ᠸᠠᠩ ᠬᠤᠶ ᠄ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ  ᠹᠷᠤᠨᠲ ᠳᠡᠭᠡᠷ᠎ᠠ ᠭᠠᠪᠰᠢᠭᠠᠶᠢᠯᠠᠨ ᠠᠵᠢᠯᠯᠠᠨ᠎ᠠ
ᠨᠡᠶᠢᠲᠡᠯᠡᠭᠰᠡᠨ ᠴᠠᠭ᠄
2021/11/19
    ᠬᠢᠵᠢᠭ  ᠤᠨ ᠪᠠᠶᠢᠳᠠᠯ  ᠢ ᠰᠡᠷᠭᠡᠶᠢᠯᠡᠨ  ᠡᠵᠡᠮᠳᠡᠬᠦ ᠨᠢᠭᠡᠳᠦᠭᠡᠷ ᠹᠷᠣᠨᠲ  ᠲᠤ ᠪᠠᠰᠠ ᠡᠶᠢᠮᠦ ᠨᠢᠭᠡ ᠪᠦᠯᠦᠭ  ᠬᠦᠮᠤᠰ  ᠪᠠᠶᠢᠳᠠᠭ ᠂ ᠲᠠᠳᠠ ᠪᠣᠯ ᠳᠠᠷᠤᠶ ︽ᠬᠦᠰᠦᠨᠦᠭᠲᠦ ᠮᠡᠳᠡᠬᠦᠯᠦᠭᠴᠢ ︾ ᠮᠥᠨ ᠃ ᠲᠡᠳᠡ ᠬᠡᠳᠦ᠋ᠢᠪᠡᠷ ᠰᠠᠭᠤᠭᠠᠯᠢ ᠲᠣᠭᠤᠷᠢᠭ ᠂ ᠵᠠᠮ  ᠤᠨ ᠠᠭᠤᠯᠵᠠᠷ  ᠲᠤ ᠣᠴᠢᠵᠤ ᠪᠠᠶᠢᠴᠠᠭᠠᠬᠤ ᠴᠢᠬᠤᠯᠠ ᠦᠭᠡᠢ ᠪᠣᠯᠪᠠᠴᠤ ᠂ ᠲᠡᠳᠡᠨ  ᠤ ᠠᠵᠢᠯ ᠨᠢ ᠲᠦᠢᠯ  ᠤᠨ ᠴᠢᠬᠤᠯᠠ ᠪᠥᠭᠡᠳ ᠬᠠᠲᠠᠭᠤ ᠪᠡᠷᠬᠡᠰᠢᠶᠡᠯ  ᠲᠠᠢ ᠶᠤᠮ ᠃ 11 ᠰᠠᠷ᠎ᠠ  ᠶᠢᠨ 5  ᠤ ᠡᠳᠦᠷ ᠂ ᠰᠤᠷᠪᠤᠯᠵᠢᠯᠠᠭᠴᠢ ᠰᠢᠩ ᠯᠦᠩ ᠵᠡᠭᠡᠯᠢ ᠭᠤᠳᠤᠮᠵᠢ  ᠶᠢᠨ ᠭᠡᠷᠡᠭ ᠡᠷᠬᠢᠯᠡᠬᠦ ᠭᠠᠵᠠᠷ ᠤᠨ ᠵᠠᠨ ᠪᠸᠢ ᠨᠡᠶᠢᠭᠡᠮ ᠲᠣᠭᠤᠷᠢᠭ  ᠤᠨ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ︽ᠬᠦᠰᠦᠨᠦᠭᠲᠦ ᠮᠡᠳᠡᠬᠦᠯᠦᠭᠴᠢ ︾ ᠸᠠᠩ  ᠬᠤᠢ  ᠲᠠᠢ ᠬᠠᠷᠢᠯᠴᠠᠵᠤ ᠂ ᠲᠡᠭᠦᠨ  ᠤ ᠡᠳᠦᠷ ᠲᠤᠲᠤᠮ  ᠤᠨ ᠠᠵᠢᠯ  ᠤᠨ ᠪᠠᠶᠢᠳᠠᠯ  ᠢ ᠣᠢᠢᠯᠠᠭᠠᠯ᠎ᠠ ᠃     ᠸᠠᠩ  ᠬᠤᠢ ᠶᠠᠭᠤᠨ  ᠤ  ᠤᠷᠢᠳ  ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠳᠤᠮᠳᠠᠬᠢ ᠮᠡᠳᠡᠭᠦᠯᠦᠯᠲᠡ  ᠶᠢᠨ ᠬᠦᠰᠦᠨᠦᠭᠲᠦ  ᠶᠢᠨ ᠴᠢᠬᠤᠯᠠ ᠦᠶᠯᠡᠳᠦᠯ  ᠢ ᠰᠤᠷᠪᠤᠯᠵᠢᠯᠠᠭᠴᠢ  ᠳᠤ ᠲᠠᠨᠢᠯᠴᠠᠭᠤᠯᠤᠨ᠎ᠠ᠃ ᠲᠡᠷᠡ  ᠂ ᠮᠡᠳᠡᠭᠦᠯᠦᠯᠲᠡ  ᠶᠢᠨ ᠬᠦᠰᠦᠨᠦᠭᠲᠦ ᠪᠣᠯ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠰᠠᠭᠤᠷᠢ ᠲᠤᠭ᠎ᠠ ᠪᠠᠷᠢᠮᠲᠠ ᠮᠥᠨ ᠂ ᠡᠭᠦᠨ  ᠠᠴᠠ ᠪᠣᠯᠵᠣ ᠨᠢᠭᠲᠠ ᠂ ᠳᠡᠳ᠋ ᠨᠢᠭᠲᠠ ᠣᠢᠢᠷᠠᠲᠤᠭᠰᠠᠳ ᠤᠨ ᠮᠡᠳᠡᠭᠡ ᠵᠠᠩᠭᠢ  ᠪᠣᠶ ᠪᠣᠯᠵᠤ ᠂ ᠲᠤᠰᠠᠭᠠᠷᠯᠠᠬᠤ ᠵᠡᠷᠭᠡ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ  ᠶᠢᠨ ᠴᠢᠬᠤᠯᠠ ᠦᠨᠳᠦᠰᠦᠯᠡᠯ  ᠪᠤᠯᠳᠠᠭ  ᠪᠠᠶᠢᠨ᠎ᠠ  ᠬᠡᠨ᠎ᠠ ᠃ ᠮᠡᠳᠡᠭᠦᠯᠦᠯᠲᠡ  ᠶᠢᠨ ᠬᠦᠰᠦᠨᠦᠭ  ᠤᠨ ᠠᠭᠤᠯᠭ᠎ᠠ ᠨᠢ ᠭᠤᠤᠯᠳᠠᠭᠤ ᠬᠤᠶᠠᠷ ᠲᠠᠯ᠎ᠠ  ᠠᠴᠠ ᠢᠷᠡᠯᠲᠡ  ᠲᠠᠢ ᠂ ᠨᠢᠭᠡ ᠲᠠᠯ᠎ᠠ ᠨᠢ ᠨᠡᠶᠢᠭᠡᠮ ᠲᠣᠭᠤᠷᠢᠭ  ᠤᠨ  ᠳᠤᠤᠷᠵᠢᠭᠤᠯᠤᠬᠰᠠᠨ ᠬᠠᠮᠢᠶᠠᠷᠤᠯᠳᠠ ᠶᠢᠨ ᠠᠵᠢᠯᠲᠠᠨ ᠠᠴᠠ ᠢᠷᠡᠳᠡᠭ ᠂ ᠵᠠᠨ ᠪᠸᠢ ᠨᠡᠶᠢᠭᠡᠮ ᠲᠣᠭᠤᠷᠢᠭ  ᠲᠤ 21  ᠳᠤᠤᠷᠵᠢᠭᠤᠯᠤᠬᠰᠠᠨ ᠬᠠᠮᠢᠶᠠᠷᠤᠯᠳᠠ ᠶᠢᠨ ᠠᠵᠢᠯᠲᠠᠨ ᠪᠣᠶ ᠂ ᠡᠳᠦᠷ ᠪᠦᠷᠢ ᠳᠤᠤᠷᠵᠢᠭᠤᠯᠤᠬᠰᠠᠨ ᠬᠠᠮᠢᠶᠠᠷᠤᠯᠳᠠ ᠶᠢᠨ ᠠᠵᠢᠯᠲᠠᠨ ᠴᠥᠮ ᠵᠢᠭᠰᠠᠭᠠᠨ ᠪᠠᠶᠢᠴᠠᠭᠠᠵᠤ ᠭᠠᠷᠭᠠᠭᠰᠠᠨ ᠬᠤᠯᠪᠣᠭᠳᠠᠯ ᠪᠥᠬᠦᠶ ᠰᠠᠭᠤᠭᠠᠯᠢ ᠠᠷᠠᠳ  ᠤᠨ ᠮᠡᠳᠡᠭᠡ ᠵᠠᠩᠭᠢ  ᠶᠢ ᠲᠡᠷᠡ ᠳᠠᠷᠤᠶ  ᠳᠤᠨᠢ  ᠸᠠᠩ ᠬᠤᠢ  ᠳᠤ ᠮᠡᠳᠡᠭᠦᠯᠦᠨ ᠬᠦᠷᠭᠡᠳᠡᠭ ︔ ᠨᠥᠭᠦᠭᠡ ᠲᠠᠯ᠎ᠠ ᠨᠢ ᠳᠡᠭᠡᠳᠦ ᠱᠠᠲᠤᠨ  ᠤ ᠰᠠᠯᠠᠭ᠎ᠠ ᠮᠥᠴᠢᠷ  ᠠᠴᠠ ᠳᠠᠮᠵᠢᠭᠤᠯᠤᠨ ᠲᠠᠷᠬᠠᠭᠠᠭᠰᠠᠨ ᠬᠤᠰᠢᠭᠤᠨ ᠤ ᠰᠢᠨ᠎ᠠ ᠳᠢᠳᠢᠮᠯᠢᠭ ᠠᠭᠤᠰᠬᠢᠨ ᠦᠷᠪᠢᠰᠦᠯ  ᠤᠨ ᠬᠢᠵᠢᠭ  ᠤᠨ ᠪᠠᠶᠢᠳᠠᠯ  ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠂ ᠬᠤᠰᠢᠭᠤᠨ ᠤ ᠳᠣᠲᠣᠭᠠᠳᠤ  ᠶᠢ ᠬᠠᠮᠠᠭᠠᠯᠠᠬᠤ ᠲᠣᠪᠴᠢᠶ᠎ᠠ ᠵᠡᠷᠭᠡ ᠰᠠᠯᠠᠭ᠎ᠠ ᠮᠥᠴᠢᠷ  ᠤᠨ ᠬᠠᠷᠢᠭᠤ ᠲᠤᠰᠬᠠᠭᠰᠠᠨ ᠪᠥᠬᠦ ᠬᠤᠰᠢᠭᠤᠨ  ᠤ  ᠬᠤᠯᠪᠤᠬᠳᠠᠯ ᠪᠥᠬᠦᠶ ᠬᠥᠮᠦᠰ  ᠤᠨ ᠮᠡᠳᠡᠭᠡ ᠵᠠᠩᠭᠢ ᠪᠣᠯᠤᠨ᠎ᠠ᠃ ᠲᠡᠷᠡ ᠡᠭᠦᠨ  ᠤ ᠳᠣᠲᠣᠷ᠎ᠠ  ᠠᠴᠠ ᠵᠠᠨ ᠪᠸᠢ ᠨᠡᠶᠢᠭᠡᠮ ᠲᠣᠭᠤᠷᠢᠭ  ᠤᠨ ᠬᠡᠪᠴᠢᠶᠡᠨ  ᠳᠠᠬᠢ  ᠬᠤᠯᠪᠤᠬᠳᠠᠯ ᠪᠥᠬᠦᠶ ᠰᠠᠭᠤᠭᠠᠯᠢ ᠠᠷᠠᠳ  ᠢ ᠰᠣᠩᠭᠤᠨ ᠭᠠᠷᠭᠠᠬᠤ ᠴᠢᠬᠤᠯᠠᠲᠠᠶ  ᠃ 《 ᠡᠳᠡᠭᠡᠷ ᠮᠡᠳᠡᠭᠡ ᠵᠠᠩᠭᠢ  ᠶᠢ ᠪᠢᠳᠡ ᠴᠥᠮ ᠳᠠᠬᠢᠨ ᠬᠠᠷᠢᠴᠠᠭᠤᠯᠤᠨ ᠬᠠᠷᠭᠤᠭᠤᠯᠵᠤ ᠂ ᠬᠠᠮᠤᠭ ᠡᠴᠦᠰ  ᠲᠤ ᠲᠥᠷᠥᠯ ᠬᠤᠪᠢᠶᠠᠨ ᠡᠮᠬᠢᠯᠡᠵᠦ ᠭᠠᠷᠭᠠᠬᠤ ᠬᠡᠷᠡᠭᠲᠡᠶ᠂ ᠬᠡᠷᠪᠡ ᠰᠤᠳᠤᠯᠤᠨ ᠮᠠᠭᠠᠳᠯᠠᠵᠤ ᠳᠡᠶᠢᠯᠬᠦ ᠦᠭᠡᠶ ᠪᠠᠶᠢᠳᠠᠯ ᠲᠣᠬᠢᠶᠠᠯᠳᠤᠪᠠᠯ᠂ ᠲᠡᠷᠡ ᠳᠠᠷᠤᠶ  ᠳᠤᠨᠢ ᠳᠡᠭᠡᠳᠦ ᠱᠠᠲᠤᠨ  ᠤ ᠰᠠᠯᠠᠭ᠎ᠠ ᠮᠥᠴᠢᠷ  ᠲᠤ ᠮᠡᠳᠡᠭᠦᠯᠵᠦ ᠂ ᠲᠤᠰᠬᠠᠶ ᠮᠡᠷᠭᠡᠵᠢᠯ  ᠤᠨ ᠬᠥᠮᠦᠰ  ᠢᠶᠠᠷ ᠠᠶᠤᠯ ᠲᠦᠭᠰᠢᠭᠦᠷᠢ ᠣᠷᠣᠰᠢᠵᠤ ᠪᠠᠶᠢᠬᠤ ᠡᠰᠡᠬᠦ  ᠶᠢ ᠰᠤᠳᠤᠯᠤᠨ ᠮᠠᠭᠠᠳᠯᠠᠭᠤᠯᠵᠤ ᠂ ᠲᠡᠷᠡ ᠳᠠᠷᠤᠶ  ᠳᠤᠨᠢ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠠᠪᠬᠤ  ᠳᠤ ᠳᠥᠭᠦᠮ ᠪᠣᠯᠭᠠᠳᠠᠭ 》 ᠭᠡᠵᠤ ᠸᠠᠩ ᠬᠤᠢ ᠳᠠᠨᠢᠯᠴᠠᠭᠤᠯᠤᠨ᠎ᠠ ᠃  ᠳᠡᠷᠡ ᠂ ︽ ᠦᠨᠡᠨ  ᠳᠡᠭᠡᠨ ᠮᠡᠳᠡᠭᠦᠯᠦᠯᠲᠡ  ᠶᠢᠨ ᠬᠦᠰᠦᠨᠦᠭᠲᠦ  ᠳᠤ ᠮᠠᠰᠢ ᠣᠯᠠᠨ ᠠᠭᠤᠯᠭ᠎ᠠ ᠠᠭᠤᠯᠤᠭᠳᠠᠵᠤ ᠪᠠᠶᠢᠳᠠᠭ ᠂ ᠬᠥᠮᠦᠨ  ᠤ ᠪᠡᠶ᠎ᠡ  ᠶᠢᠨ ᠭᠠᠷᠤᠯ  ᠤᠨ ᠮᠡᠳᠡᠭᠡ ᠵᠠᠩᠭᠢ ᠂ ᠣᠢᠢᠷᠠᠲᠤᠭᠰᠠᠨ  ᠪᠠᠶᠢᠳᠠᠯ ᠂ ᠵᠠᠮ ᠬᠠᠷᠢᠯᠴᠠᠭᠠᠨ  ᠤ ᠪᠠᠭᠠᠵᠢ  ᠳᠤ ᠰᠠᠭᠤᠬᠰᠠᠨ ᠪᠠᠶᠢᠳᠠᠯ ᠵᠡᠷᠭᠡ ᠠᠭᠤᠯᠭ᠎ᠠ ᠪᠤᠢ ᠂  ᠬᠥᠮᠦᠨ ᠨᠢ ᠶᠠᠪᠤᠵᠤ ᠰᠢᠯᠵᠢᠳᠡᠭ ᠪᠣᠯᠬᠤᠷ ᠴᠠᠭ ᠲᠤᠬᠠᠶ  ᠳᠤᠨᠢ ᠮᠡᠳᠡᠭᠦᠯᠵᠦ ᠳᠠᠩᠰᠠᠯᠠᠭᠤᠯᠬᠤ ᠬᠡᠷᠡᠭᠲᠡᠶ ᠂ ᠡᠶᠢᠮᠦ  ᠠᠴᠠ ᠪᠦᠬᠦᠯᠢ ᠡᠳᠦᠷ  ᠢᠶᠠᠷ ᠺᠣᠮᠫᠢᠦ᠋ᠲ᠋ᠧᠷ  ᠤᠨ ᠡᠮᠦᠨ᠎ᠡ ᠰᠠᠬᠢᠬᠤ ᠬᠡᠷᠡᠭᠲᠡᠶ ᠪᠠᠶᠢᠳᠠᠭ ᠃ ᠣᠯᠠᠩᠬᠢ ᠦᠶ᠎ᠡ  ᠳᠤ ᠂ ᠤᠷᠤᠢ  ᠶᠢᠨ  ᠶᠢᠰᠤ ᠠᠷᠪᠠᠨ ᠴᠠᠭ ᠪᠣᠯᠬᠤ  ᠳᠤ ᠂ ᠨᠢᠭᠡ ᠡᠳᠦᠷ  ᠤᠨ ᠮᠡᠳᠡᠭᠡ ᠵᠠᠩᠭᠢ ᠶᠢ ᠰᠠᠶ᠋ᠢ ᠦᠨᠳᠦᠰᠦᠨ  ᠳᠡᠭᠡᠨ ᠬᠠᠷᠢᠭᠤ ᠳᠤᠰᠬᠠᠵᠤ ᠳᠠᠭᠤᠰᠳᠠᠭ ᠂ ᠪᠢᠳᠡ ᠮᠡᠳᠡᠭᠡ ᠵᠠᠩᠭᠢ  ᠶᠢ ᠣᠯᠤᠭᠰᠠᠨ ᠪᠣᠯᠬᠤᠷ ᠲᠤᠰ ᠤᠷᠤᠢ  ᠳᠤᠨᠢ ᠲᠦᠷᠦᠯ ᠬᠤᠪᠢᠶᠠᠨ ᠡᠮᠬᠢᠯᠡᠵᠦ ᠂ ᠲᠤᠰ ᠤᠷᠤᠢ  ᠳᠤᠨᠢ ᠳᠡᠭᠡᠭᠰᠢ ᠮᠡᠳᠡᠭᠦᠯᠬᠦ ᠴᠢᠬᠤᠯᠠᠲᠠᠶ  ᠪᠠᠶᠢᠳᠠᠭ ᠃ ᠬᠢᠵᠢᠭ  ᠤᠨ ᠪᠠᠶᠢᠳᠠᠯ ᠣᠷᠭᠢᠯ ᠴᠠᠭ ᠦᠶ᠎ᠡ  ᠳᠤ ᠪᠢ ᠪᠠᠷᠤᠭ ᠥᠷᠯᠥᠭᠡ  ᠶᠢᠨ 8 ᠴᠠᠭ  ᠠᠴᠠ  ᠰᠦᠨᠢ ᠶᠢᠨ   ᠶᠢᠨ 1 ᠴᠠᠭ ᠪᠣᠯᠲᠠᠯ᠎ᠠ   ᠶᠠᠭᠠᠷᠠᠵᠤ ᠂ ᠬᠠᠮᠤᠭ ᠶᠠᠭᠠᠷᠠᠤ ᠦᠶ᠎ᠠ ᠳᠤ ᠬᠤᠶᠠᠷ ᠡᠳᠦᠷ  ᠲᠤ ᠨᠢᠭᠡ ᠯᠡ  ᠡᠷᠡᠨ ᠤ ᠬᠤᠭᠤᠯᠠ ᠢᠳᠡᠳᠡᠭ 》 ᠭᠡᠵᠦ  ᠶᠠᠷᠢᠨ᠎ᠠ᠃   《 ᠮᠡᠳᠡᠭᠦᠯᠬᠦ ᠬᠦᠰᠦᠨᠦᠭᠲᠦ  ᠶᠢ  ᠳᠠᠬᠯᠠᠬᠤ  ᠳᠤ ᠪᠠᠰᠠ ᠨᠢᠭᠡ ᠴᠢᠬᠤᠯᠠ  ᠭᠤᠬᠴᠤᠭ᠎ᠠ ᠪᠤᠶ ᠂ ᠲᠤᠬᠠᠢᠢᠯᠠᠪᠠᠯ  ᠤᠳᠠᠰᠤᠳᠠᠬᠤ ᠶᠠᠪᠤᠳᠠᠯ ᠪᠣᠯᠤᠨ᠎ᠠ ᠂ ᠤᠴᠢᠷ ᠨᠢ ᠪᠢᠳᠡᠨ  ᠤ ᠴᠤᠭᠯᠠᠭᠤᠯᠤᠭᠰᠠᠨ ᠮᠡᠳᠡᠭᠡ ᠵᠠᠩᠭᠢ ᠵᠠᠷᠢᠮ  ᠳᠠᠭᠠᠨ ᠲᠡᠶᠢᠮᠦ ᠣᠨᠣᠪᠴᠢᠲᠠᠶ ᠪᠢᠰᠢ ᠪᠣᠯᠬᠤᠷ ᠤᠯᠠᠮ ᠨᠢᠭᠡ ᠠᠯᠬᠤᠮ ᠬᠢᠨᠠᠨ ᠬᠠᠷᠭᠤᠭᠤᠯᠵᠤ ᠨᠠᠷᠢᠯᠢᠬᠵᠢᠭᠤᠯᠬᠤ ᠬᠡᠷᠡᠭᠲᠡᠶ ᠪᠠᠶᠢᠳᠠᠭ ᠂ ᠦᠷ᠎ᠡ ᠪᠦᠲᠦᠮᠵᠢ  ᠶᠢ ᠳᠡᠭᠡᠭᠰᠢᠯᠡᠭᠦᠯᠬᠦ  ᠶᠢᠨ ᠲᠤᠰᠠᠳᠠ ᠪᠢᠳᠡ ᠰᠠᠭᠤᠭᠠᠯᠢ ᠠᠷᠠᠳ  ᠲᠠᠢ ᠰᠢᠭᠤᠳ ᠬᠠᠷᠢᠯᠴᠠᠵᠤ ᠂ ᠪᠠᠶᠢᠳᠠᠯ  ᠢ ᠬᠢᠨᠠᠨ ᠬᠠᠷᠭᠤᠭᠤᠯᠳᠠᠭ ᠪᠠᠶᠢᠨ᠎ᠠ᠂ ᠵᠠᠷᠢᠮ ᠳᠠᠭᠠᠨ ᠰᠠᠭᠤᠭᠠᠯᠢ ᠠᠷᠠᠳ ᠴᠤ ᠰᠠᠨᠠᠭᠠᠴᠢᠯᠠᠭ᠎ᠠ  ᠠᠴᠠ  ᠪᠠᠨ ᠪᠢᠳᠡᠨ  ᠳᠤ  ᠤᠲᠠᠰᠤᠳᠠᠵᠤ ᠂ ᠬᠤᠯᠪᠣᠭᠳᠠᠯ ᠪᠦᠬᠦᠢ ᠲᠥᠷᠥ  ᠶᠢᠨ ᠪᠣᠳᠣᠯᠭ᠎ᠠ  ᠶᠢ ᠠᠰᠠᠭᠤᠵᠤ ᠯᠠᠪᠯᠠᠳᠠᠭ 》 ᠭᠡᠮᠡᠨ ᠸᠠᠩ  ᠬᠤᠢ ᠳᠠᠨᠢᠯᠴᠠᠭᠤᠯᠤᠨ᠎ᠠ᠃ ᠰᠠᠭᠤᠭᠠᠯᠢ ᠠᠷᠠᠳ ᠲᠠᠢ ᠶᠠᠷᠢᠯᠴᠠᠬᠤ  ᠳᠤᠮᠳᠠ ᠪᠠᠰᠠ ᠢᠨᠢᠶᠠᠵᠤ ᠤᠬᠢᠯᠠᠬᠤ ᠶᠢᠨ ᠠᠷᠭ᠎ᠠ ᠦᠭᠡᠢ  ᠡᠶᠢᠮᠤ ᠳᠡᠶᠢᠮᠤ ᠤᠴᠢᠷ    ᠭᠠᠷᠳᠠᠭ ᠃ ᠸᠠᠩ  ᠬᠤᠢ᠄ ︽ ᠮᠠᠨ  ᠤ ᠵᠡᠭᠦᠨᠭᠠᠷ ᠬᠤᠰᠢᠭᠤᠨ  ᠳᠤ ᠣᠲᠣ ᠮᠡᠬᠡᠯᠡᠯ  ᠢ ᠰᠡᠷᠭᠡᠶᠢᠯᠡᠬᠦ ᠤᠬᠠᠭᠤᠯᠭ᠎ᠠ  ᠶᠢ ᠮᠠᠰᠢ ᠰᠠᠶᠢᠨ ᠬᠢᠵᠦ ᠪᠠᠶᠢᠨ᠎ᠠ ᠂ ᠪᠢᠳᠡ ᠤᠲᠠᠰᠤ  ᠪᠠᠷ ᠰᠠᠭᠤᠭᠠᠯᠢ ᠠᠷᠠᠳ  ᠲᠠᠢ ᠮᠡᠳᠡᠭᠡ ᠵᠠᠩᠭᠢ  ᠶᠢ ᠬᠠᠷᠭᠤᠭᠤᠯᠬᠤ ᠦᠶ᠎ᠡ  ᠳᠤ ᠂ ᠵᠠᠷᠢᠮ ᠰᠠᠭᠤᠭᠠᠯᠢ ᠠᠷᠠᠳ ᠲᠠᠨᠢᠯ ᠪᠤᠰᠤ ᠤᠲᠠᠰᠤ  ᠶᠢ ᠦᠵᠡᠭᠡᠳ  ᠳᠤᠩ ᠢᠲᠡᠭᠡᠬᠦ ᠥᠬᠡᠶ ᠪᠠᠶᠢᠵᠤ ᠂ ᠭᠡᠳᠡᠷᠭᠦ  ᠪᠠᠨ ᠨᠠᠳᠠ  ᠠᠴᠠ ᠤᠬᠤᠴᠢᠯᠠᠨ ᠠᠰᠠᠭᠤᠳᠠᠭ ᠰᠢᠤ ︾ ᠭᠡᠮᠡᠨ ᠰᠤᠷᠪᠤᠯᠵᠢᠯᠠᠬᠴᠢ ᠳᠤ ᠢᠨᠢᠶᠠᠳᠤ ᠪᠤᠯᠭᠠᠨ ᠶᠠᠷᠢᠨ᠎ᠠ᠃ ︽ᠪᠠᠰᠠ ᠵᠠᠷᠢᠮ ᠰᠠᠭᠤᠭᠠᠯᠢ ᠠᠷᠠᠳ ᠸᠠᠺᠼᠢᠨ  ᠤ ᠲᠠᠷᠢᠯᠭ᠎ᠠ ᠬᠢᠭᠰᠡᠨ ᠪᠠᠶᠢᠲᠠᠯ᠎ᠠ ᠶᠠᠭᠤᠨ  ᠳᠤ ᠪᠠᠰᠠ ᠲᠤᠰᠠᠭᠠᠷᠯᠠᠵᠤ ᠪᠠᠶᠢᠬᠤ  ᠶᠢ ᠣᠢᠢᠯᠠᠭᠠᠬᠤ ᠥᠬᠡᠶ ᠪᠠᠶᠢᠨ᠎ᠠ ᠃ ᠨᠢᠭᠡᠨ ᠤᠳᠠᠭ᠎ᠠ ᠂ ᠨᠢᠭᠡᠨ ᠰᠠᠭᠤᠭᠠᠯᠢ ᠠᠷᠠᠳ  ᠢ ᠲᠥᠪᠯᠡᠷᠡᠭᠦᠯᠦᠨ ᠲᠤᠰᠠᠭᠠᠷᠯᠠᠬᠤ ᠴᠢᠬᠤᠯᠠᠲᠠᠶ  ᠪᠤᠯᠤᠬᠰᠠᠨ  ᠳᠤ ᠲᠡᠷᠡ ᠪᠠᠭ᠋ᠠᠨ ᠳᠤᠷ᠎ᠠ ᠦᠭᠡᠶᠢᠴᠡᠵᠦ ᠄ ᠸᠠᠺᠼᠢᠨ  ᠤ ᠲᠠᠷᠢᠯᠭ᠎ᠠ ᠬᠢᠭᠰᠡᠨ ᠪᠠᠶᠢᠲᠠᠯ᠎ᠠ ᠶᠠᠭᠤᠨ  ᠳᠤ ᠪᠠᠰᠠ ᠲᠤᠰᠠᠭᠠᠷᠯᠠᠬᠤ ᠪᠤᠢ︖ ᠲᠡᠭᠡᠪᠡᠯ ᠸᠠᠺᠼᠢᠨ  ᠤ ᠲᠠᠷᠢᠯᠭ᠎ᠠ ᠬᠢᠭᠡᠳ ᠶᠠᠮᠠᠷ ᠬᠡᠷᠡᠭ  ᠲᠠᠢ  ᠶᠤᠮ︖ ᠭᠡᠵᠦ ᠨᠠᠳᠠ  ᠠᠴᠠ ᠲᠤᠯᠭᠠᠨ ᠠᠰᠠᠭᠤᠪᠠ ᠃ ᠪᠢ ᠲᠡᠭᠦᠨ  ᠳᠤ ᠲᠠᠶᠢᠯᠪᠤᠷᠢᠯᠠᠵᠤ ᠥᠭᠭᠦᠭᠰᠡᠨ ᠪᠣᠯᠪᠠᠴᠤ ᠲᠡᠷᠡ ᠪᠠᠰᠠ ᠣᠢᠢᠯᠠᠭᠠᠬᠤ ᠥᠬᠡᠶ ᠪᠠᠶᠢᠪᠠ ᠂  ᠲᠤᠬᠠᠶ  ᠶᠢᠨ ᠦᠶ᠎ᠡ  ᠳᠤ  ᠶᠠᠭᠠᠬᠢᠵᠤ ᠡᠶᠢᠬᠦ ᠪᠠᠨ  ᠮᠡᠳᠡᠬᠦ ᠦᠭᠡᠢ  ᠂  ᠤᠬᠢᠯᠠᠭ ᠠᠯᠳᠠᠨ ᠲᠡᠭᠦᠨ  ᠳᠤ ᠄ ᠪᠢᠳᠡ ᠂ ᠤᠳᠤᠷᠢᠳᠤᠯᠭ᠎ᠠ ᠺᠠᠳ᠋ᠷ ᠴᠥᠮ ᠸᠠᠺᠼᠢᠨ  ᠤ  ᠰᠠᠶᠢᠨ ᠲᠠᠯ᠎ᠠ  ᠶᠢ ᠢᠳᠡᠪᠬᠢᠲᠡᠶ ᠤᠬᠠᠭᠤᠯᠵᠤ ᠂ ᠣᠯᠠᠨ  ᠢᠶᠠᠷ ᠢᠶᠠᠨ ᠸᠠᠺᠼᠢᠨ  ᠤ ᠲᠠᠷᠢᠯᠭ᠎ᠠ ᠬᠢᠯᠭᠡᠵᠦ ᠪᠠᠶᠢᠲᠠᠯ᠎ᠠ ᠶᠠᠭᠠᠬᠢᠭᠠᠳ ᠸᠠᠺᠼᠢᠨ  ᠤ ᠲᠠᠷᠢᠯᠭ᠎ᠠ ᠬᠢᠯᠭᠡᠭᠡᠳ ᠲᠤᠰᠠ ᠥᠬᠡᠶ ᠭᠡᠵᠦ ᠪᠤᠳᠤᠳᠠᠭ ᠪᠣᠶ ︖ ᠭᠡᠵᠦ  ᠰᠠᠨᠳᠤᠷᠤᠨ ᠬᠡᠯᠡᠪᠡ ᠃ ᠲᠤᠬᠠᠶ  ᠶᠢᠨ ᠦᠶ᠎ᠡ  ᠳᠤ ᠲᠡᠷᠡ ᠮᠢᠨᠦ ᠤᠷᠮ᠎ᠠ ᠰᠡᠳᠬᠢᠯᠭᠡ ᠳᠠᠭᠠᠷᠠᠬᠤ ᠦᠭᠡᠶ  ᠂ ᠥᠪᠡᠷ  ᠢ  ᠪᠠᠨ ᠪᠠᠰᠠ ᠵᠣᠬᠢᠰ ᠦᠭᠡᠶ ᠶᠠᠷᠢᠵᠤ ᠪᠠᠶᠢᠨ᠎ᠠ ᠭᠡᠵᠦ ᠪᠣᠳᠣᠭᠠᠳ ᠂ ᠰᠠᠨᠠᠯ  ᠢᠶᠠᠨ ᠰᠣᠯᠢᠯᠴᠠᠬᠤ  ᠪᠠᠷ ᠳᠡᠮᠵᠢᠨ ᠡᠴᠦᠰ  ᠲᠡᠭᠡᠨ  ᠲᠤᠰᠠᠭᠠᠷᠯᠠᠬᠤ  ᠶᠢ ᠵᠥᠪᠰᠢᠶᠡᠷᠡᠭᠰᠡᠨ  ᠪᠠᠶᠢᠨ᠎ᠠ 》 ᠭᠡᠵᠤ ᠶᠠᠷᠢᠨ᠎ᠠ᠃ 《 ᠵᠠᠷᠢᠮ ᠦᠶ᠎ᠡ  ᠳᠤ ᠰᠠᠭᠤᠭᠠᠯᠢ ᠠᠷᠠᠳ ᠠᠭᠤᠷᠳᠠᠢ ᠪᠠᠷ ᠤᠲᠠᠰᠤ ᠢᠷᠡᠭᠦᠯᠳᠡᠭ ᠃ ᠦᠨᠡᠨ  ᠳᠡᠭᠡᠨ ᠂ ᠣᠳᠣᠬᠠᠨ  ᠳᠤ ᠰᠠᠭᠤᠭᠠᠯᠢ ᠠᠷᠠᠳ  ᠤᠨ ᠬᠡᠪ  ᠪᠤᠯᠪᠠᠰᠤᠷᠠᠯ ᠨᠡᠶᠢᠳᠡᠮ  ᠳᠡᠭᠡᠨ  ᠨᠡᠯᠢᠶᠡᠳ ᠥᠨᠳᠥᠷ ᠪᠠᠶᠢᠵᠤ ᠂ ᠣᠯᠠᠩᠬᠢ  ᠳᠠᠭᠠᠨ ᠰᠠᠨᠠᠯ  ᠢᠶᠠᠨ ᠰᠠᠶᠢᠲᠤᠷ ᠰᠣᠯᠢᠯᠴᠠᠭᠰᠠᠨ ᠥᠬᠡᠶ  ᠠᠴᠠ ᠪᠣᠯᠵᠣ ᠰᠠᠶ᠋ᠢ ᠵᠥᠷᠢᠯᠳᠦᠭᠡᠨ  ᠲᠠᠢ ᠪᠣᠯᠵᠣ ᠂ ᠰᠡᠳᠬᠢᠯ ᠰᠠᠨᠠᠭᠠᠨ  ᠤ ᠡᠰᠡᠷᠭᠦᠴᠡᠯᠳᠦᠯ  ᠲᠠᠢ ᠪᠣᠯᠳᠠᠭ ᠃ ᠶᠡᠷᠦᠩᠬᠡᠶ  ᠳᠡᠭᠡᠨ ᠲᠦᠷᠦ  ᠶᠢᠨ ᠪᠤᠳᠤᠯᠭ᠎ᠠ  ᠶᠢ ᠲᠣᠳᠣᠷᠬᠠᠶ ᠶᠠᠷᠢᠵᠤ ᠂ ᠤᠷᠮ᠎ᠠ ᠰᠡᠳᠬᠢᠯᠭᠡ  ᠶᠢ ᠨᠢ ᠰᠢᠯᠤᠭᠤᠳᠬᠠᠴᠢᠪᠠᠯ ᠲᠡᠳᠡ ᠳᠠᠷᠤᠶ ᠣᠢᠢᠯᠠᠭᠠᠵᠤ ᠬᠠᠮᠵᠢᠯᠴᠠᠳᠠᠭ ᠰᠢᠤ 》 ᠭᠡᠨ᠎ᠠ᠃     ᠰᠤᠷᠪᠤᠯᠵᠢᠯᠠᠭᠴᠢ ᠲᠤᠰᠠᠭᠠᠷᠯᠠᠭᠰᠠᠨ ᠬᠥᠮᠦᠨ  ᠤ ᠲᠤᠭ᠎ᠠ ᠂ ᠲᠤᠰᠠᠭᠠᠷᠯᠠᠭᠰᠠᠨ ᠪᠠᠶᠢᠳᠠᠯ  ᠢ ᠠᠰᠠᠭᠤᠬᠤ  ᠳᠤ ᠂ ᠸᠠᠩ ᠬᠤᠢ ᠲᠣᠪ ᠲᠣᠳᠣᠷᠬᠠᠢ  ᠶᠠᠷᠢᠵᠤ ᠭᠠᠷᠤᠯ᠎ᠠ  ᠃ ︽ ᠪᠢᠳᠡ ᠵᠠᠪᠠᠯ ᠲᠤᠭ᠎ᠠ ᠪᠦᠷᠢᠳᠬᠡᠯ  ᠢ ᠨᠢ ᠲᠣᠳᠣᠷᠬᠠᠢᠢᠯᠠᠪᠠᠯ ᠰᠠᠶ᠋ᠢ ᠬᠤᠰᠢᠭᠤᠨ  ᠤ ᠵᠠᠷᠢᠮ ᠲᠥᠷᠥ  ᠶᠢᠨ ᠪᠣᠳᠣᠯᠭ᠎ᠠ  ᠶᠢᠨ ᠴᠢᠨᠠᠷᠲᠠᠶ ᠲᠣᠬᠢᠷᠠᠭᠤᠯᠤᠯᠲᠠ ᠬᠢᠬᠦ  ᠳᠤ ᠲᠤᠰᠠᠲᠠᠶ ᠶᠤᠮ ︾  ᠭᠡᠨ᠎ᠠ ᠃ ᠸᠠᠩ  ᠬᠤᠢ ᠰᠤᠷᠪᠤᠯᠵᠢᠯᠠᠭᠴᠢ  ᠳᠤ ᠲᠠᠨᠢᠯᠴᠠᠭᠤᠯᠬᠤ  ᠳᠠᠭᠠᠨ ᠄ ︽ ᠮᠡᠳᠡᠭᠦᠯᠬᠦ ᠬᠦᠰᠦᠨᠦᠭᠲᠦ  ᠶᠢ ᠬᠠᠷᠢᠭᠤᠴᠠᠭᠰᠠᠨ  ᠠᠴᠠ  ᠨᠠᠭᠠᠰᠢ ᠂ ᠪᠠᠶᠠᠷ ᠳᠤᠷᠠᠰᠬᠠᠯ  ᠤᠨ ᠡᠳᠦᠷ ᠪᠠ ᠠᠮᠠᠷᠠᠯᠲᠠ  ᠶᠢᠨ ᠡᠳᠦᠷ ᠪᠠᠷᠤᠭ ᠪᠠᠶᠢᠬᠤ ᠥᠬᠡᠶ ᠪᠤᠯᠪᠠ ᠂ ᠲᠡᠷᠡ ᠮᠥᠷᠲᠡᠭᠡᠨ ᠣᠷᠣᠶ ᠪᠣᠯᠭᠠᠨ ᠴᠠᠭ ᠨᠡᠮᠡᠵᠦ ᠠᠵᠢᠯᠯᠠᠨ᠎ᠠ ᠂ ᠬᠡᠷ  ᠤᠨ ᠬᠥᠮᠦᠰ ᠪᠠ ᠬᠡᠦᠬᠡᠳ  ᠲᠡᠭᠡᠨ ᠬᠠᠨᠢ ᠪᠣᠯᠬᠤ ᠴᠠᠭ ᠴᠤ  ᠴᠦᠭᠡᠷᠡᠵᠡᠢ ᠃ ᠬᠡᠳᠦ᠋ᠢᠪᠡᠷ ᠵᠦᠳᠡᠷᠡᠯᠲᠡᠢ ᠪᠣᠯᠪᠠᠴᠤ ᠪᠢ ᠪᠠᠰᠠ ᠥᠩᠭᠡᠷᠡᠭᠰᠡᠨ  ᠲᠠᠢ  ᠪᠠᠨ ᠠᠳᠠᠯᠢ  ᠪᠠᠷ ᠨᠠᠷᠢᠨ ᠬᠢᠨᠠᠮᠠᠭᠠᠢ ᠂ ᠬᠠᠷᠢᠭᠤᠴᠠᠯᠭ᠎ᠠ  ᠲᠠᠢ ᠣᠪᠣᠷ  ᠢᠶᠠᠷ ᠰᠠᠭᠤᠭᠠᠯᠢ ᠠᠷᠠᠳ ᠨᠢᠭᠡᠪᠦᠷᠢ  ᠳᠤ ᠬᠠᠷᠢᠭᠤᠴᠠᠨ ᠂ ᠥᠪᠡᠷ  ᠤᠨ ᠠᠵᠢᠯ  ᠢᠶᠠᠨ ᠬᠢᠨᠠᠮᠠᠭᠠᠢ ᠰᠠᠶᠢᠲᠤᠷ  ᠬᠢᠳᠡᠭ᠃  ᠠᠳᠡ ᠪᠢ ᠵᠡᠭᠡᠯᠢ ᠭᠤᠳᠤᠮᠵᠢ ᠪᠣᠯᠤᠨ ᠨᠡᠶᠢᠭᠡᠮ ᠲᠣᠭᠤᠷᠢᠭ  ᠤᠨ ᠬᠢᠨ  ᠤ ᠮᠠᠨ  ᠤ ᠠᠵᠢᠯ  ᠢ ᠳᠡᠮᠵᠢᠭᠰᠡᠨ  ᠳᠤ ᠲᠠᠯᠠᠷᠬᠠᠵᠤ     ᠪᠠᠶᠢᠨ᠎ᠠ ᠂ ᠳᠡᠳᠡᠨ ᠤ ᠬᠦᠴᠤᠳᠡᠢ ᠳᠡᠮᠵᠢᠯᠭᠡ ᠪᠠᠷ ᠮᠢᠨᠤ ᠠᠵᠢᠯᠯᠠᠬᠤ ᠤᠷᠮ᠎ᠠ ᠵᠤᠷᠢᠭ ᠬᠦᠪᠴᠢᠯᠡᠭᠳᠡᠳᠡᠭ       ᠶᠤᠮ ᠃  ᠢᠩᠬᠢᠮᠡᠨᠵᠢᠨ ᠰᠠᠶ᠋ᠢ ᠪᠢᠳᠡ ᠯᠠᠪᠲᠠᠶ᠎ᠠ ᠰᠡᠳᠬᠢᠯ ᠨᠢᠭᠡᠳᠦᠨ ᠬᠦᠴᠦ  ᠪᠠᠨ ᠬᠠᠮᠲᠤᠳᠬᠠᠵᠤ ᠪᠠᠶᠢᠭᠠᠳ ᠬᠢᠵᠢᠭ  ᠤᠨ ᠪᠠᠶᠢᠳᠠᠯ  ᠢ ᠰᠡᠷᠭᠡᠶᠢᠯᠡᠨ  ᠡᠵᠡᠮᠳᠡᠬᠦ ᠪᠠ ᠬᠤᠷᠢᠭᠯᠠᠯᠳᠠ ᠶᠢᠨ ᠳᠠᠶᠢᠨ  ᠤ ᠢᠯᠠᠯᠲᠠ  ᠶᠢ ᠣᠯᠵᠤ ᠴᠢᠳᠠᠨ᠎ᠠ ᠭᠡᠳᠡᠭ  ᠢ ᠪᠢ ᠢᠲᠡᠭᠡᠵᠦ ᠪᠠᠶᠢᠨ᠎ᠠ 》 ᠭᠡᠨ᠎ᠠ ᠃ 
ᠢᠷᠡᠯᠲᠡ᠄ ᠥᠨᠥᠳᠦᠷ ᠤᠨ ᠵᠡᠭᠦᠨᠭᠠᠷ