ᠤᠷᠳᠤ ᠨᠠᠰᠤᠯᠠᠬᠤ ᠳᠤ ᠰᠡᠳᠬᠢᠴᠡ ᠶᠢᠨ ᠠᠰᠠᠭᠤᠳᠠᠯ ᠮᠠᠰᠢ ᠴᠢᠬᠤᠯᠠ
ᠨᠡᠶᠢᠲᠡᠯᠡᠭᠰᠡᠨ ᠴᠠᠭ᠄
2021/11/15
     ᠪᠤᠰᠤᠳ ᠲᠤ ᠳᠤᠰᠠ ᠬᠢᠬᠦ ᠨᠢ ᠤᠷᠳᠤ ᠨᠠᠰᠤᠯᠠᠬᠤ ᠳᠤ ᠳᠤᠰᠠᠳᠡᠢ ᠪᠠᠶᠢᠳᠠᠬ᠃ ᠪᠤᠰᠤᠳ ᠲᠤ ᠳᠤᠰᠠ ᠬᠢᠬᠦ ᠨᠢ ᠡᠷᠡᠬᠦᠯ ᠴᠢᠬᠢᠷᠠᠬ ᠲᠤ ᠠᠰᠢᠬᠳᠡᠢ᠂ ᠡᠨᠡ ᠪᠤᠯ ᠮᠠᠰᠢ ᠤᠯᠠᠨ ᠤᠷᠳᠤ ᠨᠠᠰᠤᠯᠠᠬᠰᠠᠳ ᠤᠨ ᠪᠡᠶ᠎ᠠ ᠰᠤᠪᠢᠯᠠᠬᠤ ᠵᠤᠷ ᠪᠤᠯᠤᠨ᠎ᠠ᠃ ᠤᠴᠢᠷ ᠨᠢ ᠪᠤᠰᠤᠳ ᠢ ᠬᠠᠪᠰᠤᠷᠴᠤ ᠳᠡᠮᠵᠢᠬᠦ ᠳᠤᠷ᠎ᠠ ᠲᠠᠢ ᠬᠦᠮᠦᠨ ᠪᠤᠰᠤᠳ ᠤᠨ ᠳᠠᠯᠠᠷᠬᠠᠯ ᠪᠠ ᠬᠠᠶᠢᠷ᠎ᠠ ᠬᠦᠨᠳᠤᠳᠬᠡᠯ ᠢ ᠤᠯᠳᠠᠬ ᠠᠴᠠ ᠤᠶᠤᠨ ᠰᠠᠨᠠᠭᠠᠨ ᠳᠡᠬᠡᠷᠡᠬᠢ ᠪᠠᠴᠢᠮᠳᠠᠭᠤ᠂ ᠳᠠᠪᠴᠢᠭᠤ ᠪᠠᠶᠢᠳᠠᠯ ᠠᠴᠠ ᠮᠤᠯᠳᠤᠷᠠᠨ᠂ ᠰᠡᠳᠬᠢᠯ ᠰᠠᠨᠠᠭ᠎ᠠ ᠨᠢ ᠪᠠᠶᠠᠷ ᠬᠦᠷ ᠲᠠᠢ ᠪᠤᠯᠵᠤ ᠡᠪᠡᠳᠴᠢᠨ ᠢ ᠡᠰᠡᠷᠭᠦᠴᠡᠬᠦ ᠴᠢᠳᠠᠪᠦᠷᠢ ᠶᠢ ᠨᠡᠮᠡᠭᠳᠡᠬᠦᠯᠳᠡᠭ᠃ ᠡᠬᠦᠨ ᠤ ᠡᠰᠡᠷᠬᠦ ᠪᠠᠷ ᠪᠤᠰᠤᠳ ᠢ ᠳᠠᠶᠢᠰᠦᠩᠨᠠᠬᠤ᠂ ᠬᠤᠷᠤᠰᠬᠤ᠂ ᠪᠤᠰᠤᠳ ᠲᠠᠢ ᠮᠠᠭᠤᠳᠠᠯᠴᠠᠬᠤ᠂ ᠠᠭᠤᠷᠯᠠᠵᠤ ᠪᠠᠷᠬᠢᠷᠠᠬᠤ ᠦ ᠰᠡᠪ ᠡᠷᠢᠬᠦ ᠳᠤᠷᠠᠳᠡᠢ ᠬᠦᠮᠦᠰ ᠤᠨ ᠰᠡᠳᠬᠢᠯ ᠰᠠᠨᠠᠭᠠᠨ ᠳᠡᠬᠡᠷᠡᠬᠢ ᠳᠠᠷᠤᠭᠠᠰᠤ ᠨᠢ ᠳᠤᠩ ᠶᠡᠭᠡ ᠪᠠᠶᠢᠵᠤ᠂ ᠡᠷᠡᠬᠦᠯ ᠴᠢᠬᠢᠷᠠᠬ ᠤᠨ ᠪᠠᠶᠢᠳᠠᠯ ᠨᠢ ᠮᠠᠭᠤ ᠪᠠᠶᠢᠳᠠᠬ᠃ ᠬᠡᠷᠬᠢᠨ ᠪᠤᠰᠤᠳ ᠲᠤ ᠳᠤᠰᠠ ᠬᠢᠬᠦ ᠵᠠᠩ ᠴᠢᠨᠠᠷ ᠢ ᠬᠦᠮᠦᠵᠢᠬᠦᠯᠬᠦ ᠪᠤᠢ︖ ᠭᠡᠪᠡᠯ᠄      ︵1︶ ᠰᠠᠶᠢᠨ ᠰᠠᠶᠢᠬᠠᠨ ᠡᠷᠡᠬᠦᠯ ᠴᠢᠬᠢᠷᠠᠬ ᠰᠡᠳᠬᠢᠯ ᠰᠠᠨᠠᠭ᠎ᠠ ᠶᠢ ᠪᠤᠢ ᠪᠤᠯᠭᠠᠵᠤ᠂ ᠪᠤᠰᠤᠳ ᠢ ᠬᠠᠪᠰᠤᠷᠬᠤ ᠪᠤᠯ ᠦᠡᠭᠭᠡ ᠬᠡᠷᠡᠯᠳᠡᠢ ᠶᠠᠪᠤᠳᠠᠯ ᠮᠦᠨ ᠭᠡᠳᠡᠭ ᠦᠵᠡᠯᠳᠡ ᠶᠢ ᠪᠤᠢ ᠪᠤᠯᠭᠠᠬᠤ ᠴᠢᠬᠤᠯᠠᠳᠡᠢ᠃ ᠰᠡᠳᠬᠢᠯ ᠰᠠᠨᠠᠭ᠎ᠠ ᠠᠭᠤᠵᠢᠭᠤ ᠳᠠᠯᠪᠢᠭᠤ ᠪᠠᠷ ᠪᠤᠰᠤᠳ ᠤᠨ ᠤᠰᠤᠯ ᠠᠳᠡᠬᠦᠤ ᠶᠢ ᠢᠯᠡᠬᠦᠬᠡᠨ ᠠᠭᠤᠴᠢᠯᠠᠵᠤ᠂ ᠪᠤᠰᠤᠳ ᠤᠨ ᠬᠦᠴᠢᠷ ᠵᠤᠪᠠᠨᠢᠯ ᠲᠠᠢ ᠦᠶᠡᠰ ᠬᠦᠳᠡᠯᠦᠩᠭᠦᠢ ᠪᠠᠷ ᠳᠡᠳᠡᠨ ᠢ ᠬᠠᠪᠰᠤᠷᠴᠤ ᠳᠡᠮᠵᠢᠬᠦ ᠪᠤᠶᠤ ᠳᠠᠶᠢᠳᠬᠤᠷᠠᠭᠤᠯᠤᠨ᠂ ᠪᠤᠰᠤᠳ ᠲᠠᠢ ᠬᠠᠷᠢᠴᠠᠭ᠎ᠠ ᠪᠠᠨ ᠡᠶ᠎ᠡ ᠨᠠᠶᠢᠷ ᠲᠠᠢ ᠪᠠᠶᠢᠯᠭᠠᠬᠤ ᠬᠡᠷᠡᠭᠳᠡᠢ᠃      ︵2︶ ᠠᠳᠠᠭᠠᠳᠤ ᠰᠡᠳᠬᠢᠯᠭᠡ ᠶᠢ ᠳᠡᠪᠴᠢᠨ᠂ ᠪᠤᠰᠤᠳ ᠤᠨ ᠰᠠᠶᠢᠨ ᠲᠠᠢ ᠳᠠᠯ᠎ᠠ ᠲᠠᠢ ᠠᠳᠠᠭᠠᠷᠬᠠᠬᠤ ᠪᠤᠶᠤ ᠪᠤᠰᠤᠳ ᠤᠨ ᠤᠰᠤᠯ ᠠᠳᠡᠬᠦᠤ ᠳᠤ ᠳᠠᠪᠠ ᠬᠠᠨᠤᠬᠤ ᠰᠡᠳᠬᠢᠯᠬᠡ ᠲᠠᠢ ᠪᠠᠶᠢᠵᠤ ᠪᠤᠯᠬᠤ ᠦᠬᠡᠢ᠃ ᠤᠴᠢᠷ ᠨᠢ ᠠᠳᠠᠭᠠᠳᠤ ᠰᠡᠳᠬᠢᠯᠬᠡ ᠨᠢ ᠬᠦᠮᠦᠰ ᠤᠨ ᠰᠡᠳᠬᠢᠴᠡ ᠶᠢ ᠡᠷᠤᠢ ᠬᠤᠷᠤᠢ ᠦᠬᠡᠢ ᠪᠤᠯᠭᠠᠵᠤ ᠴᠢᠰᠤᠨ ᠳᠤᠳᠤᠷᠠᠬᠢ ᠬᠢᠮᠢ ᠶᠢᠨ ᠡᠯᠧᠮᠧᠨ᠋ᠲ ᠤᠨ ᠳᠡᠩᠴᠡᠬᠦᠷᠢ ᠶᠢ ᠠᠯᠳᠠᠭᠤᠯᠤᠨ ᠳᠤᠳᠤᠭᠠᠳᠤ ᠱᠦᠬᠦᠷᠡᠯᠳᠡ ᠶᠢᠨ ᠰᠢᠰᠲ᠋ᠧᠮ ᠢ ᠨᠦᠯᠤᠬᠡᠯᠡᠳᠡᠭ ᠠᠴᠠ ᠡᠷᠡᠬᠦᠯ ᠴᠢᠬᠢᠷᠠᠬ ᠲᠤ ᠬᠤᠤᠷᠳᠠᠢ ᠪᠠᠶᠢᠳᠠᠬ᠃      ︵3︶ ᠪᠤᠰᠤᠳ ᠢ ᠬᠦᠨᠳᠤᠳᠬᠡᠵᠤ᠂ ᠪᠤᠰᠤᠳ ᠢ ᠤᠶᠢᠢᠯᠠᠭᠠᠨ᠂ ᠪᠤᠰᠤᠳ ᠲᠤ ᠡᠷᠬᠡ ᠳᠡᠭᠰᠢ ᠬᠠᠨᠳᠤᠬᠤ ᠵᠠᠩ ᠴᠢᠨᠠᠷᠳᠡᠢ ᠪᠠᠶᠢᠬᠤ ᠬᠡᠷᠡᠭᠳᠡᠢ᠃ ᠪᠤᠰᠤᠳ ᠤᠨ ᠡᠷᠬᠡ ᠴᠢᠯᠦᠬᠡ᠂ ᠰᠤᠩᠭᠤᠯᠳᠠ᠂ ᠠᠮᠢᠳᠤᠷᠠᠯ ᠤᠨ ᠬᠡᠯᠪᠡᠷᠢ ᠮᠠᠶ᠋ᠢᠬ᠂ ᠳᠤᠷ᠎ᠠ ᠰᠤᠨᠢᠷᠬᠠᠯ ᠢ ᠬᠦᠨᠳᠤᠳᠬᠡᠨ᠂ ᠪᠤᠰᠤᠳ ᠤᠨ ᠦᠪᠡᠷ ᠢ ᠪᠠᠨ ᠬᠦᠨᠳᠤᠳᠬᠡᠬᠦ ᠰᠡᠳᠬᠢᠯᠬᠡ᠂ ᠦᠪᠡᠷ ᠲᠤ ᠪᠠᠨ ᠢᠳᠡᠬᠡᠯ ᠲᠠᠢ ᠪᠠᠶᠢᠬᠤ ᠰᠡᠳᠬᠢᠯᠬᠡ ᠶᠢ ᠬᠦᠨᠳᠡᠵᠤ ᠪᠤᠯᠬᠤ ᠦᠬᠡᠢ᠂ ᠪᠤᠰᠤᠳ ᠬᠦᠮᠦᠨ ᠠᠵᠢᠯ ᠠᠮᠢᠳᠤᠷᠠᠯ ᠳᠡᠭᠡᠷ᠎ᠡ ᠪᠠᠨ ᠨᠤᠭᠤᠷᠠᠯ ᠪᠦᠳᠤᠷᠢᠯ ᠳᠤ ᠤᠴᠠᠷᠠᠬᠰᠠᠨ ᠦᠶ᠎ᠠ ᠳᠤ ᠳᠡᠳᠡᠨ ᠲᠠᠢ ᠢᠯᠡᠬᠦᠬᠡᠨ ᠤᠶᠢᠢᠷᠠᠳᠤᠯᠴᠠᠵᠤ᠂ ᠳᠡᠳᠡᠨ ᠢ ᠵᠤᠷᠢᠬᠵᠢᠭᠤᠯᠬᠤ ᠪᠤᠶᠤ ᠳᠠᠶᠢᠳᠬᠤᠷᠠᠭᠤᠯᠬᠤ ᠵᠠᠩ ᠴᠢᠨᠠᠷ ᠢ ᠬᠦᠮᠦᠵᠢᠬᠦᠯᠦᠨ᠂ ᠪᠤᠰᠤᠳ ᠬᠦᠮᠦᠨ ᠤ ᠵᠤᠬᠰᠤᠯᠳᠠ ᠠᠴᠠ ᠠᠰᠠᠭᠤᠳᠠᠯ ᠢ ᠪᠤᠳᠤᠯᠬᠢᠯᠠᠵᠤ ᠰᠤᠷᠬᠤ ᠬᠡᠷᠡᠭᠳᠡᠢ᠃  
ᠢᠷᠡᠯᠲᠡ᠄ ︽ᠡᠷᠡᠬᠦᠯ ᠠᠮᠢᠳᠤᠷᠠᠬᠤ ᠶᠢᠨ ᠡᠷᠬᠢᠮ ᠳᠡᠭᠡᠵᠢ ᠡᠷᠳᠡᠨᠢ ᠰᠤᠪᠤᠳ ᠤᠨ ᠭᠡᠯᠬᠢᠶ᠎ᠡ ᠤᠷᠤᠰᠢᠪᠠᠢ︾ ᠨᠣᠮ ᠠᠴᠠ