ᠰᠢᠶᠧ ᠬᠦᠢ ᠯᠢᠨ ᠤ ᠶᠠᠳᠠᠭᠤ ᠠᠴᠠ ᠠᠩᠬᠢᠵᠢᠷᠠᠬᠰᠠᠨ ᠦᠯᠢᠭᠡᠷ
ᠨᠡᠶᠢᠲᠡᠯᠡᠭᠰᠡᠨ ᠴᠠᠭ᠄
2021/1/5
    ᠡᠨᠡ ᠵᠢᠯ 72 ᠨᠠᠰᠤᠳᠠᠢ ᠰᠢᠶᠧ ᠬᠦᠢ ᠯᠢᠨ ᠤ ᠬᠢᠨ ᠪᠤᠯ ᠸᠧᠢ ᠵᠢᠶᠠ ᠮᠤᠤ ᠪᠠᠯᠭᠠᠰᠤᠨ ᠤ ᠹᠠᠨ ᠵᠢᠶᠠ ᠮᠤᠤ ᠳᠤᠰᠬᠤᠨ ᠤ ᠳᠠᠩᠰᠠ ᠺᠠᠷᠲ ᠪᠠᠶᠢᠭᠤᠯᠤᠬᠰᠠᠨ ᠶᠠᠳᠠᠭᠤ ᠬᠦᠴᠢᠷᠳᠡᠯᠳᠡᠢ ᠡᠷᠤᠭᠡ ᠪᠤᠯᠤᠨ᠎ᠠ᠃  ᠤᠶᠢᠷ᠎ᠠ ᠶᠢᠨ ᠵᠢᠯ ᠠᠴᠠ ᠨᠠᠭᠠᠰᠢ᠂  ᠵᠡᠬᠦᠠᠭᠠᠷ ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ  ᠤᠨ ᠪᠠᠶᠢᠩᠭᠤ ᠶᠢᠨ ᠬᠤᠷᠢᠶᠠᠨ ᠤ ᠠᠯᠪᠠᠨ ᠪᠠᠶᠢᠭᠤᠯᠭ᠎ᠠ ᠶᠢᠨ ᠬᠤᠯᠪᠤᠭᠠᠯᠠᠯ ᠪᠤᠯᠵᠤ ᠶᠠᠳᠠᠭᠤ ᠶᠢ ᠳᠠᠭᠠᠭᠠᠴᠢᠯᠠᠨ ᠳᠡᠳᠬᠦᠬᠦ ᠺᠠᠳ᠋ᠷ ᠤᠨ ᠬᠠᠪᠰᠤᠷᠤᠯᠭ᠎ᠠ ᠳᠤᠤᠷ᠎ᠠ᠂  ᠶᠠᠳᠠᠭᠤ ᠬᠤᠭᠤᠰᠤᠨ ᠪᠠᠶᠢᠬᠰᠠᠨ ᠠᠴᠠ ᠪᠠᠨ ᠠᠵᠤ ᠤᠶᠢᠯᠡᠰ ᠢ ᠬᠦᠭᠵᠢᠬᠦᠯᠵᠤ᠂  ᠤᠷᠤᠯᠭ᠎ᠠ ᠪᠠᠨ ᠨᠡᠮᠡᠭᠳᠡᠬᠦᠯᠦᠭᠰᠡᠨ ᠢᠶᠠᠷ ᠦᠯᠤ ᠪᠠᠷᠠᠨ ᠪᠠᠰᠠ ᠳᠤᠰᠬᠤᠨ ᠤ ᠪᠠᠨ ᠶᠠᠳᠠᠭᠤ ᠠᠴᠠ ᠠᠩᠬᠢᠵᠢᠷᠠᠬᠰᠠᠨ ᠨᠡᠷᠡᠳᠡᠢ ᠬᠦᠮᠤᠨ ᠪᠤᠯᠤᠬᠰᠠᠨ ᠪᠠᠶᠢᠨ᠎ᠠ᠃  ᠤᠶᠢᠷ᠎ᠠ ᠳᠤ᠂  ᠰᠤᠷᠪᠤᠯᠵᠢᠯᠠᠬᠴᠢ ᠳᠡᠳᠡᠨ ᠤ ᠭᠡᠷ ᠲᠤ ᠬᠦᠷᠴᠤ᠂  ᠳᠡᠬᠦᠨ ᠤ ᠶᠠᠳᠠᠭᠤ  ᠠᠴᠠ ᠠᠩᠬᠢᠵᠢᠷᠠᠬᠰᠠᠨ ᠤ ᠳᠠᠷᠠᠭᠠᠬᠢ ᠵᠤᠯ ᠵᠢᠷᠭᠠᠯᠳᠤ ᠠᠮᠢᠳᠤᠷᠠᠯ ᠢ ᠨᠢ ᠠᠰᠠᠭᠤᠨ ᠰᠤᠷᠪᠤᠯᠵᠢᠯᠠᠵᠤ᠂  ᠠᠳᠠᠯ ᠤᠶᠢᠯᠡᠰ ᠪᠤᠰᠬᠠᠨ ᠴᠢᠨᠡᠭᠡᠯᠢᠭ ᠠᠮᠢᠳᠤᠷᠠᠯ ᠲᠠᠢ ᠪᠤᠯᠤᠬᠰᠠᠨ ᠰᠠᠶᠢᠨ ᠰᠠᠶᠢᠬᠠᠨ ᠪᠠᠶᠢᠳᠠᠯ ᠢ ᠨᠢ ᠤᠶᠢᠯᠠᠭᠠᠵᠤ ᠮᠡᠳᠡᠭᠰᠡᠨ ᠪᠠᠶᠢᠨ᠎ᠠ᠃
   ᠰᠤᠷᠪᠤᠯᠵᠢᠯᠠᠬᠴᠢ ᠰᠢᠶᠧ ᠬᠦᠢ ᠯᠢᠨ ᠲᠠᠢ ᠤᠴᠠᠷᠠᠬᠤ ᠦᠶᠡᠰ᠂  ᠳᠡᠷᠡ ᠶᠠᠭ ᠰᠠᠶᠢᠬᠠᠨ ᠮᠠᠯ ᠤᠨ ᠬᠤᠷᠤᠭᠠᠨ ᠳᠠᠭᠠᠨ ᠮᠠᠯ ᠢᠶᠠᠨ ᠳᠡᠵᠢᠭᠡᠵᠤ ᠪᠠᠶᠢᠬᠤ ᠲᠠᠢ ᠳᠠᠭᠠᠷᠠᠯᠳᠤᠯ᠎ᠠ᠃  ᠳᠡᠬᠦᠨ ᠤ ᠳᠡᠵᠢᠭᠡᠵᠤ ᠪᠠᠶᠢᠭ᠎ᠠ 120  ᠭᠠᠷᠤᠢ ᠳᠠᠷᠭᠤ ᠰᠠᠶᠢᠳᠠᠢ ᠰᠡᠷᠭᠡ ᠨᠢ ᠶᠠᠳᠠᠭᠤ ᠠᠴᠠ ᠠᠩᠬᠢᠵᠢᠷᠠᠬᠰᠠᠨ ᠤ ᠳᠠᠷᠠᠭᠠᠬᠢ ᠰᠢᠨ᠎ᠠ ᠠᠮᠢᠳᠤᠷᠠᠯ  ᠤᠨ ᠬᠢᠨᠢ ᠳᠦᠰᠢᠭ ᠳᠤᠯᠭᠠᠭᠤᠷᠢ ᠪᠠᠶᠢᠵᠤ᠂  ᠮᠦᠨ ᠴᠦ ᠳᠡᠬᠦᠨ ᠤ ᠤᠷᠤᠯᠭ᠎ᠠ ᠪᠠᠨ ᠨᠡᠮᠡᠭᠳᠡᠬᠦᠯᠵᠤ ᠴᠢᠨᠡᠭᠡᠯᠢᠭᠵᠢᠬᠦ ᠶᠢᠨ ᠬᠢᠨᠢ ᠴᠢᠬᠤᠯᠠ ᠠᠷᠭ᠎ᠠ ᠵᠠᠮ ᠪᠤᠯᠤᠬᠰᠠᠨ ᠪᠠᠶᠢᠯ᠎ᠠ᠃ ᠳᠡᠷᠡ ᠤᠶᠢᠷ᠎ᠠ ᠶᠢᠨ ᠵᠢᠯ ᠠᠴᠠ ᠭᠠᠭ᠋ᠠᠢ ᠳᠡᠵᠢᠭᠡᠬᠦ ᠤᠶᠢᠯᠡᠰ ᠶᠡᠭᠡ ᠰᠠᠶᠢᠨ ᠪᠠᠶᠢᠭ᠎ᠠ ᠪᠠᠶᠢᠳᠠᠯ ᠢ ᠠᠵᠢᠵᠤ ᠮᠡᠳᠡᠭᠡᠳ᠂ ᠬᠤᠯᠪᠤᠭᠠᠯᠠᠯ ᠪᠤᠯᠵᠤ ᠬᠠᠪᠰᠤᠷᠤᠨ ᠳᠡᠳᠬᠦᠬᠦ ᠠᠵᠤ ᠤᠶᠢᠯᠡᠰ ᠤᠨ ᠬᠦᠭᠵᠢᠯᠳᠡ ᠶᠢᠨ ᠪᠡᠯᠡ ᠮᠦᠩᠬᠦ ᠶᠢ ᠠᠰᠢᠬᠯᠠᠨ ᠭᠠᠭ᠋ᠠᠢ ᠳᠡᠵᠢᠭᠡᠵᠤ ᠡᠬᠢᠯᠡᠭᠰᠡᠨ ᠪᠠᠶᠢᠨ᠎ᠠ᠃  2019 ᠤᠨ ᠳᠤ   ᠳᠡᠳᠡᠨ ᠤ ᠬᠢᠨ 40  ᠭᠠᠷᠤᠢ ᠭᠠᠭ᠋ᠠᠢ ᠶᠢᠨ ᠳᠤᠷᠤᠢ ᠪᠤᠷᠤᠯᠠᠭᠤᠯᠵᠠᠢ᠃ ᠰᠢᠶᠧ ᠬᠦᠢ ᠯᠢᠨ ᠰᠤᠷᠪᠤᠯᠵᠢᠯᠠᠬᠴᠢ ᠳᠤ᠄  ︽ᠬᠤᠰᠢᠭᠤᠨ ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠬᠢᠨ ᠤ ᠬᠠᠪᠰᠤᠷᠤᠯᠭ᠎ᠠ ᠪᠠᠷ᠂  ᠡᠨᠡ ᠵᠢᠯ 120  ᠬᠢᠷᠢᠳᠡᠢ ᠢᠮᠠᠭ᠎ᠠ᠂ 8  ᠮᠡᠭᠡᠵᠢ᠂ 2  ᠳᠤᠷᠤᠢ ᠬᠤᠳᠠᠯᠳᠤᠨ ᠠᠪᠤᠪᠠ᠃  ᠨᠢᠭᠡ ᠵᠢᠯ ᠳᠤ 40  ᠭᠠᠷᠤᠢ ᠳᠤᠷᠤᠢ ᠵᠤᠯᠵᠠᠭᠠᠯᠠᠵᠤ᠂  ᠨᠢᠭᠡ ᠳᠤᠷᠤᠢ ᠶᠢ ᠨᠢ 1700 ᠳᠦᠬᠦᠷᠢᠭ ᠢᠶᠠᠷ ᠬᠤᠳᠠᠯᠳᠤᠬᠤ ᠳᠤ ᠬᠦᠷᠪᠡᠯ ᠮᠠᠨ ᠤ ᠭᠡᠷ  ᠤᠨ  ᠵᠢᠯ ᠤᠨ ᠤᠷᠤᠯᠭ᠎ᠠ  ᠪᠠᠷᠤᠭ 47000 ᠭᠠᠷᠤᠢ ᠳᠦᠬᠦᠷᠢᠭ ᠲᠤ ᠬᠦᠷᠤᠨ᠎ᠠ᠃ ᠢᠩᠬᠢᠭᠰᠡᠨ ᠢᠶᠠᠷ ᠮᠠᠨᠠᠶᠢᠬᠢᠨ  ᠴᠦ ᠴᠢᠨᠡᠭᠡᠯᠢᠭ ᠠᠮᠢᠳᠤᠷᠠᠯ ᠲᠠᠢ ᠪᠤᠯᠤᠬᠰᠠᠨ ᠰᠢᠤ  ︾ ᠭᠡᠵᠤ ᠪᠠᠶᠠᠷᠳᠠᠢ ᠶᠠᠷᠢᠨ᠎ᠠ᠃
    ᠰᠤᠷᠪᠤᠯᠵᠢᠯᠠᠬᠤ ᠳᠤᠮᠳᠠ ᠰᠤᠷᠪᠤᠯᠵᠢᠯᠠᠬᠴᠢ ᠶᠢᠨ ᠤᠶᠢᠯᠠᠭᠠᠬᠰᠠᠨ ᠢᠶᠠᠷ᠂  ᠤᠯᠠᠨ ᠵᠢᠯ ᠤᠨ ᠡᠮᠤᠨ᠎ᠠ᠂  ᠰᠢᠶᠧ ᠬᠦᠢ ᠯᠢᠨ ᠤ ᠪᠦᠰᠡᠬᠦᠢ   ᠨᠢ ᠳᠠᠷᠢᠬᠢᠨ ᠰᠤᠳᠠᠯ ᠤᠨ ᠪᠦᠭᠯᠡᠷᠡᠯ ᠠᠴᠠ ᠪᠤᠯᠵᠤ 11  ᠵᠢᠯ ᠤᠷᠤ ᠳᠡᠭᠡᠷ᠎ᠠ ᠪᠠᠨ ᠳᠠᠮᠪᠠᠷᠠᠨ ᠭᠡᠪᠳᠡᠵᠡᠢ᠃  ᠳᠡᠭᠷᠢ ᠶᠢᠨ ᠴᠢᠷᠠᠢ ᠶᠢ ᠬᠠᠷᠠᠵᠤ ᠠᠮᠢᠳᠤᠷᠠᠳᠠᠭ ᠰᠢᠶᠧ ᠬᠦᠢ ᠯᠢᠨ  ᠪᠦᠰᠡᠬᠦᠢ ᠪᠠᠨ ᠠᠰᠠᠷᠠᠨ ᠬᠠᠷᠠᠭᠠᠯᠵᠠᠬᠤ ᠶᠢᠨ ᠳᠠᠭᠠᠤ ᠪᠠᠰᠠ ᠳᠠᠷᠢᠶ᠎ᠠ ᠳᠠᠷᠢᠳᠠᠭ ᠨᠢᠮᠭᠡᠨ ᠤᠷᠤᠯᠭ᠎ᠠ ᠪᠠᠷ ᠢᠶᠠᠨ ᠪᠦᠰᠡᠬᠦᠢ ᠶᠢᠨ ᠢᠶᠠᠨ ᠡᠪᠡᠳᠴᠢᠨ ᠢ ᠦᠵᠡᠬᠦᠯᠵᠤ ᠠᠮᠢᠳᠤᠷᠠᠯ ᠨᠢ ᠳᠤᠩ ᠬᠦᠴᠢᠷᠳᠡᠯ ᠲᠠᠢ ᠪᠠᠶᠢᠵᠠᠢ᠃  ᠬᠤᠯᠪᠤᠭᠠᠯᠠᠯ ᠪᠤᠯᠵᠤ ᠬᠠᠪᠰᠤᠷᠤᠨ ᠳᠡᠳᠬᠦᠬᠦ ᠠᠵᠢᠯ ᠶᠠᠪᠤᠬᠳᠠᠬᠰᠠᠨ ᠠᠴᠠ ᠨᠠᠭᠠᠰᠢ᠂ ᠵᠡᠬᠦᠠᠭᠠᠷ ᠬᠤᠰᠢᠭᠤᠨ  ᠤ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠠᠯᠪᠠᠨ ᠪᠠᠶᠢᠭᠤᠯᠭ᠎ᠠ ᠶᠢᠨ ᠬᠤᠯᠪᠤᠭᠠᠯᠠᠯ ᠪᠤᠯᠵᠤ ᠬᠠᠪᠰᠤᠷᠤᠨ ᠳᠡᠳᠬᠦᠬᠦ ᠺᠠᠳ᠋ᠷ ᠨᠢ ᠳᠡᠬᠦᠨ ᠳᠤ ᠠᠵᠤ ᠤᠶᠢᠯᠡᠰ ᠤᠨ ᠬᠦᠭᠵᠢᠯᠳᠡ ᠶᠢᠨ ᠪᠡᠯᠡ ᠮᠦᠩᠬᠦ ᠤᠯᠭᠤᠬᠰᠠᠨ ᠮᠦᠷᠳᠡᠭᠡᠨ ᠪᠠᠰᠠ ᠳᠡᠬᠦᠨ ᠳᠤ ᠭᠤᠷᠪᠠᠨ ᠬᠦᠷᠳᠤᠳᠤ ᠳᠡᠷᠭᠡ ᠬᠤᠳᠠᠯᠳᠤᠨ ᠠᠪᠴᠤ ᠦᠭᠴᠡᠢ᠃  ᠳᠡᠷᠡ ᠡᠨᠡᠬᠦ ᠵᠤᠭᠤᠰ ᠢ ᠠᠰᠢᠬᠯᠠᠨ᠂ ᠭᠡᠷ ᠪᠦᠯᠢ ᠶᠢᠨ ᠳᠡᠵᠢᠭᠡᠪᠤᠷᠢ ᠶᠢᠨ ᠤᠶᠢᠯᠡᠰ ᠡᠷᠬᠢᠯᠡᠵᠤ᠂ ᠠᠮᠢᠳᠤᠷᠠᠯ ᠳᠤᠨᠢ ᠰᠠᠶᠢᠨ ᠡᠷᠬᠢᠯᠳᠡ ᠭᠠᠷᠴᠤ᠂  ᠵᠤᠯ ᠵᠢᠷᠭᠠᠯ ᠤᠨ ᠬᠦᠢᠴᠡᠳᠭᠡᠯ ᠳᠤᠭ᠎ᠠ ᠨᠢ ᠠᠭᠠᠵᠢᠮ ᠠᠭᠠᠵᠢᠮ ᠢᠶᠠᠷ ᠳᠡᠭᠡᠭᠰᠢᠯᠡᠵᠡᠢ᠃ ᠰᠢᠶᠧ ᠬᠦᠢ ᠯᠢᠨ᠄ ︽ᠶᠡᠷᠦ ᠶᠢᠨ ᠴᠠᠭ ᠲᠤ᠂  ᠮᠠᠨᠠᠶᠢᠬᠢᠨ ᠢ ᠬᠠᠪᠰᠤᠷᠳᠠᠭ ᠺᠠᠳ᠋ᠷ ᠭᠤᠷᠪᠠ ᠳᠠᠪᠤᠨ ᠡᠳᠤᠷ ᠲᠤ ᠨᠢᠭᠡ ᠤᠳᠠᠭ᠎ᠠ ᠢᠷᠡᠳᠡᠭ᠂ ᠭᠠᠷᠠᠭ ᠤᠨ ᠠᠮᠠᠷᠠᠯᠳᠠ ᠶᠢᠨ ᠡᠳᠤᠷ ᠲᠤ ᠴᠦ ᠠᠮᠠᠷᠠᠵᠤ ᠰᠠᠭᠤᠳᠠᠭ ᠦᠭᠡᠢ᠂  ᠮᠡᠷᠭᠡᠵᠢᠯᠳᠡᠨ ᠳᠠᠭᠠᠭᠤᠯᠵᠤ ᠢᠷᠡᠭᠡᠳ ᠮᠡᠭᠡᠵᠢ ᠭᠡᠭᠡᠯᠳᠦᠬᠦᠯᠬᠦ᠂ ᠳᠤᠷᠤᠢ ᠠᠷᠠᠴᠢᠯᠠᠵᠤ ᠤᠨᠳᠤᠷᠤᠭᠤᠯᠬᠤ ᠠᠵᠢᠯ ᠳᠤ ᠬᠠᠪᠰᠤᠷᠳᠠᠭ ᠪᠠᠶᠢᠨ᠎ᠠ᠃ ᠵᠢᠯ ᠴᠠᠭᠠᠨ ᠰᠠᠷ᠎ᠠ ᠪᠤᠯᠬᠤ ᠪᠦᠷᠢ ᠨᠠᠮ᠎ᠠ ᠶᠢ ᠡᠷᠬᠢᠨ ᠦᠵᠡᠵᠤ ᠳᠤᠬᠤᠨᠢᠭᠤᠯᠭ᠎ᠠ ᠶᠢᠨ ᠮᠦᠩᠬᠦ ᠦᠭᠳᠡᠭ ᠰᠢᠤ︾ ᠭᠡᠵᠤ ᠶᠠᠷᠢᠨ᠎ᠠ᠃     ᠰᠢᠶᠧ ᠬᠦᠢ ᠯᠢᠨ᠂  ᠦᠩᠭᠡᠷᠡᠭᠰᠡᠨ ᠳᠤ ᠶᠠᠳᠠᠭᠤ ᠵᠦᠳᠡᠬᠦᠦ ᠠᠮᠢᠳᠤᠷᠠᠵᠤ ᠪᠠᠶᠢᠵᠠᠢ᠂ ᠬᠠᠷᠢᠨ ᠡᠪ ᠬᠠᠮᠳᠤ ᠨᠠᠮ ᠤᠨ ᠰᠠᠶᠢᠨ ᠳᠦᠷᠦ ᠶᠢᠨ ᠪᠤᠳᠤᠯᠭ᠎ᠠ ᠪᠠ ᠤᠯᠤᠰ ᠠᠴᠠ ᠬᠦᠮᠤᠵᠢᠬᠦᠯᠦᠭᠰᠡᠨ ᠰᠠᠶᠢᠨ ᠺᠠᠳ᠋ᠷ ᠤᠨ ᠳᠠᠭᠠᠭᠤᠯᠭ᠎ᠠ ᠪᠠᠷ ᠴᠢᠨᠡᠭᠡᠯᠢᠭᠵᠢᠯ ᠢ ᠵᠤᠷᠢᠯ᠎ᠠ᠃  ᠬᠦᠮᠤᠨ ᠭᠡᠳᠤᠶᠢᠪᠠᠷ ᠶᠠᠳᠠᠭᠤ ᠪᠠᠶᠢᠬᠰᠠᠨ ᠴᠦ ᠵᠤᠷᠢᠭ ᠮᠤᠬᠤᠷᠠᠵᠤ ᠪᠤᠯᠬᠤ ᠦᠭᠡᠢ ᠰᠢᠤ᠃ ᠪᠤᠰᠤᠳ ᠬᠦᠮᠤᠨ ᠴᠢᠮ᠎ᠠ ᠶᠢ ᠬᠠᠪᠰᠤᠷᠴᠤ ᠳᠡᠳᠬᠦᠪᠡᠯ ᠮᠠᠨᠤᠰ ᠪᠠᠰᠠ ᠬᠠᠨᠴᠤᠢ ᠰᠢᠮᠠᠯᠠᠨ ᠴᠢᠷᠮᠠᠶᠢᠬᠤ ᠭᠡᠷᠡᠭᠳᠡᠢ᠃ ᠢᠩᠬᠢᠪᠡᠯ ᠶᠠᠳᠠᠭᠤ ᠠᠴᠠ ᠪᠠᠨ ᠠᠩᠬᠢᠵᠢᠷᠠᠵᠤ ᠴᠢᠳᠠᠬᠤ ᠮᠦᠷᠳᠡᠭᠡᠨ ᠪᠠᠰᠠ  ᠪᠠᠶᠠᠵᠢᠨ ᠴᠢᠨᠡᠭᠡᠯᠢᠭᠵᠢᠵᠤ ᠪᠤᠯᠤᠨ᠎ᠠ᠃ ᠨᠠᠰᠤ ᠠᠬᠠᠰᠢᠷᠠᠬᠰᠠᠨ ᠴᠦ᠂ ᠠᠵᠢᠯᠯᠠᠵᠤ ᠴᠢᠷᠮᠠᠶᠢᠵᠤ ᠪᠠᠶᠢᠭᠠᠳ ᠠᠮᠢᠳᠤᠷᠠᠯ ᠢᠶᠠᠨ ᠦᠭᠡᠳᠡ ᠳᠠᠳᠠᠵᠤ᠂ ᠦᠷᠤᠭᠡᠯ ᠪᠤᠰᠤᠳ ᠲᠤ ᠰᠠᠶᠢᠨ ᠳᠠᠭᠠᠭᠤᠯᠤᠬᠴᠢ ᠪᠤᠯᠬᠤ ᠭᠡᠷᠡᠭᠳᠡᠢ ᠪᠠᠶᠢᠨ᠎ᠠ ᠭᠡᠵᠤ ᠶᠠᠷᠢᠨ᠎ᠠ᠃
ᠢᠷᠡᠯᠲᠡ᠄ ᠵᠡᠬᠦᠠᠭᠠᠷ ᠤᠨ ᠰᠤᠨᠢᠨ