ᠲᠠᠪᠤᠨ ᠬᠤᠰᠢᠭᠤ ᠮᠠᠯ
ᠨᠡᠶᠢᠲᠡᠯᠡᠭᠰᠡᠨ ᠴᠠᠭ᠄
2021/1/19
     ᠲᠠᠪᠤᠨ ᠬᠤᠰᠢᠭᠤ ᠮᠠᠯ ᠢ ᠬᠤᠶᠠᠷ ᠲᠦᠷᠤᠯ ᠳᠤ ᠬᠤᠪᠢᠶᠠᠨ᠎ᠠ᠃ ᠡᠭᠦᠨ ᠳᠤ ᠮᠣᠷᠢ᠂ ᠦᠭᠡᠷ᠂ ᠲᠡᠮᠡᠭᠡ ᠶᠢ ᠪᠤᠲᠠ ᠮᠠᠯ ᠭᠡᠵᠦ᠂ ᠬᠤᠨᠢ ᠢᠮᠠᠭ᠎ᠠ ᠶᠢ ᠪᠤᠭ ᠮᠠᠯ ᠭᠡᠨ᠎ᠡ᠂ ᠡᠭᠦᠨ ᠢᠶᠠᠨ ᠪᠡᠰᠠ ᠬᠤᠶᠠᠷ ᠠᠶᠢᠮᠠᠭ ᠲᠤ ᠠᠩᠭᠢᠯᠠᠳᠠᠭ᠃ ᠮᠤᠷᠢ ᠶᠢ ᠪᠢᠳᠡᠭᠦᠤ ᠲᠤᠭᠤᠷᠠᠶᠢᠳᠠᠨ ᠤ ᠠᠶᠢᠮᠠᠭ᠃ ᠬᠤᠨᠢ᠂ ᠢᠮᠠᠭ᠎ᠠ᠂ ᠦᠭᠡᠷ᠂ ᠲᠡᠮᠡᠭᠡ ᠶᠢ ᠰᠠᠯᠠᠭ᠎ᠠ ᠲᠤᠭᠤᠷᠠᠶᠢᠳᠠᠨ ᠤ ᠠᠶᠢᠮᠠᠭ ᠭᠡᠨ᠎ᠡ᠃      ᠭᠦᠮᠤᠨ ᠲᠦᠷᠦᠯᠬᠢᠳᠡᠨ᠂ ᠵᠡᠷᠯᠢᠭ ᠠᠮᠢᠳᠠᠨ ᠤ ᠰᠦᠷᠦᠭ᠂ ᠮᠤᠷᠢ᠂ ᠬᠤᠨᠢ᠂ ᠢᠮᠠᠭ᠎ᠠ᠂ ᠦᠭᠡᠷ᠂ ᠲᠡᠮᠡᠭᠡ ᠲᠠᠢ ᠲᠠᠨᠢᠯᠴᠠᠵᠤ ᠢᠵᠢᠯᠢᠰᠢᠭᠰᠡᠨ ᠴᠠᠭ ᠦᠶ᠎ᠡ ᠠᠴᠠ ᠬᠤᠶᠢᠰᠢ ᠭᠡᠴᠢᠨᠠᠨ ᠮᠢᠩᠭ᠎ᠠ ᠲᠦᠮᠠᠨ ᠤᠨ ᠢᠶᠠᠷ ᠲᠠᠮᠵᠢᠨ ᠮᠤᠩᠭᠤᠯ ᠦᠨᠳᠤᠰᠤᠳᠠᠨ ᠨᠢ ᠲᠡᠳᠡᠭᠡᠷ ᠢ ᠬᠠᠶᠢᠷᠠᠯᠠᠨ ᠬᠠᠮᠠᠭᠠᠯᠠᠵᠤ ᠠᠷᠠᠴᠢᠯᠠᠵᠤ ᠦᠰᠭᠡᠵᠤ᠂ ᠠᠰᠢᠭ ᠰᠢᠮ᠎ᠡ ᠶᠢ ᠨᠢ ᠭᠦᠷᠳᠡᠵᠤ ᠠᠮᠢᠳᠤᠷᠠᠬᠰᠠᠭᠠᠷ ᠤᠯᠠᠮᠵᠢᠯᠠᠯᠳᠤ ᠨᠡᠭᠦᠳᠡᠯ ᠮᠠᠯᠵᠢᠯ ᠤᠨ ᠰᠤᠶᠤᠯ ᠢ ᠡᠭᠦᠳᠤᠨ ᠪᠦᠳᠦᠭᠡᠭᠰᠡᠨ ᠪᠠᠶᠢᠨ᠎ᠠ᠃     ᠡᠷᠳᠡᠨ ᠦᠶ᠎ᠡ ᠠᠴᠠ ᠮᠤᠩᠭᠤᠯᠴᠤᠤᠨ ᠲᠠᠪᠤᠨ ᠬᠤᠰᠢᠭᠤ ᠮᠠᠯ ᠢ ᠦᠰᠭᠡᠨ ᠦᠷᠡᠵᠢᠭᠦᠯᠭᠦ ᠶᠢᠨ ᠲᠦᠯᠦᠭᠡ᠂ ᠤᠰᠤᠨ ᠤ ᠲᠤᠩᠭᠠᠯᠠᠭ᠂ ᠡᠪᠡᠰᠦᠨ ᠤ ᠰᠤᠷᠭᠤᠭ ᠢ ᠰᠤᠩᠭᠤᠵᠤ᠂ ᠭᠦᠴᠢᠷ ᠲᠠᠢ ᠤᠷᠴᠢᠨ ᠲᠤᠭᠤᠷᠢᠨ ᠢ ᠬᠠᠮᠢᠶᠠᠷᠤᠯ ᠦᠭᠡᠢ ᠪᠠᠷ ᠤᠯᠠᠷᠢᠯ ᠢ ᠳᠠᠭᠠᠵᠤ ᠨᠡᠭᠦᠳᠡᠯᠯᠡᠨ ᠨᠤᠳᠤᠬᠰᠢᠬᠤ ᠠᠮᠢᠳᠤᠷᠠᠯ ᠤᠨ ᠵᠠᠩᠰᠢᠯ ᠲᠠᠢ ᠪᠤᠯᠴᠢᠬᠠᠵᠠᠢ᠃     ᠲᠠᠪᠤᠨ ᠬᠤᠰᠢᠭᠤ ᠮᠠᠯ ᠢ ᠠᠷᠠᠴᠢᠯᠠᠵᠤ ᠦᠰᠭᠡᠭᠦ ᠨᠢ ᠪᠤᠰᠤᠳ ᠲᠠᠷᠢᠶᠠᠯᠠᠩ ᠦᠢᠯᠡᠳᠪᠦᠷᠢᠯᠡᠯ ᠢ ᠡᠷᠬᠢᠯᠡᠭᠦ ᠠᠴᠠ ᠲᠦᠭᠦᠮ ᠪᠤᠯᠪᠠᠴᠤ ᠭᠠᠮᠰᠢᠭᠳᠠᠪᠠᠯ ᠡᠷᠬᠢᠯᠳᠠ  ᠨᠢ ᠤᠳᠠᠭᠠᠨ᠃ ᠲᠠᠪᠤᠨ ᠬᠤᠰᠢᠭᠤ ᠮᠠᠯ ᠨᠢ ᠨᠠᠶᠢᠭᠡᠮ ᠤᠨ ᠭᠦᠭᠵᠢᠯᠳᠡ ᠶᠢᠨ ᠠᠳᠠᠯᠢ ᠪᠤᠰᠤ ᠴᠠᠭ ᠦᠶ᠎ᠡ ᠳᠤ ᠪᠦᠷ ᠴᠢᠬᠤᠯᠠ ᠬᠤᠪᠢ ᠨᠡᠮᠡᠷᠢ ᠪᠠᠨ ᠦᠵᠡᠭᠦᠯᠦᠭᠰᠡᠭᠡᠷ ᠢᠷᠡᠭᠰᠡᠨ ᠪᠢᠯᠡ᠃ ᠲᠡᠷᠡ ᠵᠦᠪᠭᠡᠨ ᠨᠡᠭᠦᠳᠡᠯ ᠮᠠᠯᠴᠢᠳ ᠤᠨ ᠠᠮᠢᠳᠤᠷᠠᠯ ᠳᠤ ᠠᠰᠢᠭ ᠰᠢᠮ᠎ᠡ ᠬᠠᠩᠭᠠᠬᠰᠠᠨ ᠳᠡᠳᠤᠢ ᠪᠢᠰᠢ᠂ ᠬᠠᠷᠢᠨ ᠭᠦᠮᠤᠨ ᠲᠦᠷᠦᠯᠬᠢᠳᠡᠨ ᠤ ᠠᠮᠢᠳᠤᠷᠠᠯ᠂ ᠤᠯᠤᠰ ᠭᠦᠷᠦᠨ ᠤ ᠬᠦᠭᠵᠢᠯ ᠮᠠᠨᠳᠤᠯ᠂ ᠲᠠᠶᠢᠨ ᠪᠠᠶᠢᠯᠳᠤᠭᠠᠨ ᠤ ᠢᠯᠠᠯᠳᠠ᠂ ᠠᠵᠤ ᠦᠢᠯᠡᠳᠪᠤᠷᠢᠯᠡᠯ᠂ ᠲᠠᠷᠢᠶᠠᠯᠠᠩ ᠤᠨ ᠭᠦᠭᠵᠢᠯᠳᠡ ᠳᠤ ᠴᠢᠬᠤᠯᠠ ᠲᠦᠯᠬᠢᠴᠠ ᠭᠦᠴᠤᠨ ᠪᠤᠯᠤᠬᠰᠠᠭᠠᠷ ᠢᠷᠡᠪᠡ᠃     ᠠᠳᠠᠯᠢ ᠪᠤᠰᠤ ᠴᠠᠭ ᠦᠶ᠎ᠡ ᠶᠢᠨ ᠤᠯᠤᠰ ᠭᠦᠷᠦᠨ ᠤ ᠪᠠᠶᠢᠯᠳᠤᠭᠠᠨ ᠤ ᠴᠠᠭ ᠦᠶ᠎ᠡ ᠳᠤ ᠮᠤᠷᠢ ᠪᠤᠯ ᠴᠡᠷᠢᠭ ᠤᠨ ᠭᠦᠯᠦᠭ᠂ ᠦᠭᠡᠷ ᠲᠡᠮᠡᠭᠡ ᠪᠤᠯ ᠠᠴᠢᠶ᠎ᠡ ᠲᠡᠭᠡᠭᠡᠪᠤᠷᠢ ᠶᠢᠨ ᠤᠨᠤᠭ᠎ᠠ᠂ ᠲᠠᠪᠤᠨ ᠬᠤᠰᠢᠭᠤ ᠮᠠᠯ ᠤᠨ ᠰᠦ ᠰᠠᠭᠠᠯᠢ᠂ ᠮᠢᠬ᠎ᠠ ᠲᠤᠰᠤ ᠨᠢ ᠶᠠᠭᠠᠷᠠᠤ ᠪᠠᠴᠢᠮ ᠴᠠᠭ ᠦᠶ᠎ᠡ ᠶᠢᠨ ᠴᠡᠷᠢᠭ ᠵᠠᠩᠵᠤᠨ ᠤ ᠲᠦᠭᠦᠮ ᠬᠤᠭᠤᠯᠠ  ᠤᠮᠳᠠᠭᠠᠨ ᠨᠢ ᠪᠠᠶᠢᠵᠤ᠂ ᠴᠡᠷᠢᠭ ᠤᠨ ᠡᠷᠴᠢ ᠵᠤᠷᠢᠭ ᠢ ᠪᠠᠳᠠᠷᠠᠭᠤᠯᠵᠤ᠂ ᠲᠠᠶᠢᠨ ᠤ ᠢᠯᠠᠯᠳᠠ ᠤᠯᠬᠤ ᠳᠤ ᠬᠤᠪᠢ ᠨᠡᠮᠡᠷᠢ ᠭᠠᠪᠢᠶ᠎ᠡ ᠲᠠᠮᠳᠡᠭᠯᠡᠭᠦᠯᠵᠦ ᠪᠠᠶᠢᠯ᠎ᠠ᠃     ᠮᠠᠰᠢᠨ ᠢ ᠡᠭᠦᠳᠴᠤ ᠠᠰᠢᠭᠯᠠᠬᠤ ᠠᠴᠠ ᠠᠯᠢ ᠡᠮᠦᠨ᠎ᠡ᠂ ᠦᠭᠡᠷ᠂ ᠮᠤᠷᠢ ᠨᠢ ᠲᠠᠷᠢᠶᠠᠯᠠᠩ ᠤᠨ ᠭᠤᠤᠯ ᠪᠠᠭᠠᠵᠢ᠂ ᠵᠠᠮ ᠬᠠᠷᠢᠯᠴᠠᠭ᠎ᠠ ᠲᠦᠭᠦᠮ ᠦᠭᠡᠢ᠂ ᠮᠠᠰᠢᠨ ᠲᠡᠷᠭᠡ ᠦᠵᠡᠭᠳᠡᠭᠡ ᠴᠤ ᠦᠭᠡᠢ ᠴᠠᠭ ᠦᠶ᠎ᠡ ᠳᠤ ᠮᠤᠷᠢ᠂ ᠦᠭᠡᠷ᠂ ᠲᠡᠮᠡᠭᠡ ᠪᠤᠯ ᠵᠠᠮ ᠬᠠᠷᠢᠯᠴᠠᠭ᠎ᠠ᠂ ᠠᠴᠢᠶ᠎ᠡ ᠲᠡᠭᠡᠭᠡᠪᠤᠷᠢ ᠶᠢᠨ ᠭᠤᠤᠯ ᠤᠨᠤᠭ᠎ᠠ ᠪᠠᠶᠢᠵᠤ᠂ ᠡᠮᠦᠨ᠎ᠡ ᠤᠷᠤᠨ ᠠᠴᠠ ᠤᠮᠠᠷᠠᠳᠤ ᠬᠢᠯᠢ᠂ ᠲᠤᠷᠤᠨᠠᠳᠤ ᠤᠷᠤᠨ ᠠᠴᠠ ᠪᠠᠷᠠᠭᠤᠨ ᠬᠢᠵᠠᠭᠠᠷ ᠭᠦᠷᠳᠡᠯᠡᠬᠢ᠂ ᠠᠷᠠᠯᠵᠢᠶ᠎ᠡ ᠮᠠᠶᠢᠮᠠᠢ ᠶᠢᠨ ᠭᠦᠭᠵᠢᠯᠳᠡ ᠶᠢ ᠠᠬᠢᠭᠤᠯᠬᠤ ᠳᠤ ᠦᠭᠡᠷ᠂  ᠮᠤᠷᠢᠨ ᠤ ᠠᠴᠢᠶ᠎ᠡ᠂ ᠲᠡᠮᠡᠭᠡᠨ ᠵᠢᠩ ᠲᠦᠢᠯ ᠤᠨ ᠶᠡᠭᠡ ᠬᠤᠪᠢ ᠨᠡᠮᠡᠷᠢ ᠦᠵᠡᠭᠦᠯᠵᠤ ᠦᠩᠭᠡᠷᠡᠪᠡ᠃      ᠲᠠᠪᠤᠨ ᠬᠤᠰᠢᠭᠤ ᠮᠠᠯ ᠤᠨ ᠠᠰᠢᠭ ᠰᠢᠮ᠎ᠡ ᠨᠢ ᠠᠷᠠᠳ ᠤᠨ ᠠᠮᠢᠳᠤᠷᠠᠯ ᠳᠤ ᠲᠤᠳᠠᠬᠳᠠᠵᠤ ᠪᠤᠯᠤᠰᠢ ᠦᠭᠡᠢ ᠪᠠᠷ ᠦᠯᠦ ᠪᠠᠷᠠᠨ᠂ ᠰᠦ ᠰᠠᠭᠠᠯᠢ᠂ ᠮᠢᠬ᠎ᠠ ᠲᠤᠰᠤ᠂ ᠠᠷᠠᠰᠤ ᠰᠢᠷᠢ᠂ ᠨᠤᠤᠰᠤ ᠨᠤᠯᠤᠤᠷ ᠨᠢ ᠲᠡᠤᠭᠡᠨ ᠠᠴᠠ ᠪᠠᠨ ᠠᠪᠤᠭᠠᠳ ᠡᠳᠤᠭᠡ ᠳᠤ ᠭᠦᠷᠳᠡᠯ᠎ᠡ ᠠᠵᠤ ᠦᠢᠯᠡᠳᠪᠤᠷᠢᠯᠡᠯ ᠤᠨ ᠲᠦᠭᠦᠭᠡᠢ ᠮᠠᠲ᠋ᠧᠷᠢᠶᠠᠯ ᠨᠢ ᠪᠤᠯᠵᠤ᠂ ᠤᠯᠤᠰ ᠤᠷᠤᠨ ᠤ ᠭᠦᠭᠵᠢᠯᠳᠡ ᠶᠢ ᠠᠬᠢᠭᠤᠯᠵᠤ ᠪᠠᠶᠢᠨ᠎ᠠ᠃     ᠲᠠᠪᠤᠨ ᠬᠤᠰᠢᠭᠤ ᠮᠠᠯ ᠪᠤᠯ ᠡᠬᠡ ᠪᠠᠶᠢᠭᠠᠯᠢ ᠶᠢ ᠨᠤᠭᠤᠭᠠᠷᠠᠭᠤᠯᠤᠬᠴᠢ᠃     ᠡᠪᠡᠰᠤ ᠤᠷᠭᠤᠮᠠᠯ ᠤᠨ ᠦᠷ᠎ᠡ ᠨᠢ ᠮᠠᠯ ᠤᠨ ᠭᠡᠳᠡᠰᠤ ᠪᠠᠷ ᠲᠠᠮᠵᠢᠭᠠᠳ᠂ ᠰᠢᠮ᠎ᠡ ᠲᠡᠵᠢᠭᠡᠯ ᠲᠠᠢ ᠪᠤᠯᠪᠠᠰᠤᠷᠠᠬᠳᠠᠵᠤ᠂ ᠬᠤᠷᠭᠤᠯ ᠠᠷᠭᠠᠯ ᠠᠴᠠ ᠨᠢ ᠳᠠᠬᠢᠨ‌ᠤᠷᠭᠤᠵᠤ᠂ ᠭᠦᠷᠤᠰᠤ ᠰᠢᠷᠤᠢ ᠶᠢ ᠬᠠᠮᠠᠭᠠᠯᠠᠳᠠᠭ᠂  ᠮᠠᠯ ᠪᠤᠯ ᠦᠷ᠎ᠡ ᠰᠠᠴᠤᠬᠤ ᠮᠠᠰᠢᠨ ᠲᠠᠢ ᠠᠳᠠᠯᠢ᠂ ᠮᠠᠯ ᠪᠡᠶ᠎ᠡ ᠪᠠᠨ ᠰᠢᠯᠭᠡᠭᠡᠵᠤ ᠰᠠᠵᠢᠵᠤ ᠶᠠᠪᠤᠬᠤ ᠲᠤᠯᠠ᠂ ᠪᠡᠶ᠎ᠡ ᠳᠤ ᠨᠠᠭᠠᠯᠳᠤᠬᠰᠠᠨ ᠡᠪᠡᠰᠦᠨ ᠤ ᠦᠷ᠎ᠡ ᠪᠠᠨ ᠰᠠᠴᠤᠵᠤ ᠰᠠᠯᠬᠢᠨ ᠪᠤᠶᠤ ᠮᠠᠯ ᠤᠨ ᠭᠦᠯ ᠢᠶᠠᠷ ᠪᠤᠯᠠᠬᠳᠠᠭᠠᠳ ᠳᠠᠬᠢᠨ ᠰᠤᠶᠤᠭᠠᠯᠠᠨ᠂ ᠮᠠᠯ ᠬᠠᠭᠤᠴᠢᠨ ᠡᠪᠡᠰᠤ ᠶᠢ ᠨᠢ ᠢᠳᠡᠭᠡᠳ ᠰᠢᠨ᠎ᠡ ᠰᠠᠬᠤᠯᠢᠭ ᠡᠪᠡᠰᠤ ᠪᠡᠯᠴᠢᠭᠡᠷ ᠤᠷᠭᠤᠬᠤ ᠶᠢ ᠠᠬᠢᠭᠤᠯᠤᠨ᠎ᠠ᠃ ᠮᠠᠯ ᠵᠤᠵᠠᠭᠠᠷᠠᠭᠠᠳ᠂ ᠡᠪᠡᠰᠤ ᠪᠡᠯᠴᠢᠭᠡᠷ ᠢ ᠪᠠᠷᠠᠵᠤ᠂ ᠭᠦᠷᠤᠰᠤ ᠰᠢᠷᠤᠢ ᠶᠢᠨ ᠪᠦᠷᠭᠦᠪᠴᠢ ᠶᠢ ᠡᠪᠳᠡᠵᠤ ᠪᠠᠶᠢᠨ᠎ᠠ ᠭᠡᠳᠡᠭ ᠦᠵᠡᠯᠳᠡ ᠨᠢ ᠪᠦᠷᠢᠨ ᠵᠦᠪ ᠪᠢᠰᠢ᠃ ᠮᠠᠯ ᠤᠨ ᠬᠢᠮᠤᠰᠤᠨ ᠤ ᠦᠵᠦᠭᠦᠷ ᠨᠢ ᠠᠨᠵᠢᠰᠤᠨ ᠤ ᠦᠢᠯᠡᠳᠦᠯ  ᠲᠠᠢ᠂ ᠬᠤᠨᠢ ᠢᠮᠠᠭ᠎ᠠ ᠦᠭᠡᠷ ᠨᠢ ᠰᠠᠯᠠᠭ᠎ᠠ ᠬᠢᠮᠤᠰᠤᠨ ᠤ ᠦᠵᠦᠭᠦᠷ ᠢᠶᠠᠷ ᠢᠶᠠᠨ ᠭᠠᠵᠠᠷ ᠤᠨ ᠭᠦᠷᠤᠰᠤ ᠶᠢ ᠰᠠᠶᠢᠷᠡᠭᠵᠢᠭᠦᠯᠳᠡᠭ᠂ ᠮᠤᠷᠢ ᠲᠤᠭᠤᠢ ᠲᠤᠭᠤᠷᠠᠢ ᠲᠠᠢ᠂ ᠲᠡᠮᠡᠭᠡ ᠵᠦᠭᠡᠯᠡᠨ ᠶᠡᠭᠡ ᠲᠠᠪᠠᠭ ᠲᠠᠢ ᠪᠤᠯᠬᠤᠷ ᠭᠠᠵᠠᠷ ᠢ ᠲᠠᠬᠰᠢᠷᠠᠭᠤᠯᠵᠤ ᠴᠢᠬᠢᠭ ᠢ ᠬᠠᠮᠠᠭᠠᠯᠠᠬᠤ ᠦᠢᠯᠡᠳᠤᠯ ᠲᠠᠢ᠃ ᠲᠠᠷᠢᠶᠠᠴᠢᠳ ᠮᠠᠯ ᠤᠨ ᠰᠢᠬᠡᠭ ᠢ ᠢᠯᠵᠢᠷᠠᠭᠦᠯᠵᠤ ᠪᠤᠷᠳᠤᠭᠤᠷ ᠪᠤᠯᠭᠠᠵᠤ᠂ ᠠᠳᠤᠭᠤᠨ ᠤ ᠬᠤᠮᠤᠯ᠂ ᠦᠭᠡᠷ ᠤᠨ ᠠᠷᠭᠠᠯ ᠢ ᠬᠤᠵᠢᠷ ᠲᠠᠢ ᠭᠠᠵᠠᠷ ᠲᠤ ᠤᠷᠤᠭᠤᠯᠵᠤ ᠠᠰᠢᠬᠯᠠᠬᠤ ᠵᠡᠷᠭᠡ ᠪᠠᠷ ᠲᠤᠷᠰᠢᠯᠭ᠎ᠠ ᠬᠤᠷᠠᠮᠳᠤᠭᠤᠯᠵᠤ᠂ ᠲᠠᠷᠢᠶ᠎ᠠ ᠲᠠᠷᠢᠵᠤ᠂ ᠡᠳᠤᠭᠡ ᠶᠢᠨ ᠬᠢᠮᠢ ᠶᠢᠨ ᠪᠤᠷᠳᠤᠭᠤᠷ᠂ ᠲᠠᠷᠢᠶᠠᠨ ᠤ ᠤᠷᠭᠤᠴᠠ ᠶᠢ ᠨᠦᠯᠦᠭᠡᠯᠡᠭᠦ ᠦᠭᠡᠢ ᠬᠠᠷᠢᠨ ᠡᠪᠡᠰᠤ ᠶᠢ ᠨᠢ ᠠᠷᠢᠯᠭᠠᠬᠤ ᠤᠯᠠᠨ ᠲᠦᠷᠤᠯ ᠤᠨ ᠡᠮ ᠵᠡᠷᠭᠡ ᠶᠢ ᠦᠢᠯᠡᠳᠪᠤᠷᠢᠯᠡᠵᠤ᠂ ᠰᠢᠨᠵᠢᠯᠡᠭᠦ ᠤᠬᠠᠭᠠᠨᠴᠢ ᠪᠠᠷ ᠲᠠᠷᠢᠶᠠᠯᠠᠩ ᠦᠢᠯᠡᠳᠪᠤᠷᠢᠯᠡᠯ ᠢ ᠠᠬᠢᠭᠤᠯᠬᠤ ᠳᠤ ᠰᠠᠭᠤᠷᠢ ᠲᠠᠯᠪᠢᠬᠰᠠᠨ ᠪᠠᠶᠢᠨ᠎ᠠ᠃      ᠮᠠᠯ ᠨᠢ ᠡᠵᠡᠨ ᠢᠶᠠᠨ ᠲᠦᠰᠢᠵᠤ ᠦᠷᠡᠵᠢᠵᠤ ᠦᠰᠳᠡᠭ᠃ ᠡᠶᠢᠮᠤ ᠠᠴᠠ ᠮᠤᠩᠭᠤᠯ ᠦᠷ᠎ᠡ ᠬᠤᠶᠢᠴᠢᠰ ᠮᠢᠨᠢ᠂ ᠠᠵᠤ ᠠᠬᠤᠢ ᠶᠢᠨ ᠦᠵᠡᠯᠳᠠ ᠲᠠᠢ᠂ ᠬᠤᠯᠠ ᠶᠢᠨ ᠬᠠᠷᠠᠴᠠ ᠲᠠᠢ ᠪᠠᠶᠢᠵᠤ᠂ ᠨᠠᠶᠢᠭᠡᠮ ᠤᠨ ᠬᠦᠭᠵᠢᠯᠳᠡ᠂ ᠴᠠᠭ ᠦᠶ᠎ᠡ ᠶᠢᠨ ᠱᠠᠭᠠᠷᠳᠠᠯᠭ᠎ᠠ ᠳᠤ ᠨᠠᠶᠢᠴᠠᠭᠦᠯᠵᠤ᠂ ᠰᠢᠨᠵᠢᠯᠡᠭᠦ ᠤᠬᠠᠭᠠᠨᠴᠢ ᠪᠠᠷ ᠡᠨᠡᠭᠦ ᠨᠡᠭᠦᠳᠡᠯ ᠮᠠᠯᠵᠢᠯ ᠤᠨ ᠰᠤᠶᠤᠯ ᠤᠨ ᠦᠪ ᠭᠦᠷᠦᠩᠭᠡ ᠪᠠᠨ ᠬᠠᠶᠢᠷᠠᠯᠠᠨ ᠬᠠᠮᠠᠭᠠᠯᠠᠵᠤ ᠤᠯᠠᠮᠵᠢᠯᠠᠬᠤ ᠶᠢ ᠬᠦᠨᠳᠤᠳᠭᠡᠵᠤ ᠶᠠᠪᠤᠭᠠᠷᠠᠢ᠃     ᠡᠳᠦᠭᠡ ᠮᠠᠨ ᠤ ᠨᠤᠳᠤᠭ ᠲᠤ ᠮᠠᠯᠵᠢᠬᠤ ᠪᠠᠶᠢᠭ᠎ᠠ ᠲᠠᠪᠤᠨ ᠬᠤᠰᠢᠭᠤ ᠮᠠᠯ ᠤᠨ ᠲᠦᠷᠦᠯ ᠤᠬᠰᠠᠭ᠎ᠠ ᠤᠯᠠᠨ ᠪᠠᠶᠢᠨ᠎ᠠ᠃ ᠡᠭᠦᠨ ᠳᠤ ᠠᠳᠤᠭᠤ ᠪᠠᠷ ᠠᠪᠴᠤ ᠬᠡᠯᠡᠪᠡᠯ᠂ ᠨᠤᠳᠤᠭ ᠤᠨ ᠮᠤᠩᠭᠤᠯ ᠮᠤᠷᠢ᠂ ᠭᠤᠷᠪᠠᠨ ᠭᠤᠤᠯ ᠤᠨ ᠮᠤᠷᠢ᠂ ᠠᠩᠭ᠍ᠯᠢ ᠤᠳᠤᠮ ᠤᠨ ᠮᠤᠷᠢ᠂ ᠰᠢᠨᠵᠢᠶᠠᠩ ᠤᠨ ᠮᠤᠷᠢ᠂ ᠭᠠᠨᠰᠤ ᠶᠢᠨ ᠮᠤᠷᠢ᠂ ᠯᠢᠶᠤᠤᠨᠢᠩ ᠤᠨ ᠮᠤᠷᠢ ᠵᠡᠷᠭᠡ᠃      ᠬᠤᠨᠢᠨ ᠤ ᠲᠦᠷᠤᠯ ᠳᠤ᠄ ᠨᠤᠳᠤᠭ ᠤᠨ ᠬᠤᠨᠢ᠂ ᠤᠷᠳᠤᠰ ᠨᠠᠷᠢᠨ ᠨᠤᠤᠰᠤᠳᠤ ᠬᠤᠨᠢ᠂ ᠨᠠᠷᠢᠨ ᠨᠤᠤᠰᠤᠳᠤ ᠬᠤᠨᠢ᠂ ᠦᠵᠦᠮᠦᠴᠢᠨ ᠬᠤᠨᠢ᠂ ᠦᠯᠴᠢᠷ ᠬᠤᠨᠢ ᠵᠡᠷᠭᠡ ᠪᠤᠢ᠃     ᠢᠮᠠᠭᠠᠨ ᠤ ᠲᠦᠷᠤᠯ ᠳᠤ᠄ ᠨᠤᠳᠤᠭ ᠤᠨ ᠢᠮᠠᠭ᠎ᠠ᠂ ᠠᠷᠪᠠᠰ ᠤᠨ ᠴᠠᠭᠠᠨ ᠢᠮᠠᠭ᠎ᠠ᠂ ᠯᠢᠶᠤᠤᠨᠢᠩ ᠤᠨ ᠶᠡᠭᠡ ᠨᠤᠯᠤᠤᠷ ᠲᠠᠢ ᠢᠮᠠᠭ᠎ᠠ᠂ ᠰᠦ ᠶᠢᠨ ᠢᠮᠠᠭ᠎ᠠ ᠵᠡᠷᠭᠡ ᠪᠤᠢ᠃     ᠦᠭᠡᠷ ᠤᠨ ᠲᠦᠷᠤᠯ ᠳᠤ᠄ ᠨᠤᠳᠤᠭ ᠤᠨ ᠦᠭᠡᠷ᠂ ᠮᠠᠨ ᠤ ᠨᠤᠳᠤᠭ ᠤᠨ ᠵᠡᠷᠯᠢᠭ ᠦᠭᠡᠷ᠂ ᠵᠡᠭᠦᠨ ᠤᠷᠤᠨ ᠤ ᠠᠯᠠᠭ ᠦᠭᠡᠷ᠂ ᠰᠠᠭᠠᠯᠢ ᠶᠢᠨ ᠦᠨᠢᠶ᠎ᠡ ᠬᠢᠵᠤ ᠪᠠᠶᠢᠳᠠᠭ᠃      ᠲᠡᠮᠡᠭᠡᠨ ᠤ ᠲᠦᠷᠤᠯ ᠳᠤ᠄ ᠨᠤᠳᠤᠭ ᠤᠨ ᠲᠡᠮᠡᠭᠡ᠂ ᠠᠯᠠᠱᠠ ᠲᠡᠮᠡᠭᠡ᠂ ᠭᠤᠪᠢ ᠶᠢᠨ ᠤᠯᠠᠭᠠᠨ ᠲᠡᠮᠡᠭᠡ ᠬᠡᠵᠤ ᠪᠠᠶᠢᠨ᠎ᠠ᠃      
ᠢᠷᠡᠯᠲᠡ᠄ 《 ᠤᠷᠳᠤᠰ ᠰᠤᠳᠤᠷ ᠪᠢᠴᠢᠭ ᠤᠨ ᠴᠤᠪᠤᠷᠠᠯ》 ᠠᠴᠠ ᠪᠠᠭᠤᠯᠭᠠᠪᠠ