1. ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠦᠷᠢ ᠶᠢᠨ | ᠡᠲᠡᠭᠡᠳ ᠨᠢ ᠠᠯᠢ ᠠᠯᠢ ᠪᠣᠢ︖ | ᠬᠠᠷᠢᠭᠤᠯᠲᠠ᠄ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠦᠷᠢ ᠶᠢᠨ ᠡᠲᠡᠭᠡᠳ ᠨᠢ ᠥᠪᠡᠷᠲᠡᠭᠡᠨ ᠵᠠᠰᠠᠬᠤ ᠣᠷᠣᠨ ᠤ | ᠬᠢᠯᠢ ᠳᠠᠬᠢ ᠲᠠᠷᠢᠶᠠᠯᠠᠩ ᠮᠠᠯ ᠠᠵᠤ ᠠᠬᠤᠢ ᠶᠢᠨ | ᠦᠢᠯᠡᠳᠪᠦᠷᠢᠯᠡᠯ ᠡᠷᠬᠢᠯᠡᠵᠦ ᠪᠠᠢᠭ᠎ᠠ ᠬᠤᠪᠢ ᠬᠥᠮᠥᠨ ᠪᠠ | ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ | ᠡᠵᠡᠩᠨᠡᠵᠦ ᠪᠠᠢᠭ᠎ᠠ ᠵᠣᠬᠢᠶᠠᠨ ᠪᠠᠢᠭᠤᠯᠤᠯᠲᠠ ︵ᠳᠣᠣᠷ᠎ᠠ | ︽ᠮᠠᠰᠢᠨ ᠬᠤᠳᠠᠯᠳᠤᠨ ᠠᠪᠤᠭᠴᠢ︾ ᠭᠡᠵᠦ ᠲᠣᠪᠴᠢᠯᠠᠨ᠎ᠠ︶ ᠪᠠᠢᠵᠤ᠂ | ᠡᠭᠦᠨ ᠳᠤ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ | ᠪᠡᠯᠡ ᠮᠥᠩᠭᠦ ᠶᠢᠨ ᠬᠤᠷᠠᠮᠳᠤᠯ ᠨᠥᠬᠦᠪᠦᠷᠢ ᠪᠠ ᠲᠤᠰᠠᠭᠠᠷ | ᠨᠥᠬᠦᠪᠦᠷᠢ ᠶᠢᠨ ᠦᠢᠯᠡᠳᠬᠦᠨ ᠢ ᠵᠥᠪᠬᠡᠨ ᠮᠠᠯᠴᠢᠨ ᠪᠠ | ᠮᠠᠯᠴᠢᠨ ᠤ ᠦᠢᠯᠡᠳᠪᠦᠷᠢᠯᠡᠯ ᠡᠵᠡᠩᠨᠡᠵᠦ ᠪᠠᠢᠭ᠎ᠠ ᠵᠣᠬᠢᠶᠠᠨ | ᠪᠠᠢᠭᠤᠯᠤᠯᠲᠠ ᠪᠠᠷ ᠬᠢᠵᠠᠭᠠᠷᠯᠠᠵᠤ᠂ ᠮᠠᠯᠴᠢᠨ ᠪᠠ | ᠦᠢᠯᠡᠳᠪᠦᠷᠢᠯᠡᠯ ᠡᠵᠡᠩᠨᠡᠵᠦ ᠪᠠᠢᠭ᠎ᠠ ᠮᠠᠯᠴᠢᠨ ᠤ ᠵᠣᠬᠢᠶᠠᠨ | ᠪᠠᠢᠭᠤᠯᠤᠯᠲᠠ ᠶᠢᠨ ᠵᠠᠭᠠᠭ ᠢ ᠲᠣᠭᠲᠠᠭᠠᠬᠤ ᠳᠤ ᠨᠤᠲᠤᠭ | ᠪᠡᠯᠴᠢᠭᠡᠷ ᠳᠠᠭᠠᠭᠠᠴᠢᠯᠠᠨ ᠡᠵᠡᠩᠨᠡᠬᠦ ᠭᠡᠷᠡᠴᠢ ᠪᠠᠢᠬᠤ ᠪᠠᠷ | ᠦᠨᠳᠦᠰᠦᠯᠡᠯ ᠪᠣᠯᠭᠠᠨ᠎ᠠ᠃ ᠨᠥᠬᠦᠪᠦᠷᠢ ᠶᠢᠨ ᠡᠲᠡᠭᠡᠳ ᠳᠤ | ᠤᠯᠤᠰ ᠪᠠ ᠣᠷᠣᠨ ᠨᠤᠲᠤᠭ ᠤᠨ ᠡᠯ᠎ᠡ ᠱᠠᠲᠤᠨ ᠤ ᠵᠠᠰᠠᠭ ᠤᠨ | ᠣᠷᠳᠣᠨ ᠤ ᠡᠳ᠋ ᠤᠨ ᠵᠠᠰᠠᠭ ᠠᠴᠠ ᠠᠰᠠᠷᠠᠨ ᠲᠡᠵᠢᠭᠡᠵᠦ ᠪᠠᠢᠭ᠎ᠠ | ᠬᠥᠮᠥᠰ ᠪᠠᠭᠲᠠᠬᠤ ᠦᠭᠡᠢ᠃ | 2. ᠶᠠᠮᠠᠷ ᠶᠠᠮᠠᠷ ᠲᠠᠷᠢᠶᠠᠯᠠᠩ ᠤᠨ ᠮᠠᠰᠢᠨ ᠪᠠᠭᠠᠵᠢ ᠶᠢ | ᠮᠠᠨ ᠤ ᠣᠷᠣᠨ ᠤ ᠨᠥᠬᠦᠪᠦᠷᠢ ᠶᠢᠨ ᠬᠡᠪᠴᠢᠶᠡᠨ ᠳᠤ | ᠣᠷᠣᠭᠤᠯᠤᠭᠰᠠᠨ ᠪᠣᠢ︖ | ᠬᠠᠷᠢᠭᠤᠯᠲᠠ᠄ ᠲᠥᠪ ᠤᠨ ᠡᠳ᠋ ᠤᠨ ᠵᠠᠰᠠᠭ ᠤᠨ | ᠨᠥᠬᠦᠪᠦᠷᠢ ᠶᠢᠨ ᠳᠠᠩᠰᠠ ᠡᠪᠬᠡᠮᠡᠯ ᠳᠤ ᠣᠷᠣᠭᠤᠯᠤᠭᠰᠠᠨ | ᠦᠢᠯᠡᠳᠬᠦᠨ ᠤ ᠬᠡᠪᠴᠢᠶ᠎ᠡ ᠳᠤ 12 ᠶᠡᠭᠡ ᠲᠥᠷᠥᠯ 26 ᠪᠠᠭ᠎ᠠ | ᠲᠥᠷᠥᠯ ᠤᠨ 60 ᠦᠢᠯᠡᠳᠬᠦᠨ ᠤ ᠭᠠᠷᠴᠠᠭ ᠪᠠᠭᠲᠠᠨ᠎ᠠ᠃ | ᠲᠠᠷᠢᠶᠠᠯᠠᠩ ᠤᠨ ᠮᠠᠰᠢᠨ ᠤ ᠰᠢᠨ᠎ᠡ ᠦᠢᠯᠡᠳᠬᠦᠨ ᠤ | ᠬᠡᠪᠴᠢᠶ᠎ᠡ ᠳᠤ 2 ᠶᠡᠭᠡ ᠲᠥᠷᠥᠯ 3 ᠪᠠᠭ᠎ᠠ ᠲᠥᠷᠥᠯ ᠤᠨ 3 | ᠦᠢᠯᠡᠳᠬᠦᠨ ᠤ ᠭᠠᠷᠴᠠᠭ ᠪᠠᠭᠲᠠᠨ᠎ᠠ᠃ ᠥᠪᠡᠷᠲᠡᠭᠡᠨ ᠵᠠᠰᠠᠬᠤ | ᠣᠷᠣᠨ ᠤ ᠡᠳ᠋ ᠤᠨ ᠵᠠᠰᠠᠭ ᠤᠨ ᠳᠠᠩ ᠢᠶᠠᠷ ᠨᠥᠬᠦᠪᠦᠷᠢᠯᠡᠬᠦ | ᠦᠢᠯᠡᠳᠬᠦᠨ ᠤ ᠬᠡᠪᠴᠢᠶ᠎ᠡ ᠳᠤ 1 ᠶᠡᠭᠡ ᠲᠥᠷᠥᠯ 3 ᠪᠠᠭ᠎ᠠ | ᠲᠥᠷᠥᠯ ᠤᠨ 10 ᠦᠢᠯᠡᠳᠬᠦᠨ ᠤ ᠭᠠᠷᠴᠠᠭ ᠪᠠᠭᠲᠠᠨ᠎ᠠ᠃ | ᠨᠥᠬᠦᠪᠦᠷᠢ ᠶᠢᠨ ᠬᠡᠪᠴᠢᠶ᠎ᠡ ᠵᠢᠴᠢ ᠨᠥᠬᠦᠪᠦᠷᠢ ᠶᠢᠨ | ᠦᠢᠯᠡᠳᠬᠦᠨ ᠤ ᠮᠡᠳᠡᠭᠡ ᠵᠠᠩᠭᠢ ᠶᠢ ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠤ | ᠠᠬᠤᠢ ᠶᠢᠨ ᠲᠢᠩᠬᠢᠮ ᠤᠨ ᠠᠯᠪᠠᠨ ᠤ ᠰᠦᠯᠵᠢᠶ᠎ᠡ ᠶᠢᠨ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠦᠷᠢ ᠶᠢᠨ | ᠮᠡᠳᠡᠭᠡ ᠵᠠᠩᠭᠢ ᠶᠢ ᠢᠯᠡ ᠪᠣᠯᠭᠠᠬᠤ ᠲᠤᠰᠬᠠᠢ ᠪᠤᠯᠤᠩ ᠢᠶᠠᠷ | ᠳᠠᠮᠵᠢᠭᠤᠯᠤᠨ ᠬᠠᠢᠨ ᠯᠠᠪᠯᠠᠵᠤ ᠪᠣᠯᠣᠨ᠎ᠠ᠃ | 3. ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠦᠷᠢ ᠶᠢᠨ | ᠨᠥᠬᠦᠪᠦᠷᠢᠯᠡᠬᠦ ᠪᠠᠷᠢᠮᠵᠢᠶ᠎ᠠ ᠨᠢ ᠶᠠᠭᠤ ᠪᠣᠢ︖ | ᠬᠠᠷᠢᠭᠤᠯᠲᠠ᠄ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠦᠷᠢ ᠳᠤ ᠲᠣᠭᠲᠠᠭᠰᠠᠨ ᠲᠣᠭᠠᠨ ᠤ ᠨᠥᠬᠦᠪᠦᠷᠢ ᠶᠢ | ᠬᠡᠷᠡᠭᠵᠢᠭᠦᠯᠵᠦ᠂ ᠪᠣᠳᠠᠲᠠᠢ ᠪᠠᠷ ᠨᠥᠬᠦᠪᠦᠷᠢᠯᠡᠬᠦ ᠮᠠᠰᠢᠨ | ᠪᠠᠭᠠᠵᠢ ᠶᠢᠨ ᠨᠥᠬᠦᠪᠦᠷᠢ ᠶᠢᠨ ᠲᠤᠭ᠎ᠠ ᠶᠢ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ | ᠠᠵᠤ ᠠᠬᠤᠢ ᠶᠢᠨ ᠲᠢᠩᠬᠢᠮ ᠤᠨ ᠠᠯᠪᠠᠨ ᠤ ᠰᠦᠯᠵᠢᠶ᠎ᠡ ᠶᠢᠨ | ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠦᠷᠢ ᠶᠢᠨ | ᠮᠡᠳᠡᠭᠡ ᠵᠠᠩᠭᠢ ᠶᠢ ᠢᠯᠡ ᠪᠣᠯᠭᠠᠬᠤ ᠲᠤᠰᠬᠠᠢ ᠪᠤᠯᠤᠩ ᠢᠶᠠᠷ | ᠳᠠᠮᠵᠢᠭᠤᠯᠤᠨ ᠬᠠᠢᠨ ᠯᠠᠪᠯᠠᠵᠤ ᠪᠣᠯᠣᠨ᠎ᠠ᠃ | 4. ᠣᠨ ᠤ ᠳᠣᠲᠣᠷ᠎ᠠ ᠬᠤᠳᠠᠯᠳᠤᠨ ᠠᠪᠬᠤ ᠨᠥᠬᠦᠪᠦᠷᠢ ᠶᠢᠨ ᠮᠠᠰᠢᠨ | ᠪᠠᠭᠠᠵᠢ ᠶᠢᠨ ᠲᠤᠭ᠎ᠠ ᠬᠡᠮᠵᠢᠶ᠎ᠡ ᠨᠢ ᠬᠡᠳᠦᠢ ᠪᠣᠢ︖ | ᠬᠠᠷᠢᠭᠤᠯᠲᠠ᠄ 2020 ᠣᠨ ᠳᠤ᠂ ︽ᠥᠪᠥᠷ ᠮᠣᠩᠭᠤᠯ ᠤᠨ 2018 — 2020 | ᠣᠨ ᠤ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠦᠷᠢ ᠶᠢᠨ ᠬᠡᠷᠡᠭᠵᠢᠭᠦᠯᠬᠦ ᠲᠥᠰᠥᠯ︾ ︵ᠥᠪᠥᠷ | ᠲᠠᠷᠢᠶᠠᠯᠠᠩ ᠮᠠᠯ ᠠᠵᠤ ᠠᠬᠤᠢ ᠮᠠᠰᠢᠨ ᠲᠠᠷᠬᠠᠭᠠᠭᠰᠠᠨ ︹2018︺ 115 | ᠳ᠋ᠤᠭᠠᠷ ᠲᠣᠭᠠᠲᠤ︶ ᠳᠠᠬᠢ ︽ᠨᠢᠭᠡ ᠡᠷᠦᠬᠡ ᠮᠠᠰᠢᠨ ᠬᠤᠳᠠᠯᠳᠤᠨ | ᠠᠪᠤᠭᠴᠢ ᠶᠢᠨ ᠣᠨ ᠤ ᠳᠣᠲᠣᠷᠠᠬᠢ ᠬᠦᠷᠲᠡᠬᠦ ᠨᠥᠬᠦᠪᠦᠷᠢ ᠶᠢᠨ | ᠮᠠᠰᠢᠨ ᠤ ᠲᠤᠭ᠎ᠠ ᠬᠡᠮᠵᠢᠶ᠎ᠡ ᠨᠢ ᠵᠠᠷᠴᠢᠮ ᠳᠡᠭᠡᠷ᠎ᠡ ᠪᠠᠨ 1 | ᠰᠠᠤᠷᠢ ᠢᠵᠢ ᠠᠴᠠ ᠳᠠᠪᠠᠭ᠋ᠤ ᠦᠭᠡᠢ᠂ ᠲᠤᠬᠠᠶᠢᠯᠠᠪᠠᠯ 1 ᠰᠠᠤᠷᠢ | ᠲᠷᠠᠺᠲ᠋ᠣᠷ ᠪᠤᠶᠤ 1 ᠰᠠᠤᠷᠢ ᠥᠪᠡᠷ ᠢᠶᠠᠨ ᠶᠠᠪᠤᠬᠤ ᠮᠠᠶ᠋ᠢᠭ ᠤᠨ | ᠮᠠᠰᠢᠨ ᠮᠧᠬᠠᠨᠢᠭ ᠪᠠ 3 ᠰᠠᠭᠤᠷᠢ ᠠᠵᠢᠯ ᠤᠨ ᠮᠠᠰᠢᠨ ᠪᠠᠭᠠᠵᠢ | ᠪᠣᠯᠣᠨ᠎ᠠ᠃ ᠡᠭᠦᠨ ᠳᠤ ᠨᠥᠬᠦᠪᠦᠷᠢᠯᠡᠭᠰᠡᠨ ᠲᠠᠷᠢᠶᠠᠯᠠᠩ ᠤᠨ | ᠪᠢᠴᠢᠯ ᠮᠠᠰᠢᠨ ᠤ ᠲᠤᠭ᠎ᠠ ᠨᠢ 1 ᠰᠠᠤᠷᠢ ᠠᠴᠠ ᠬᠡᠲᠦᠷᠡᠬᠦ | ᠦᠭᠡᠢ︔ ᠨᠢᠭᠡᠨ ᠲᠦᠭᠦᠬᠡᠢ ᠰᠢᠨ᠎ᠡ ᠰᠦ ᠬᠤᠳᠠᠯᠳᠤᠨ ᠠᠪᠬᠤ | ᠥᠷᠲᠡᠭᠡᠨ ᠤ ᠣᠨ ᠤ ᠳᠣᠲᠣᠷ᠎ᠠ ᠬᠦᠷᠲᠡᠬᠦ ᠨᠥᠬᠦᠪᠦᠷᠢ ᠶᠢᠨ | ᠲᠣᠮᠣ ᠬᠡᠯᠪᠡᠷᠢ ᠶᠢᠨ ᠰᠦ ᠰᠠᠭᠠᠬᠤ ᠮᠠᠰᠢᠨ ᠤ ᠲᠤᠭ᠎ᠠ ᠨᠢ 1 | ᠰᠠᠤᠷᠢ ᠠᠴᠠ ᠬᠡᠲᠦᠷᠡᠬᠦ ᠦᠭᠡᠢ︾ ᠭᠡᠬᠦ ᠲᠣᠭᠲᠠᠭᠠᠯ ᠢ ᠵᠦᠢ | ᠵᠣᠬᠢᠰᠲᠠᠢ ᠪᠠᠷ ᠠᠭᠤᠵᠢᠭᠤ ᠲᠠᠯᠪᠢᠨ᠎ᠠ᠃ ᠪᠣᠳᠠᠲᠠᠢ ᠪᠠᠷ | ᠬᠡᠷᠡᠭᠵᠢᠭᠦᠯᠬᠦ ᠶᠠᠪᠤᠴᠠ ᠳᠤ᠂ ᠨᠢᠭᠡ ᠡᠷᠦᠬᠡ ᠶᠢᠨ | ᠲᠤᠬᠠᠢ ᠶᠢᠨ ᠵᠢᠯ ᠤᠨ ᠣᠯᠠᠨ ᠰᠠᠤᠷᠢ ᠢᠵᠢ ᠶᠢᠨ | ᠳᠠᠪᠬᠤᠷᠳᠠᠭᠤᠯᠤᠭᠰᠠᠨ ᠨᠥᠬᠦᠪᠦᠷᠢ ᠪᠠᠷ ᠳᠡᠭᠡᠷ᠎ᠡ | ᠳᠤᠷᠠᠳᠤᠭᠰᠠᠨ ᠮᠠᠰᠢᠨ ᠪᠠᠭᠠᠵᠢ ᠶᠢ ᠬᠤᠳᠠᠯᠳᠤᠨ ᠠᠪᠬᠤ ᠳᠤ | ᠬᠤᠯᠪᠣᠭᠳᠠᠭᠰᠠᠨ ᠪᠣᠯ᠂ ᠬᠤᠰᠢᠭᠤ ᠰᠢᠶᠠᠨ ᠤ ᠲᠠᠷᠢᠶᠠᠯᠠᠩ ᠤᠨ | ᠮᠠᠰᠢᠨ ᠬᠤᠳᠠᠯᠳᠤᠨ ᠠᠪᠬᠤ ᠨᠥᠬᠦᠪᠦᠷᠢ ᠶᠢᠨ ᠤᠳᠤᠷᠢᠳᠬᠤ | ᠳᠤᠭᠤᠶᠢᠯᠠᠩ ᠠᠴᠠ ᠰᠤᠳᠤᠯᠤᠨ ᠲᠣᠭᠲᠠᠭᠠᠬᠤ ᠪᠣᠯᠪᠠᠴᠤ᠂ | ᠭᠤᠣᠯᠳᠠᠯᠭ᠎ᠠ ᠲᠠᠢ ᠮᠠᠰᠢᠨ ᠪᠠᠭᠠᠵᠢ ᠶᠢᠨ ᠬᠠᠷᠭᠤᠭᠤᠯᠤᠨ | ᠪᠠᠢᠴᠠᠭᠠᠬᠤ ᠬᠡᠪᠴᠢᠶ᠎ᠡ ᠪᠠ ᠭᠤᠣᠯᠳᠠᠯᠭ᠎ᠠ ᠲᠠᠢ ᠬᠢᠨᠠᠯᠲᠠ | ᠬᠠᠮᠢᠶᠠᠷᠤᠯᠲᠠ ᠳᠤ ᠣᠷᠣᠭᠤᠯᠵᠤ᠂ ᠥᠪᠡᠰᠦᠪᠡᠨ ᠬᠤᠳᠠᠯᠳᠤᠨ | ᠥᠪᠡᠰᠦᠪᠡᠨ ᠨᠥᠬᠦᠪᠦᠷᠢᠯᠡᠬᠦ᠂ ᠦᠢᠯᠡᠳᠪᠦᠷᠢᠯᠡᠯ ᠤᠨ | ᠪᠤᠰᠤ ᠪᠠᠷ ᠥᠪᠡᠰᠦᠪᠡᠨ ᠬᠡᠷᠡᠭᠯᠡᠬᠦ ᠪᠤᠶᠤ ᠰᠢᠯᠵᠢᠭᠦᠯᠦᠨ | ᠬᠤᠳᠠᠯᠳᠤᠵᠤ ᠳᠠᠪᠬᠤᠷᠳᠠᠭᠤᠯᠤᠨ ᠨᠥᠬᠦᠪᠦᠷᠢᠯᠡᠬᠦ ᠵᠡᠷᠭᠡ | ᠠᠵᠢᠯᠯᠠᠭ᠎ᠠ ᠡᠭᠦᠰᠬᠦ ᠠᠴᠠ ᠰᠡᠷᠭᠡᠢᠯᠡᠬᠦ ᠬᠡᠷᠡᠭᠲᠡᠢ᠃ | 5. ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠥᠬᠦᠪᠦᠷᠢ ᠶᠢ | ᠭᠦᠢᠴᠡᠳᠬᠡᠬᠦ ᠴᠤᠪᠤᠷᠠᠯ ᠨᠢ ᠶᠠᠮᠠᠷ ᠪᠣᠢ︖ 6. ᠣᠨ | ᠠᠯᠤᠰᠯᠠᠭᠰᠠᠨ ᠨᠥᠬᠦᠪᠦᠷᠢ ᠶᠢ ᠶᠠᠮᠠᠷ ᠲᠥᠷᠥᠯ ᠤᠨ | ᠪᠠᠷᠢᠮᠵᠢᠶ᠎ᠠ ᠪᠠᠷ ᠬᠡᠷᠡᠭᠵᠢᠭᠦᠯᠬᠦ ᠪᠣᠢ︖ | ᠬᠠᠷᠢᠭᠤᠯᠲᠠ᠄ ᠨᠥᠬᠦᠪᠦᠷᠢ ᠶᠢᠨ ᠲᠤᠰᠠᠯᠠᠬᠤ ᠰᠢᠰᠲ᠋ᠧᠮ ᠤᠨ | 2020 ᠣᠨ ᠠᠴᠠ ᠡᠮᠦᠨᠡᠬᠢ ᠴᠠᠭ ᠬᠤᠭᠤᠴᠠᠭ᠎ᠠ ᠳᠤ ᠰᠣᠯᠢᠨ ᠭᠠᠷᠴᠤ᠂ | ᠨᠢᠭᠡᠨᠲᠡ ᠬᠦᠯᠢᠶᠡᠨ ᠠᠪᠴᠤ ᠭᠦᠢᠴᠡᠳᠬᠡᠭᠰᠡᠨ ᠮᠥᠷᠲᠡᠭᠡᠨ | ᠨᠢᠭᠡᠨᠲᠡ ᠨᠥᠬᠦᠪᠦᠷᠢ ᠶᠢᠨ ᠲᠤᠰᠠᠯᠠᠬᠤ ᠰᠢᠰᠲ᠋ᠧᠮ ︵ᠭᠠᠷ | ᠤᠲᠠᠰᠤᠨ ᠤ APP ᠳᠤ ᠲᠡᠮᠳᠡᠭᠯᠡᠨ ᠣᠷᠣᠭᠤᠯᠤᠭᠰᠠᠨ ᠢ | ᠪᠠᠭᠲᠠᠭᠠᠨ᠎ᠠ︶ ᠳᠤ ᠲᠡᠮᠳᠡᠭᠯᠡᠨ ᠣᠷᠣᠭᠤᠯᠤᠭᠰᠠᠨ | ᠦᠢᠯᠡᠳᠬᠦᠨ ᠢ ᠦᠷᠭᠦᠯᠵᠢᠯᠡᠨ 2019 ᠣᠨ ᠤ ᠨᠥᠬᠦᠪᠦᠷᠢ ᠶᠢᠨ | ᠪᠠᠷᠢᠮᠵᠢᠶ᠎ᠠ ᠶᠣᠰᠣᠭᠠᠷ ᠬᠡᠷᠡᠭᠵᠢᠭᠦᠯᠵᠦ᠂ ᠰᠢᠨ᠎ᠡ ᠪᠠᠷ | ᠬᠤᠳᠠᠯᠳᠤᠨ ᠠᠪᠤᠭᠰᠠᠨ ᠮᠠᠰᠢᠨ ᠪᠠ ᠲᠣᠭᠲᠠᠭᠰᠠᠨ | ᠬᠤᠭᠤᠴᠠᠭᠠᠨ ᠳᠤ ᠲᠡᠮᠳᠡᠭᠡᠯᠡᠨ ᠣᠷᠣᠭᠤᠯᠤᠭ᠎ᠠ ᠦᠭᠡᠢ | ᠦᠢᠯᠡᠳᠬᠦᠨ ᠢ 2020 ᠣᠨ ᠤ ᠪᠠᠷᠢᠮᠵᠢᠶ᠎ᠠ ᠶᠣᠰᠣᠭᠠᠷ | ᠬᠡᠷᠡᠭᠵᠢᠭᠦᠯᠦᠨ᠎ᠡ᠃ | 7. ᠮᠠᠰᠢᠨ ᠬᠤᠳᠠᠯᠳᠤᠨ ᠠᠪᠤᠭᠴᠢ ᠠᠴᠠ ᠨᠥᠬᠦᠪᠦᠷᠢ ᠶᠢᠨ ᠪᠡᠯᠡ | ᠮᠥᠩᠭᠦ ᠪᠠ ᠦᠯᠡᠳᠡᠭᠰᠡᠨ ᠵᠣᠭᠤᠰ ᠢᠶᠠᠨ ᠬᠡᠷᠬᠢᠨ ᠬᠠᠢᠨ | ᠯᠠᠪᠠᠯᠬᠤ ᠪᠣᠢ︖ | ᠬᠠᠷᠢᠭᠤᠯᠲᠠ᠄ ᠲᠠᠷᠢᠶᠠᠯᠠᠩ ᠤᠨ ᠮᠠᠰᠢᠨ ᠬᠤᠳᠠᠯᠳᠤᠨ ᠠᠪᠬᠤ | ᠨᠥᠬᠦᠪᠦᠷᠢ ᠶᠢᠨ ᠲᠤᠰᠠᠯᠠᠬᠤ ᠰᠢᠰᠲ᠋ᠧᠮ ᠤᠨ ᠲᠡᠷᠢᠭᠦᠨ | ᠨᠢᠭᠤᠷ ᠲᠤ ᠡᠳᠦᠷ ᠪᠦᠷᠢ ᠨᠢᠭᠡ ᠤᠳᠠᠭ᠎ᠠ ᠬᠤᠰᠢᠭᠤ ᠰᠢᠶᠠᠨ | ︵ᠲᠠᠯᠠᠪᠠᠢ︶ ᠨᠥᠬᠦᠪᠦᠷᠢ ᠶᠢᠨ ᠪᠡᠯᠡ ᠮᠥᠩᠭᠦ ᠶᠢ | ᠬᠡᠷᠡᠭᠯᠡᠭᠰᠡᠨ ᠵᠢᠴᠢ ᠦᠯᠡᠳᠡᠵᠦ ᠪᠠᠢᠭ᠎ᠠ ᠪᠡᠯᠡ ᠮᠥᠩᠭᠦ ᠶᠢᠨ | ᠮᠡᠳᠡᠭᠡ ᠵᠠᠩᠭᠢ ᠶᠢ ᠠᠦ᠋ᠲ ᠢᠶᠠᠷ ᠨᠡᠢᠲᠡᠯᠡᠵᠦ᠂ ᠮᠠᠰᠢᠨ | ᠬᠤᠳᠠᠯᠳᠤᠨ ᠠᠪᠤᠭᠴᠢ ᠠᠴᠠ ᠨᠥᠬᠦᠪᠦᠷᠢ ᠶᠢᠨ ᠪᠡᠯᠡ ᠮᠥᠩᠭᠦ | ᠭᠤᠶᠤᠴᠢᠯᠠᠬᠤ ᠳᠤ ᠯᠠᠪᠯᠠᠯᠲᠠ ᠪᠣᠯᠭᠠᠨ ᠬᠠᠩᠭᠠᠨ᠎ᠠ᠃ |