ᠡᠵᠢ ᠮᠢᠨᠢ ᠦᠷᠭᠦᠯᠵᠢ 《 ᠪᠤᠷᠭᠠᠰᠤ ᠭᠡᠵᠢᠶᠡᠳᠡ ᠮᠠᠨ ᠤ ᠮᠠᠯᠴᠢᠨ ᠭᠦᠮᠤᠨ ᠤ ᠠᠮᠢᠨ ᠲᠡᠵᠢᠭᠡᠯ ᠠᠳᠠᠯᠢ ᠪᠠᠶᠢᠳᠠᠭ》 ᠭᠡᠵᠤ ᠭᠡᠯᠡᠳᠡᠭ᠃ ᠦᠨᠡᠭᠡᠷ ᠴᠤ ᠶᠠ︖ | | ᠡᠵᠢ ᠶᠢᠨ ᠮᠢᠨᠢ ᠲᠠᠷᠢᠬᠰᠠᠨ ᠪᠤᠷᠭᠠᠰᠤᠨ ᠤ ᠤᠷᠭᠤᠴᠠ ᠨᠢ ᠲᠦᠷᠭᠡᠨ᠂ ᠲᠠᠷᠢᠬᠰᠠᠨ ᠵᠢᠯ ᠳᠡᠭᠡᠨ ᠭᠦᠮᠤᠨ ᠲᠠᠢ ᠴᠢᠴᠠᠤ ᠤᠷᠭᠤᠴᠢᠬᠠᠳᠠᠭ᠃ ᠪᠤᠷᠭᠠᠰᠤ | ᠭᠡᠭᠴᠢ ᠪᠡᠯᠠᠷ ᠮᠠᠩᠬᠠᠨ ᠳᠤ ᠳᠠᠷᠤᠬᠳᠠᠬᠤ ᠠᠴᠠ ᠠᠶᠤᠬᠤ ᠦᠭᠡᠢ᠂ ᠱᠠᠩᠳᠠᠬᠤ ᠭᠠᠩᠳᠠᠬᠤ ᠳᠤ ᠲᠡᠰᠪᠤᠷᠢ ᠲᠠᠢ ᠮᠦᠷᠳᠡᠭᠡᠨ ᠤᠷᠭᠤᠮᠠᠯ ᠤᠨ ᠤᠷᠤᠰᠢᠨ | ᠲᠤᠬᠳᠠᠨᠢᠬᠤ ᠶᠢᠨ ᠠᠩᠬᠠᠨ ᠤ ᠰᠠᠭᠤᠷᠢ ᠪᠤᠯᠳᠠᠭ ᠠᠴᠠ ᠶᠤᠰᠤᠳᠠᠢ ᠯᠠ ᠡᠵᠢ ᠶᠢᠨ ᠮᠢᠨᠢ ᠨᠤᠳᠤᠭ ᠢᠶᠠᠨ ᠭᠡᠵᠤ ᠵᠢᠳᠭᠦᠵᠤ ᠶᠠᠪᠤᠳᠠᠭ ᠲᠠᠢ ᠠᠳᠠᠯᠢ ᠭᠦᠯᠤᠰᠤᠨ | ᠲᠤᠰᠤᠯ ᠢᠶᠠᠷ ᠭᠦᠷᠤᠰᠤ ᠰᠢᠷᠤᠢ ᠤᠮᠳᠠᠯᠠᠨ ᠪᠢᠢᠳᠠᠭ ᠰᠠᠨ᠃ | ᠪᠤᠷᠭᠠᠰᠤ᠂ ᠡᠵᠢ ᠶᠢᠨ ᠮᠢᠨᠢ ᠠᠵᠢᠯᠴᠢ ᠪᠤᠷᠤᠬᠵᠢᠭᠤᠨ ᠵᠠᠩ ᠴᠢᠨᠠᠷ ᠢ ᠲᠠᠭᠤᠷᠢᠶᠠᠬᠰᠠᠨ ᠪᠦᠳᠤᠭᠦᠯᠢᠭ ᠠᠷᠠᠴᠢᠯᠠᠭ᠎ᠠ ᠲᠠᠢ ᠪᠤᠳᠠᠯᠢᠭ ᠮᠤᠳᠤᠨ ᠤ ᠲᠦᠷᠤᠯ ᠶᠤᠮ | ᠃ ᠪᠤᠷᠭᠠᠰᠤᠨ ᠳᠤ ᠵᠠᠷᠤᠴᠠᠭᠤᠯᠬᠤ ᠪᠡᠯᠡ ᠮᠦᠩᠭᠦ ᠪᠠᠭ᠎ᠠ᠂ ᠭᠦᠳᠡᠯᠮᠤᠷᠢ ᠭᠦᠴᠤᠨ ᠳᠤ ᠭᠠᠮᠳᠠᠢ᠂ ᠲᠡᠮᠡᠭᠡ ᠢᠮᠠᠭᠠᠨ ᠤ ᠬᠠᠮᠤᠭ ᠤᠨ ᠰᠠᠶᠢᠨ ᠲᠡᠵᠢᠭᠡᠯ ᠡᠪᠡᠰᠤ | ᠪᠤᠯᠳᠠᠭ᠃ | ᠨᠤᠳᠤᠭ ᠤᠨ ᠭᠦᠮᠤᠰ ᠪᠤᠷᠭᠠᠰᠤ ᠪᠠᠷ ᠵᠠᠰᠡ ᠭᠦᠷᠢᠶ᠎ᠡ ᠪᠠᠷᠢᠵᠤ ᠭᠡᠷ ᠪᠠᠷᠢᠯᠭ᠎ᠠ ᠳᠤ ᠭᠡᠷᠡᠭᠯᠡᠭᠦ ᠠᠴᠠ ᠭᠠᠳᠠᠨ᠎ᠠ᠂ ᠭᠦᠷᠦᠮᠡᠯ ᠤᠨ ᠦᠢᠯᠠᠰ ᠨᠢ ᠨᠢᠭᠡᠨᠳᠠ | ᠳᠡᠯᠡᠭᠡᠢ ᠶᠢᠨ ᠵᠠᠬ᠎ᠠ ᠲᠡᠯᠭᠡᠭᠦᠷ ᠳᠡᠭᠡᠷ᠎ᠡ ᠬᠤᠪᠤᠷ ᠴᠤᠬᠠᠭ ᠭᠠᠷ ᠤᠷᠠᠯᠠᠯ ᠤᠨ ᠨᠢᠭᠡ ᠪᠤᠯᠵᠤ᠂ ᠪᠤᠭᠤᠷᠦᠯ ᠡᠵᠢ ᠶᠢᠨ | ᠠᠯᠳᠠᠷ ᠭᠠᠪᠢᠶ᠎ᠠ ᠲᠠᠢ ᠠᠳᠠᠯᠢ ᠪᠠᠷ ᠳᠠᠶᠠᠩ ᠳᠡᠯᠡᠭᠡᠢ ᠳᠤ ᠨᠡᠷ᠎ᠡ ᠪᠠᠨ ᠦᠯᠡᠳᠡᠭᠡᠭᠦ ᠪᠠᠷ ᠨᠤᠳᠤᠭ ᠤᠨ ᠨᠠᠶᠢᠯᠵᠠᠭᠤᠷ᠂ ᠭᠤᠯᠤᠮᠳᠠ ᠶᠢᠨ ᠮᠢᠨᠢ ᠠᠯᠳᠠᠨ ᠰᠠᠭᠢᠭᠤᠰᠤ | ᠪᠤᠯᠵᠠᠢ᠃ | ᠪᠤᠷᠭᠠᠰᠤ — ᠪᠠᠯᠠᠷ ᠮᠠᠩᠬ᠎ᠠ ᠶᠢ ᠦᠪᠴᠢ ᠪᠠᠷ ᠨᠢ ᠪᠦᠷᠭᠦᠵᠤ᠂ ᠪᠠᠶᠢᠭᠠᠯᠢ 《 ᠨᠤᠭᠤᠭᠠᠨ》 ᠤ ᠢᠷᠠᠭᠤ ᠳᠠᠭᠤᠤ ᠪᠠᠨ ᠶᠢᠷᠲᠢᠨᠴᠦ ᠶᠢᠨ ᠦᠨᠴᠦᠭ | ᠪᠤᠯᠤᠩ ᠭᠦᠷᠳᠡᠯ᠎ᠡ ᠲᠠᠭᠤᠷᠢᠰᠬᠠᠬᠤ ᠪᠤᠯᠤᠭᠠᠰᠠᠢ︕ | 《ᠤᠷᠳᠤᠰ ᠤᠨ ᠡᠳᠦᠷ ᠤᠨ ᠰᠤᠨᠢᠨ》 ᠳᠤ ᠨᠠᠶᠢᠳᠡᠯᠡᠭᠳᠡᠪᠡ |