ᠬᠤᠳᠤᠭᠤᠳᠤᠨ ᠡᠪᠡᠳᠴᠢᠨ ᠠᠴᠠ ᠰᠡᠷᠭᠡᠶᠢᠯᠡᠬᠦ | ᠬᠦᠮᠤᠨ ᠤ ᠪᠡᠶ᠎ᠠ ᠳᠠᠰᠬᠢᠮ᠎ᠠ ᠬᠦᠢᠳᠡᠨ ᠳᠤ ᠰᠡᠳᠥᠭᠳᠡᠪᠠᠯ ᠂ ᠴᠢᠰᠤᠨ ᠳᠠᠬᠢ ᠨᠡᠬᠡᠳᠡᠰᠤᠨ ᠠᠮᠢᠨ ᠨᠡᠮᠡᠭᠳᠡᠵᠤ ᠂ ᠬᠤᠳᠤᠭᠤᠳᠤᠨ ᠬᠦᠴᠢᠯ ᠤᠨ ᠱᠦᠬᠦᠷᠡᠯᠳᠠ | ᠪᠠᠳᠠᠷᠠᠭᠠᠳ ᠂ ᠬᠤᠳᠤᠭᠤᠳᠤ ᠬᠡᠳᠡᠰᠤ ᠵᠠᠭᠤᠷᠠᠬᠤ ᠴᠢᠨᠠᠷ ᠲᠠᠢ ᠠᠭᠰᠢᠵᠤ ᠂ ᠪᠡᠶ᠎ᠠ ᠶᠢᠨ ᠡᠪᠡᠳᠴᠢᠨ ᠡᠰᠡᠷᠬᠦᠴᠡᠬᠦ ᠴᠢᠳᠠᠪᠤᠷᠢ ᠬᠢᠬᠡᠳ ᠳᠤᠬᠢᠷᠠᠯᠴᠠᠬᠤ ᠴᠢᠨᠠᠷ ᠪᠠᠰᠠ | ᠳᠠᠭᠠᠯᠳᠤᠨ ᠳᠤᠷᠤᠭᠰᠢᠯᠠᠳᠠᠭ ᠪᠤᠯᠬᠤᠷ ᠬᠤᠳᠤᠭᠤᠳᠤᠨ ᠡᠪᠡᠳᠴᠢᠨ ᠲᠠᠢ ᠨᠠᠰᠤᠳᠠᠶᠢᠴᠤᠳ ᠡᠪᠤᠯ ᠤᠨ ᠤᠯᠠᠷᠢᠯ ᠳᠤ ᠬᠠᠭᠤᠴᠢᠨ ᠡᠪᠡᠳᠴᠢᠨ ᠨᠢ ᠠᠮᠠᠷᠬᠠᠨ | ᠬᠦᠳᠡᠯᠵᠤ ᠂ ᠴᠢᠨᠠᠭᠰᠢᠯᠠᠪᠠᠯ ᠬᠤᠳᠤᠭᠤᠳᠤᠨ ᠠᠴᠠ ᠴᠢᠰᠤ ᠭᠠᠷᠬᠤ ᠂ ᠬᠤᠳᠤᠭᠤᠳᠤ ᠨᠦᠬᠡᠳᠤᠨ ᠴᠤᠭᠤᠷᠠᠬᠤ ᠵᠡᠷᠬᠡ ᠬᠦᠨᠳᠤ ᠨᠤᠴᠢᠳᠠᠢ ᠳᠠᠪᠬᠤᠷᠯᠠᠭᠰᠠᠨ ᠡᠪᠡᠳᠴᠢᠨ | ᠢᠯᠡᠷᠡᠨ᠎ᠠ ᠃ ᠡᠶᠢᠮᠤ ᠠᠴᠠ ᠂ ᠡᠪᠤᠯ ᠤᠨ ᠴᠠᠭ ᠲᠤ ᠨᠠᠰᠤᠳᠠᠶᠢᠴᠤᠳ ᠬᠤᠳᠤᠭᠤᠳᠤᠨ ᠤ ᠳᠤᠯᠠᠭᠠᠨ ᠢ ᠬᠠᠮᠠᠭᠠᠯᠠᠬᠤ ᠶᠢ ᠤᠨᠴᠠᠭᠠᠢ ᠠᠩᠬᠠᠷᠴᠤ ᠂ ᠬᠠᠯᠠᠭᠤᠨ ᠵᠦᠬᠡᠯᠠᠨ ᠂ | ᠬᠠᠷᠠᠰᠤ ᠵᠢᠴᠢ ᠠᠮᠠᠷᠬᠠᠨ ᠰᠢᠩᠬᠡᠬᠡᠬᠦ ᠢᠳᠡᠬᠡᠨ ᠢ ᠢᠳᠡᠬᠦ ᠪᠠᠷ ᠭᠤᠤᠯᠳᠠᠭᠤᠯᠬᠤ ᠮᠦᠷᠳᠡᠬᠡᠨ ᠪᠠᠭ᠎ᠠ ᠬᠡᠮᠵᠢᠶ᠎ᠠ ᠪᠠᠷ ᠤᠯᠠᠨ ᠤᠳᠠᠭ᠎ᠠ ᠢᠳᠡᠬᠦ ᠂ ᠳᠦᠬᠦᠬᠡᠢ ᠬᠦᠢᠳᠡᠨ | ᠢᠳᠡᠬᠡᠨ ᠢ ᠴᠡᠬᠡᠷᠯᠡᠬᠦ ᠂ ᠠᠷᠢᠬᠢ ᠳᠠᠮᠠᠬᠢ ᠪᠠᠨ ᠵᠤᠭᠰᠤᠬᠤ ᠂ ᠪᠡᠶ᠎ᠠ ᠶᠢᠨ ᠳᠠᠮᠢᠷ ᠤᠨ ᠪᠤᠯᠪᠠᠰᠤᠷᠠᠯᠳᠠ ᠳᠤ ᠢᠳᠡᠪᠬᠢᠳᠠᠢ ᠤᠷᠤᠯᠴᠠᠵᠤ ᠂ ᠬᠤᠳᠤᠭᠤᠳᠤ ᠬᠡᠳᠡᠰᠤᠨ ᠤ | ᠴᠢᠰᠤᠨ ᠤ ᠡᠷᠬᠢᠯᠳᠠ ᠶᠢ ᠰᠠᠶᠢᠵᠢᠷᠠᠭᠤᠯᠤᠨ ᠂ ᠬᠤᠳᠤᠭᠤᠳᠤᠨ ᠡᠪᠡᠳᠴᠢᠨ ᠤ ᠡᠬᠦᠰᠤᠯᠳᠠ ᠶᠢ ᠪᠠᠭᠠᠰᠬᠠᠪᠠᠯ ᠵᠤᠬᠢᠨ᠎ᠠ ᠃ | ᠬᠢᠮᠤᠷᠠᠭ᠎ᠠ ᠠᠴᠠ ᠰᠡᠷᠬᠡᠶᠢᠯᠡᠬᠦ | ᠬᠢᠮᠤᠷᠠᠬᠤ ᠪᠤᠯ ᠨᠠᠰᠤᠳᠠᠶᠢᠴᠤᠳ ᠤᠨ ᠡᠪᠤᠯ ᠤᠨ ᠤᠯᠠᠷᠢᠯ ᠳᠤ ᠦᠷᠬᠦᠯᠵᠢ ᠳᠤᠬᠢᠶᠠᠯᠳᠤᠳᠠᠭ ᠡᠪᠡᠳᠴᠢᠨ ᠂ ᠤᠯᠠᠨᠳᠠ ᠡᠬᠦᠰᠬᠦ ᠡᠪᠡᠳᠴᠢᠨ ᠮᠦᠨ ᠂ ᠳᠤᠰ | ᠡᠪᠡᠳᠴᠢᠨ ᠢ ᠬᠡᠯᠡᠬᠦ ᠳᠤ ᠳᠠᠮᠠᠢ ᠶᠡᠭᠡ ᠡᠪᠡᠳᠴᠢᠨ ᠪᠢᠰᠢ ᠪᠤᠯᠪᠠᠴᠤ ᠴᠠᠭ ᠳᠤᠬᠠᠢ ᠳᠤ ᠨᠢ ᠵᠠᠰᠠᠬᠤ ᠦᠬᠡᠢ ᠪᠤᠯ ᠠᠮᠠᠷᠬᠠᠨ ᠤᠯᠠᠨ ᠵᠦᠢᠯ ᠤᠨ ᠠᠮᠢ ᠨᠠᠰᠤᠨ ᠤ | ᠠᠶᠤᠯ ᠲᠠᠢ ᠳᠠᠪᠬᠤᠷᠯᠠᠭᠰᠠᠨ ᠡᠪᠡᠳᠴᠢᠨ ᠢ ᠡᠬᠦᠰᠬᠡᠨ᠎ᠠ ᠃ ᠵᠢᠱᠢᠶᠡᠯᠡᠪᠡᠯ ᠂ ᠠᠭᠤᠰᠬᠢᠨ ᠦᠷᠪᠢᠰᠤᠯ ᠂ ᠠᠭᠤᠰᠬᠢᠨ ᠠᠴᠠ ᠪᠤᠯᠤᠭᠰᠠᠨ ᠵᠢᠷᠤᠬᠡᠨ ᠡᠪᠡᠳᠴᠢᠨ ᠂ ᠬᠢᠷᠬᠢᠷ᠎ᠠ | ᠵᠢᠴᠢ ᠤᠳᠠᠭᠠᠨ ᠴᠢᠨᠠᠷ ᠲᠠᠢ ᠰᠠᠯᠪᠤᠷᠢ ᠮᠦᠬᠡᠷᠰᠤᠨ ᠬᠤᠭᠤᠯᠠᠢ ᠶᠢᠨ ᠦᠷᠪᠢᠰᠤᠯ ᠵᠡᠷᠬᠡ ᠡᠪᠡᠳᠴᠢᠨ ᠢ ᠦᠳᠤᠬᠡᠨ ᠡᠬᠦᠰᠬᠡᠨ᠎ᠠ ᠃ ᠡᠶᠢᠮᠤ ᠠᠴᠠ ᠂ ᠡᠪᠤᠯ ᠤᠨ | ᠤᠯᠠᠷᠢᠯ ᠳᠤ ᠨᠠᠰᠤᠳᠠᠶᠢᠴᠤᠳ ᠬᠦᠢᠳᠡᠨ ᠢ ᠳᠡᠰᠪᠤᠷᠢᠯᠠᠬᠦ ᠪᠤᠯᠪᠠᠰᠤᠷᠠᠯᠳᠠ ᠪᠠᠨ ᠠᠩᠬᠠᠷᠤᠨ ᠴᠢᠩᠭᠠᠳᠬᠠᠵᠤ ᠂ ᠢᠳᠡᠵᠤ ᠤᠤᠭᠤᠬᠤ ᠪᠠᠨ ᠳᠤᠬᠢᠷᠠᠭᠤᠯᠬᠤ ᠬᠡᠷᠡᠭᠳᠡᠢ ᠃ | ᠬᠠᠮᠤᠭ ᠰᠠᠶᠢᠨ ᠨᠢ ᠡᠳᠤᠷ ᠪᠦᠷᠢ ᠬᠦᠢᠳᠡᠨ ᠤᠰᠤ ᠪᠠᠷ ᠨᠢᠭᠤᠷ ᠢᠶᠠᠨ ᠤᠬᠢᠶᠠᠨ ᠂ ᠬᠠᠯᠠᠭᠤᠨ ᠤᠰᠤ ᠪᠠᠷ ᠬᠦᠯ ᠢᠶᠠᠨ ᠤᠬᠢᠶᠠᠵᠤ ᠂ ᠡᠪᠡᠳᠴᠢᠨ ᠡᠰᠡᠷᠬᠦᠴᠡᠬᠦ | ᠴᠢᠳᠠᠪᠤᠷᠢ ᠶᠢ ᠨᠡᠮᠡᠭᠳᠡᠬᠦᠯᠵᠤ ᠂ ᠬᠢᠮᠤᠷᠠᠬᠤ ᠠᠴᠠ ᠰᠡᠷᠬᠡᠶᠢᠯᠡᠬᠦ ᠬᠡᠷᠡᠭᠳᠡᠢ ᠃ | ᠰᠠ ᠡᠪᠡᠳᠴᠢᠨ ᠠᠴᠠ ᠰᠡᠷᠬᠡᠶᠢᠯᠡᠬᠦ | ᠮᠠᠲ᠋ᠧᠷᠢᠶᠠᠯ ᠳᠤ ᠮᠡᠳᠡᠬᠡᠯᠡᠭᠰᠡᠨ ᠢ ᠦᠨᠳᠤᠰᠤᠯᠠᠪᠠᠯ ᠂ ᠪᠠᠷᠤᠭ 70% ᠶᠢᠨ ᠰᠠ ᠡᠪᠡᠳᠴᠢᠨ ᠳᠤ ᠨᠡᠷᠪᠡᠭᠳᠡᠭᠰᠡᠳ ᠤᠯᠠᠩᠬᠢ ᠳᠤ ᠪᠠᠨ ᠡᠪᠤᠯ ᠤᠨ ᠴᠠᠭ ᠲᠤ | ᠡᠪᠡᠳᠴᠢᠯᠡᠨ᠎ᠠ ᠂ ᠡᠶᠢᠮᠤ ᠠᠴᠠ ᠳᠤᠰᠬᠠᠢ ᠮᠡᠷᠬᠡᠵᠢᠯᠳᠡᠳ ︽ᠡᠪᠤᠯ ᠤᠨ ᠤᠯᠠᠷᠢᠯ ᠤᠨ ᠮᠡᠳᠡᠷᠡᠯ ᠤᠨ ᠰᠠᠯᠠᠭᠠᠨ ᠤ ᠳᠠᠬᠤᠯ ᠡᠪᠡᠳᠴᠢᠨ ︾ ᠬᠡᠵᠤ ᠬᠡᠯᠡᠳᠡᠭ ᠃ ᠳᠡᠬᠡᠪᠡᠯ | ᠡᠪᠤᠯ ᠤᠨ ᠤᠯᠠᠷᠢᠯ ᠳᠤ ᠰᠠ ᠡᠪᠡᠳᠴᠢᠨ ᠶᠠᠭᠤᠨ ᠳᠤ ᠠᠮᠠᠷᠬᠠᠨ ᠡᠬᠦᠰᠬᠦ ᠪᠤᠢ ︖ ᠡᠬᠦᠨ ᠤ ᠰᠢᠯᠳᠠᠭᠠᠨ ᠨᠢ ᠡᠪᠤᠯ ᠤᠨ ᠤᠯᠠᠷᠢᠯ ᠳᠤ ᠳᠤᠯᠠᠭᠠᠨ ᠤ ᠬᠡᠮᠵᠢᠶ᠎ᠠ | ᠳᠤᠤᠷ᠎ᠠ ᠂ ᠬᠦᠮᠤᠨ ᠤ ᠪᠡᠶ᠎ᠠ ᠬᠦᠢᠳᠡᠨ ᠳᠤ ᠰᠡᠳᠥᠭᠳᠡᠭᠰᠡᠨ ᠤ ᠰᠡᠬᠦᠯᠡᠷ ᠪᠦᠬᠦ ᠪᠡᠶ᠎ᠠ ᠶᠢᠨ ᠬᠢᠯᠭᠠᠰᠤᠨ ᠴᠢᠰᠤᠨ ᠰᠤᠳᠠᠯ ᠠᠪᠴᠢᠵᠤ ᠂ ᠴᠢᠰᠤᠨ ᠡᠷᠬᠢᠯᠳᠠ ᠶᠢᠨ | ᠭᠠᠳᠠᠭᠠᠳᠤ ᠰᠠᠭᠠᠳᠠᠯ ᠶᠡᠬᠡᠰᠴᠤ ᠂ ᠵᠢᠷᠤᠬᠡᠨ ᠤ ᠵᠡᠬᠦᠨ ᠬᠤᠪᠳᠤᠯ ᠪᠠ ᠳᠠᠷᠢᠬᠢᠨ ᠤ ᠳᠠᠷᠤᠭᠠᠰᠤ ᠬᠦᠨᠳᠤᠷᠡᠵᠤ ᠂ ᠴᠢᠰᠤᠨ ᠳᠠᠷᠤᠯᠳᠠ ᠶᠢ ᠦᠨᠳᠤᠷᠵᠢᠬᠦᠯᠤᠨ ᠂ ᠴᠢᠰᠤᠨ | ᠪᠦᠯᠤᠩ ᠤᠨ ᠪᠦᠷᠢᠯᠳᠤᠯ ᠢ ᠠᠬᠢᠭᠤᠯᠵᠤ ᠂ ᠰᠠ ᠡᠪᠡᠳᠴᠢᠨ ᠢ ᠡᠬᠦᠰᠬᠡᠳᠡᠭ ᠃ ᠰᠠ ᠡᠪᠡᠳᠴᠢᠨ ᠤ ᠡᠪᠡᠳᠴᠢᠯᠡᠬᠦ ᠨᠢ ᠳᠦᠷᠬᠡᠨ ᠂ ᠬᠦᠭᠵᠢᠯᠳᠠ ᠨᠢ ᠳᠦᠷᠬᠡᠨ ᠂ | ᠦᠬᠦᠬᠦ ᠨᠤᠷᠮ᠎ᠠ ᠨᠢ ᠦᠨᠳᠤᠷ ᠪᠤᠯᠬᠤᠷ ᠡᠪᠤᠯ ᠤᠨ ᠤᠯᠠᠷᠢᠯ ᠳᠤ ᠰᠠ ᠡᠪᠡᠳᠴᠢᠨ ᠠᠴᠠ ᠰᠡᠷᠬᠡᠶᠢᠯᠡᠬᠦ ᠠᠵᠢᠯ ᠢ ᠰᠠᠶᠢᠳᠤᠷ ᠬᠢᠬᠦ ᠬᠡᠷᠡᠭᠳᠡᠢ ᠃ ᠰᠠ ᠡᠪᠡᠳᠴᠢᠨ ᠠᠴᠠ | ᠰᠡᠷᠬᠡᠶᠢᠯᠡᠬᠦ ᠳᠤ ᠤᠷᠢᠳ ᠢᠶᠠᠷ ᠴᠢᠰᠤᠨ ᠳᠠᠷᠤᠯᠳᠠ ᠦᠨᠳᠤᠷ ᠂ ᠵᠢᠷᠤᠬᠡᠨ ᠳᠢᠳᠢᠮ ᠡᠪᠡᠳᠴᠢᠨ ᠂ ᠰᠢᠬᠢᠷ ᠰᠢᠵᠢᠩ ᠡᠪᠡᠳᠴᠢᠨ ᠵᠡᠷᠬᠡ ᠡᠪᠡᠳᠴᠢᠨ ᠤ ᠵᠠᠰᠠᠯᠭ᠎ᠠ ᠶᠢ | ᠰᠠᠶᠢᠳᠤᠷ ᠬᠢᠬᠦ ᠬᠡᠷᠡᠭᠳᠡᠢ ᠃ ᠳᠠᠷᠠᠭ᠎ᠠ ᠳᠤ ᠨᠢ ᠤᠷᠢᠳᠴᠢᠯᠠᠭᠰᠠᠨ ᠰᠢᠨᠵᠢ ᠳᠡᠮᠳᠡᠭ ᠢ ᠠᠩᠬᠠᠷᠬᠤ ᠬᠡᠷᠡᠭᠳᠡᠢ ᠃ ᠵᠢᠱᠢᠶᠡᠯᠡᠪᠡᠯ ᠂ ᠬᠡᠨᠡᠳᠳᠠ ᠳᠤᠯᠤᠭᠠᠢ ᠡᠷᠬᠢᠬᠦ ᠂ | ᠳᠤᠯᠤᠭᠠᠢ ᠡᠪᠡᠳᠬᠦ ᠂ ᠬᠠᠷᠠᠭ᠎ᠠ ᠪᠠᠯᠠᠷᠠᠬᠤ ᠂ ᠪᠡᠶ᠎ᠠ ᠮᠦᠴᠢ ᠮᠢᠨᠴᠤᠭᠦᠷᠡᠬᠦ ᠵᠡᠷᠬᠡ ᠪᠠᠶᠢᠳᠠᠯ ᠢᠯᠡᠷᠡᠪᠠᠯ ᠂ ᠳᠦᠷᠬᠡᠨ ᠡᠮᠨᠡᠯᠬᠡ ᠳᠤ ᠬᠦᠷᠬᠡᠵᠤ ᠡᠮᠨᠡᠬᠦᠯᠬᠦ ᠬᠡᠷᠡᠭᠳᠡᠢ ᠃ | ᠵᠢᠷᠤᠬᠡᠨ ᠪᠤᠯᠴᠢᠩ ᠤᠨ ᠳᠦᠭᠵᠢᠷᠠᠯ ᠠᠴᠠ ᠰᠡᠷᠬᠡᠶᠢᠯᠡᠬᠦ | ᠡᠪᠤᠯ ᠤᠨ ᠤᠯᠠᠷᠢᠯ ᠪᠤᠯ ᠵᠢᠷᠤᠬᠡᠨ ᠪᠤᠯᠴᠢᠩ ᠤᠨ ᠳᠦᠭᠵᠢᠷᠠᠯ ᠡᠬᠦᠰᠬᠦ ᠤᠷᠬᠢᠯ ᠪᠤᠯᠤᠨ᠎ᠠ ᠂ ᠡᠬᠦᠨ ᠤ ᠤᠴᠢᠷ ᠨᠢ ᠬᠦᠮᠤᠨ ᠤ ᠪᠡᠶ᠎ᠠ ᠬᠦᠢᠳᠡᠨ ᠳᠤ | ᠰᠡᠳᠥᠭᠳᠡᠭᠰᠡᠨ ᠤ ᠰᠡᠬᠦᠯᠡᠷ ᠴᠢᠰᠤᠨ ᠰᠤᠳᠠᠯ ᠠᠪᠴᠢᠵᠤ ᠂ ᠴᠢᠰᠤᠨ ᠳᠠᠬᠢ ᠰᠢᠷᠬᠡᠭᠳᠤ ᠤᠭᠤᠷᠠᠭ ᠨᠡᠮᠡᠭᠳᠡᠨ ᠂ ᠴᠢᠰᠤᠨ ᠤ ᠨᠢᠯᠳᠠᠭ ᠤᠨ ᠬᠡᠮᠵᠢᠶ᠎ᠠ ᠨᠡᠮᠡᠭᠳᠡᠨ ᠂ ᠠᠮᠠᠷᠬᠠᠨ | ᠴᠢᠰᠤᠨ ᠪᠦᠯᠤᠩ ᠪᠦᠷᠢᠯᠳᠤᠵᠤ ᠂ ᠵᠢᠷᠤᠬᠡᠨ ᠪᠤᠯᠴᠢᠩ ᠳᠤ ᠴᠢᠰᠤ ᠪᠠ ᠬᠦᠴᠢᠯᠳᠦ᠋ᠷᠦᠭᠴᠢ ᠳᠤᠳᠠᠭᠳᠠᠵᠤ ᠂ ᠵᠢᠷᠤᠬᠡ ᠪᠠᠵᠠᠯᠠᠨ ᠡᠪᠡᠳᠤᠨ᠎ᠠ ᠂ ᠬᠦᠨᠳᠤᠷᠠᠪᠠᠯ ᠵᠢᠷᠤᠬᠡᠨ | ᠪᠤᠯᠴᠢᠩ ᠤᠨ ᠳᠦᠭᠵᠢᠷᠠᠯ ᠢ ᠡᠬᠦᠰᠬᠡᠨ᠎ᠠ ᠃ ᠡᠶᠢᠮᠤ ᠠᠴᠠ ᠨᠠᠰᠤᠳᠠᠶᠢᠴᠤᠳ ᠡᠪᠤᠯ ᠤᠨ ᠤᠯᠠᠷᠢᠯ ᠳᠤ ᠬᠡᠷ ᠤᠨ ᠭᠠᠳᠠᠨᠠᠬᠢ ᠬᠦᠳᠡᠯᠬᠡᠬᠡᠨ ᠢᠶᠠᠨ ᠨᠡᠮᠡᠭᠳᠡᠬᠦᠯᠤᠨ ᠂ | ᠬᠦᠢᠳᠡᠨ ᠠᠴᠠ ᠰᠡᠷᠬᠡᠶᠢᠯᠡᠬᠦ ᠂ ᠳᠤᠯᠠᠭᠠᠨ ᠢ ᠬᠠᠮᠠᠭᠠᠯᠠᠬᠤ ᠶᠢ ᠬᠦᠨᠳᠤᠳᠬᠡᠨᠠ ᠃ ᠬᠡᠷ ᠳᠤᠳᠤᠷᠠᠬᠢ ᠳᠤᠯᠠᠭᠠᠨ ᠢ ᠬᠠᠮᠤᠭ ᠰᠠᠶᠢᠨ ᠨᠢ 15 ~ 18 ᠭᠷᠠᠳᠦ᠋ᠰ ᠲᠤ | ᠬᠢᠵᠠᠭᠠᠷᠯᠠᠵᠤ ᠂ ᠬᠦᠢᠳᠡᠨ ᠠᠴᠠ ᠪᠤᠯᠵᠤ ᠰᠢᠨ᠎ᠠ ᠡᠪᠡᠳᠴᠢᠨ ᠤᠯᠬᠤ ᠠᠴᠠ ᠰᠡᠷᠬᠡᠶᠢᠯᠡᠬᠦ ᠬᠡᠷᠡᠭᠳᠡᠢ ᠃ ᠪᠠᠰᠠ ᠡᠮᠴᠢ ᠶᠢᠨ ᠵᠢᠯᠤᠭᠤᠳᠤᠯᠭ᠎ᠠ ᠳᠤᠤᠷ᠎ᠠ ᠂ ᠦᠬᠡᠬᠦ ᠶᠢ | ᠪᠠᠭᠤᠷᠠᠭᠤᠯᠬᠤ ᠂ ᠴᠢᠰᠤᠨ ᠰᠤᠳᠠᠯ ᠢ ᠳᠡᠯᠡᠬᠦ ᠪᠠ ᠵᠢᠷᠤᠬᠡᠨ ᠪᠤᠯᠴᠢᠩ ᠳᠤ ᠴᠢᠰᠤ ᠳᠤᠳᠠᠬᠤ ᠪᠠ ᠬᠦᠴᠢᠯᠳᠦ᠋ᠷᠦᠭᠴᠢ ᠳᠤᠳᠠᠬᠤ ᠶᠢ ᠰᠡᠷᠬᠡᠶᠢᠯᠡᠬᠦ ᠡᠮ ᠤᠤᠭᠤᠨ᠎ᠠ ᠃ | ᠵᠢᠷᠪᠢᠬᠢᠨᠠᠨ ᠵᠠᠭᠠᠳᠤᠨᠠᠬᠤ ᠠᠴᠠ ᠰᠡᠷᠬᠡᠶᠢᠯᠡᠬᠦ | ᠨᠠᠰᠤᠳᠠᠶᠢᠴᠤᠳ ᠤᠨ ᠠᠷᠠᠰᠤ ᠳᠤᠷᠦ᠋ᠢᠳᠠᠬᠤ ᠴᠢᠨᠠᠷ ᠲᠠᠢ ᠠᠪᠴᠢᠨ ᠂ ᠠᠷᠠᠰᠤᠨ ᠨᠦᠮᠵᠦᠭ ᠤᠨ ᠪᠤᠯᠴᠢᠷᠬᠠᠢ ᠶᠢᠨ ᠠᠵᠢᠯᠯᠠᠭ᠎ᠠ ᠳᠤᠷᠦ᠋ᠢᠳᠠᠵᠤ ᠂ ᠬᠦᠢᠳᠡᠨ | ᠪᠦᠬᠡᠳ ᠬᠠᠭᠤᠷᠠᠢ ᠠᠭᠤᠷ ᠠᠮᠢᠰᠬᠤᠯ ᠳᠤᠬᠢᠶᠠᠯᠳᠤᠪᠠᠯ ᠠᠮᠠᠷᠬᠠᠨ ᠪᠡᠶ᠎ᠠ ᠵᠢᠷᠪᠢᠬᠢᠨᠠᠨ ᠵᠠᠭᠠᠳᠤᠨᠠᠳᠠᠭ ᠃ ᠳᠤᠰ ᠡᠪᠡᠳᠴᠢᠨ ᠦᠷᠬᠦᠯᠵᠢ ᠰᠦᠨᠢ ᠳᠤᠮᠳᠠ ᠬᠦᠨᠳᠤᠷᠠᠵᠤ ᠂ | ᠠᠮᠠᠷᠬᠠᠨ ᠤᠨᠳᠠᠭᠤᠯᠬᠤ ᠦᠬᠡᠢ ᠪᠠᠶᠢᠳᠠᠭ ᠃ ᠡᠶᠢᠮᠤ ᠠᠴᠠ ᠡᠪᠤᠯ ᠤᠨ ᠬᠦᠢᠳᠡᠨ ᠳᠤ ᠨᠠᠰᠤᠳᠠᠶᠢᠴᠤᠳ ᠢᠳᠡᠵᠤ ᠤᠤᠭᠤᠬᠤ ᠪᠠᠨ ᠳᠤᠬᠢᠳᠠᠢ ᠳᠡᠩᠨᠡᠬᠦᠯᠵᠤ ᠂ ᠰᠢᠨ᠎ᠠ | ᠰᠤᠷᠭᠤᠭ ᠨᠤᠭᠤᠭ᠎ᠠ ᠂ ᠵᠢᠮᠢᠰ ᠪᠠ ᠪᠤᠷᠴᠠᠭ ᠤᠨ ᠢᠳᠡᠬᠡᠨ ᠢ ᠢᠯᠡᠬᠦᠬᠡᠨ ᠢᠳᠡᠵᠤ ᠂ ᠯᠠᠵᠤᠤ ᠂ ᠰᠠᠷᠢᠮᠰᠠᠭ ᠵᠡᠷᠬᠡ ᠰᠡᠳᠤᠯᠳᠠ ᠶᠡᠭᠡ ᠲᠠᠢ ᠢᠳᠡᠬᠡᠨ ᠢ ᠴᠡᠬᠡᠷᠯᠡᠬᠦ | ᠬᠡᠷᠡᠭᠳᠡᠢ ᠃ ᠪᠠᠰᠠ ᠵᠠᠭᠠᠳᠤᠨᠠᠬᠤ ᠶᠢ ᠵᠠᠰᠠᠬᠤ ᠤᠶᠢᠢᠯᠡᠳᠤᠯ ᠲᠠᠢ ᠬᠢᠳᠡᠳ ᠡᠮ ᠂ ᠵᠢᠱᠢᠶᠡᠯᠡᠪᠡᠯ ᠬᠠᠷ᠎ᠠ ᠮᠠᠭᠠᠵᠢ ᠂ ᠬᠤᠷᠤᠭᠤᠪᠴᠢᠨ ᠴᠡᠴᠡᠭ 6 ᠶᠢᠨ ᠦᠷᠢᠯ ᠵᠢᠴᠢ | ᠴᠢᠨ᠋ᠸ᠎ᠠ ᠬᠠᠷᠢᠮᠠᠭ ᠬᠤᠷᠤᠭᠤᠪᠴᠢᠨ ᠴᠡᠴᠡᠭ ᠵᠡᠷᠬᠡ ᠪᠠᠷ ᠵᠠᠰᠠᠵᠤ ᠪᠤᠯᠤᠨ᠎ᠠ ᠃ |