ᠦᠨᠳᠡᠭᠡ ᠰᠤᠩᠭᠤᠬᠤ ᠳᠦᠬᠦᠮ ᠠᠷᠭ᠎ᠠ
ᠨᠡᠶᠢᠲᠡᠯᠡᠭᠰᠡᠨ ᠴᠠᠭ᠄
2021/11/15
     ᠰᠢᠨ᠎ᠠ ᠦᠨᠳᠡᠬᠡᠨ ᠤ ᠬᠠᠯᠢᠰᠤᠨ ᠳᠤ ᠨᠢᠬᠡ ᠳᠠᠪᠬᠤᠷ ᠴᠠᠭᠠᠨ ᠨᠤᠨᠳᠠᠭ ᠨᠠᠭᠠᠯᠳᠤᠵᠤ ᠪᠠᠶᠢᠳᠠᠭ ᠪᠦᠬᠡᠳ ᠳᠡᠮᠳᠡᠷᠢᠬᠦ ᠳᠤ ᠭᠠᠷ ᠲᠤ ᠨᠠᠭᠠᠯᠳᠤᠬᠤ ᠦᠬᠡᠢ᠂ ᠦᠨᠳᠡᠬᠡᠨ ᠬᠠᠯᠢᠰᠤ ᠶᠢ ᠦᠵᠡᠬᠦ ᠳᠤ ᠦᠡᠭᠬᠡ ᠨᠢ ᠬᠡᠬᠡᠨ ᠪᠠᠶᠢᠳᠠᠭ᠃ ᠡᠪᠳᠡᠷᠡᠭᠰᠡᠨ ᠦᠨᠳᠡᠭᠡ ᠶᠢ ᠪᠠᠷᠢᠪᠠᠯ ᠭᠠᠷ ᠲᠤ ᠨᠠᠭᠠᠯᠳᠤᠭᠠᠳ ᠬᠦᠨᠳᠤ ᠰᠢᠭ ᠰᠠᠨᠠᠭᠳᠠᠬᠤ ᠪᠦᠬᠡᠳ ᠦᠨᠳᠡᠬᠡᠨ ᠬᠠᠯᠢᠰᠤᠨ ᠤ ᠦᠡᠭᠬᠡ ᠨᠢ ᠴᠤ ᠬᠡᠪ ᠤᠨ ᠪᠤᠰᠤ ᠬᠠᠷᠠᠭᠳᠠᠨ ᠬᠠᠷ᠎ᠠ ᠳᠤᠰᠤᠯ ᠢᠯᠡᠷᠡᠭᠰᠡᠨ ᠪᠠᠶᠢᠳᠠᠭ᠃      ᠦᠵᠡᠬᠦ᠄ ᠦᠨᠳᠡᠭᠡ ᠪᠠᠨ ᠨᠠᠷᠠᠨ ᠤ ᠦᠬᠡᠳᠠ ᠪᠤᠶᠤ ᠳ᠋ᠸᠡᠭ ᠤᠨ ᠬᠡᠷᠡᠯ ᠳᠤ ᠪᠠᠷᠢᠵᠤ ᠦᠵᠡᠬᠦ ᠳᠤ ᠰᠢᠨ᠎ᠠ ᠦᠨᠳᠡᠭᠡ ᠨᠢ ᠤᠯᠠᠭᠠᠪᠳᠤᠷ ᠦᠡᠭᠬᠡ ᠲᠠᠢ ᠪᠠᠶᠢᠵᠤ᠂ ᠳᠤᠳᠤᠷᠠᠬᠢ ᠦᠨᠳᠡᠬᠡᠨ ᠰᠢᠷ᠎ᠠ ᠶᠢᠨ ᠬᠡᠯᠪᠡᠷᠢ ᠨᠢ ᠳᠤᠳᠤ ᠬᠠᠷᠠᠭᠳᠠᠳᠠᠭ᠃ ᠡᠪᠳᠡᠷᠡᠭᠰᠡᠨ ᠦᠡᠳᠡᠭᠡ ᠨᠢ ᠬᠠᠷᠢᠨ ᠦᠡᠭᠬᠡ ᠨᠢ ᠪᠦᠳᠡᠬᠢ ᠪᠤᠶᠤ ᠬᠠᠷ᠎ᠠ ᠳᠤᠯᠪᠤ ᠲᠠᠢ ᠪᠠᠶᠢᠳᠠᠭ᠂ ᠡᠶᠢᠮᠤ ᠦᠨᠳᠡᠬᠡᠨ ᠤ ᠴᠢᠨᠠᠷ ᠨᠢ ᠬᠤᠪᠢᠷᠠᠭᠰᠠᠨ ᠳᠤᠯᠠ ᠢᠳᠡᠵᠤ ᠪᠤᠯᠬᠤ ᠦᠬᠡᠢ᠃      ᠰᠡᠭᠰᠤᠷᠬᠦ᠄ ᠦᠨᠳᠡᠭᠡ ᠶᠢ ᠬᠦᠡᠭᠬᠡᠬᠡᠨ ᠰᠡᠭᠰᠦᠷᠬᠦ ᠳᠤ ᠳᠠᠭᠤ ᠦᠬᠡᠢ ᠪᠠᠶᠢᠪᠠᠯ ᠡᠨᠡ ᠬᠦ ᠦᠨᠳᠡᠬᠡᠨ ᠤ ᠰᠢᠷ᠎ᠠ ᠨᠢ ᠪᠦᠳᠤᠨ ᠪᠠᠶᠢᠵᠤ᠂ ᠰᠢᠨ᠎ᠠ ᠦᠨᠳᠡᠭᠡ ᠬᠡᠰᠡᠨ ᠢ ᠪᠠᠳᠤᠯᠠᠵᠤ ᠪᠤᠯᠤᠨ᠎ᠠ᠃ ᠬᠡᠷᠪᠠ ᠰᠡᠭᠰᠤᠷᠬᠦ ᠦᠶ᠎ᠠ ᠳᠤ ᠳᠠᠭᠤ ᠭᠠᠷᠴᠤ ᠪᠠᠶᠢᠪᠠᠯ ᠬᠠᠭᠤᠴᠢᠨ ᠦᠨᠳᠡᠭᠡ ᠬᠡᠰᠡᠨ ᠢ ᠬᠠᠷᠠᠭᠤᠯᠵᠤ ᠪᠤᠢ᠃ ᠡᠶᠢᠮᠤ ᠦᠨᠳᠡᠭᠡ ᠨᠢᠬᠡᠨᠳᠠ ᠡᠪᠳᠡᠷᠡᠬᠡᠳ ᠦᠨᠳᠡᠬᠡᠨ ᠰᠢᠷ᠎ᠠ ᠨᠢ ᠪᠤᠳᠠᠷᠠᠭᠰᠠᠨ ᠳᠤᠯᠠ ᠰᠡᠭᠰᠤᠷᠬᠦ ᠦᠶ᠎ᠠ ᠳᠤ ᠳᠠᠭᠤ ᠭᠠᠷᠳᠠᠭ᠃
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ