠎ᠡ ᠳᠤ ᠲᠠᠨ ᠤ ᠬᠦᠯ ᠳᠤ ᠮᠠᠰᠢ ᠶᠡᠭᠡ ᠬᠡᠮᠵᠢᠶᠠᠨ ᠤ ᠲᠠᠷᠤᠯᠳᠠ ᠤᠴᠢᠵᠤ᠂ ᠲᠠ ᠦᠪᠡᠷ ᠤᠨ ᠢᠶᠠᠨ ᠬᠦᠴᠦ ᠶᠢ ᠤᠳᠤᠷᠢᠳᠴᠤ ᠴᠢᠳᠠᠬᠤ ᠦᠬᠡᠢ ᠪᠠᠶᠢᠳᠠᠯ ᠲᠠᠢ ᠪᠤᠯᠳᠠᠬ᠃ ᠡᠨᠡ ᠦᠶ᠎ᠡ ᠳᠤ ᠬᠡᠤᠬᠡᠳ ᠤᠨ ᠴᠢᠨᠢ ᠬᠦᠯ᠂ ᠭᠠᠷ ᠭᠤᠯᠭᠤᠭᠤᠷ ᠤᠨ ᠬᠠᠨᠠᠨ ᠳᠤ ᠨᠠᠭᠠᠯᠳᠤᠬᠤ᠂ ᠲᠡᠭᠡᠭᠯᠡᠭᠦ ᠲᠤᠬᠢᠶᠠᠯᠳᠤᠯ ᠳᠤ ᠬᠠᠮᠤᠭ ᠬᠦᠴᠦ ᠪᠠᠷ ᠢᠶᠠᠨ ᠭᠤᠯᠠᠰᠴᠤ ᠪᠠᠶᠢᠭ᠎ᠠ ᠨᠠᠰᠤᠨ ᠳᠤ ᠬᠦᠷᠦᠭᠰᠡᠨ ᠬᠦᠮᠦᠨ ᠲᠡᠷᠡ ᠲᠤᠤᠷ᠎ᠠ ᠪᠠᠨ ᠵᠤᠭᠰᠤᠵᠤ ᠴᠢᠳᠠᠬᠤ ᠦᠬᠡᠢ ᠪᠠᠶᠢᠳᠠᠭ᠃      5. ᠰᠠᠨᠳᠠᠯᠢ ᠲᠡᠭᠡᠷ᠎ᠡ ᠵᠤᠬᠰᠤᠬᠤ ᠬᠡᠤᠬᠡᠳ ᠬᠤᠭᠤᠯᠠᠨ ᠤ ᠰᠢᠷᠡᠭᠡ᠂ ᠰᠠᠨᠳᠠᠯᠢ ᠠᠴᠠ ᠤᠨᠠᠨ ᠪᠡᠷᠳᠡᠬᠦ ᠲᠤᠬᠢᠶᠠᠯᠳᠤᠯ ᠴᠦᠭᠡᠨ ᠦᠬᠡᠢ ᠭᠠᠷᠳᠠᠭ᠃ ᠢᠡᠭᠬᠢᠬᠦ ᠨᠢ ᠬᠡᠪ ᠤᠨ ᠵᠦᠢᠯ ᠪᠤᠯᠪᠠᠴᠤ ᠵᠠᠷᠢᠮ ᠲᠤᠬᠢᠶᠠᠯᠳᠤᠯ ᠳᠤ ᠲᠠᠷᠢᠬᠢᠨ ᠳᠤ ᠴᠢᠰᠤ ᠬᠠᠷᠪᠤᠬᠤ ᠡᠷᠡᠰᠳᠡᠯ ᠡᠭᠦᠰᠭᠡᠳᠡᠭ᠃ ᠲᠡᠶᠢᠮᠦ ᠠᠴᠠ ᠬᠡᠤᠬᠡᠳ ᠢᠶᠠᠨ ᠦᠨᠳᠦᠷ ᠵᠦᠢᠯ ᠲᠡᠭᠡᠷ᠎ᠡ ᠵᠤᠬᠰᠤᠬᠰᠠᠨ ᠪᠠᠶᠢᠬᠤ ᠦᠶ᠎ᠡ ᠳᠤ ᠨᠢ ᠪᠠᠶᠢᠩᠭᠤ ᠬᠠᠷᠠᠵᠤ ᠪᠠᠶᠢᠬᠤ ᠬᠡᠷᠡᠭᠲᠡᠢ᠃      6. ᠰᠢᠷᠤᠢ ᠪᠠᠷ ᠲᠤᠬᠯᠠᠬᠤ ᠬᠡᠤᠬᠡᠳ ᠤᠳ ᠭᠠᠳᠠᠨ᠎ᠠ ᠰᠢᠷᠤᠢ ᠴᠢᠯᠠᠭᠤ ᠪᠠᠷ ᠲᠤᠬᠯᠠᠬᠤ ᠲᠤᠷᠠᠲᠠᠢ ᠪᠠᠶᠢᠳᠠᠭ᠃ ᠬᠡᠬᠦ ᠳᠤ ᠪᠠᠨ ᠬᠡᠷᠪᠡ ᠬᠡᠤᠬᠡᠳ ᠤᠨ ᠴᠢᠨᠢ ᠲᠤᠬᠯᠠᠭᠠᠮ ᠤᠨ ᠲᠠᠯᠠᠪᠠᠢ ᠪᠠᠷᠢᠯᠭ᠎ᠠ ᠶᠢᠨ ᠲᠠᠯᠠᠪᠠᠢ ᠲᠠᠢ ᠤᠶᠢᠷ᠎ᠠ ᠪᠤᠯ ᠲᠠ ᠬᠡᠤᠬᠡᠳ ᠢᠶᠠᠨ ᠶᠠᠭᠤ ᠪᠠᠷ ᠲᠤᠭᠯᠠᠵᠤ ᠪᠠᠶᠢᠭ᠎ᠠ ᠶᠢ ᠨᠢ ᠠᠩᠵᠠᠭᠠᠷᠠᠵᠦ ᠪᠠᠶᠢᠭᠠᠷᠠᠢ᠃ ᠪᠠᠷᠢᠯᠭ᠎ᠠ ᠶᠢᠨ ᠲᠠᠯᠠᠪᠠᠢ ᠶᠢᠨ ᠤᠶᠢᠷᠠᠯᠴᠠᠭ᠎ᠠ ᠬᠠᠷ᠎ᠠ ᠲᠤᠭᠤᠯᠭ᠎ᠠ᠂ ᠪᠤᠳᠤᠭ ᠵᠡᠷᠭᠡ ᠬᠦᠮᠦᠨ ᠤ ᠡᠷᠡᠭᠦᠯ ᠮᠡᠨᠳᠦ ᠳᠤ ᠰᠦᠷᠬᠦ ᠨᠦᠯᠦᠭᠡᠯᠡᠬᠦ ᠬᠢᠮᠢ ᠶᠢᠨ ᠪᠤᠳᠠᠰ ᠤᠳ ᠪᠠᠶᠢᠬᠤ ᠮᠠᠭᠠᠳᠯᠠᠯ ᠲᠠᠢ ᠶᠤᠮ᠃ 
ᠢᠷᠡᠯᠲᠡ᠄ ᠲᠣᠲᠣᠷᠬᠠᠢ ᠦᠭᠡᠢ