ᠤᠯᠠᠭᠠᠨ ᠭᠦᠭᠦᠷᠭᠡ ᠶᠢᠨ ᠪᠦᠳᠦᠭᠡᠨ ᠪᠠᠶᠢᠭᠤᠯᠤᠯᠳᠠ ᠶᠢᠨ ᠪᠠᠷᠢᠯᠭ᠎ᠠ ᠶᠢᠨ ᠵᠠᠮ ᠢ ᠪᠢᠳᠡᠭᠦᠮᠵᠢᠯᠡᠭᠦ ᠬᠤᠭᠤᠴᠠᠭᠠᠨ ᠳᠠᠬᠢ ᠵᠠᠮ ᠬᠠᠷᠢᠯᠴᠠᠭᠠᠨ ᠤ ᠲᠤᠭᠤᠷᠢᠵᠤ ᠶᠠᠪᠤᠬᠤ ᠲᠦᠰᠦᠯ ᠤᠨ ᠲᠤᠬᠠᠢ ᠵᠠᠷᠯᠠᠯ
ᠨᠡᠶᠢᠲᠡᠯᠡᠭᠰᠡᠨ ᠴᠠᠭ᠄
2020/11/27
    ᠵᠠᠭᠦᠨᠭᠠᠷ ᠬᠤᠰᠢᠭᠤᠨ ᠤ ᠰᠢᠤᠸᠠᠢ ᠵᠢᠶᠠ ᠸᠠᠨ ᠪᠠᠯᠭᠠᠰᠤᠨ ᠤ ᠤᠯᠠᠭᠠᠨ ᠭᠦᠭᠦᠷᠭᠡ ᠶᠢᠨ ᠪᠦᠳᠦᠭᠡᠨ ᠪᠠᠶᠢᠭᠤᠯᠤᠯᠳᠠ ᠶᠢᠨ ᠪᠠᠷᠢᠯᠭ᠎ᠠ ᠶᠢᠨ ᠱᠠᠭᠠᠷᠳᠠᠯᠭ᠎ᠠ ᠠᠴᠠ ᠪᠤᠯᠵᠤ᠂ ᠵᠠᠷᠢᠮ ᠵᠠᠮ ᠢ ᠪᠢᠳᠡᠭᠦᠮᠵᠢᠯᠡᠭᠦ ᠪᠠᠷ ᠪᠤᠯᠪᠠ ︵ᠱᠦᠢ ᠵᠢᠩ ᠵᠠᠮ ᠠᠴᠠ ᠵᠤᠤ ᠵᠢᠶᠦ᠋ᠨ ᠭᠦᠭᠦᠷᠭᠡ ᠭᠦᠷᠭᠦ ᠭᠦᠷᠢᠶ᠎ᠠ ᠭᠡᠪᠴᠢᠶ᠎ᠠ ᠳᠠᠬᠢ ᠵᠡᠭᠦᠨᠭᠠᠷ ᠵᠠᠮ ᠤᠨ ᠬᠤᠶᠢᠳᠤ ᠲᠠᠯ᠎ᠠ ᠶᠢᠨ ᠨᠢᠭᠡ ᠲᠡᠷᠭᠡᠨ ᠵᠠᠮ ᠤᠨ ᠭᠦᠷᠢᠶ᠎ᠠ ᠭᠡᠪᠴᠢᠶ᠎ᠠ᠂ ᠶᠢᠨ ᠴᠤᠸᠠᠨ ᠵᠠᠮ ᠠᠴᠠ ᠵᠡᠭᠦᠨᠭᠠᠷ ᠵᠠᠮ ᠭᠦᠷᠭᠦ ᠭᠦᠷᠢᠶ᠎ᠠ ᠭᠡᠪᠴᠢᠶ᠎ᠠ ᠳᠠᠬᠢ ᠱᠦᠢ ᠵᠢᠩ ᠵᠠᠮ ᠤᠨ ᠵᠡᠭᠦᠨ ᠲᠠᠯ᠎ᠠ ᠶᠢᠨ ᠨᠢᠭᠡ ᠲᠡᠷᠭᠡᠨ ᠵᠠᠮ ᠤᠨ ᠭᠦᠷᠢᠶ᠎ᠠ ᠭᠡᠪᠴᠢᠶ᠎ᠠ᠂ ᠲᠸᠡᠭ ᠹᠸᠢ ᠵᠠᠮ ᠠᠴᠠ ᠵᠤᠤ ᠵᠢᠶᠦ᠋ᠨ ᠵᠠᠮ ᠭᠦᠷᠭᠦ ᠭᠦᠷᠢᠶ᠎ᠠ ᠭᠡᠪᠴᠢᠶ᠎ᠠ ᠪᠠ ᠾᠧ ᠪᠢᠨ ᠵᠠᠮ ᠤᠨ ᠵᠡᠭᠦᠨ ᠲᠠᠯ᠎ᠠ ᠶᠢᠨ ᠶᠠᠪᠠᠭᠠᠨ ᠠᠯᠬᠤᠬᠤ ᠵᠠᠮ ᠤᠨ ᠭᠦᠷᠢᠶ᠎ᠠ ᠭᠡᠪᠴᠢᠶ᠎ᠠ︶᠃     ᠰᠢᠤᠸᠠᠢ ᠵᠢᠶᠠ ᠸᠠᠨ ᠪᠠᠯᠭᠠᠰᠤᠨ ᠤ ᠲᠤᠭᠤᠷᠢᠭ ᠤᠨ ᠰᠠᠭᠤᠭᠠᠯᠢ ᠠᠷᠠᠳ ᠤᠨ ᠵᠠᠮ ᠬᠠᠷᠢᠯᠴᠠᠭ᠎ᠠ ᠳᠤ ᠴᠢᠨᠠᠬᠰᠢᠳᠠ ᠲᠦᠭᠦᠮ ᠦᠵᠡᠭᠦᠯᠭᠦ ᠶᠢᠨ ᠲᠤᠰᠠᠳᠠ᠂ ᠵᠠᠮ ᠢ ᠪᠢᠳᠡᠭᠦᠮᠵᠢᠯᠡᠭᠦ ᠬᠤᠭᠤᠴᠠᠭᠠᠨ ᠳᠤ᠂ ᠲᠤᠰ ᠵᠠᠮ ᠢᠶᠠᠷ ᠦᠡᠭᠭᠡᠷᠡᠭᠦ ᠲᠡᠷᠭᠡ ᠮᠠᠰᠢᠨ ᠲᠤᠤᠷᠠᠭᠢ ᠲᠦᠰᠦᠯ ᠢᠶᠠᠷ ᠲᠤᠭᠤᠷᠢᠵᠤ ᠶᠠᠪᠤᠵᠤ ᠪᠤᠯᠤᠨ᠎ᠠ᠄     ᠨᠢᠭᠡ ᠂ ᠵᠡᠭᠦᠨᠭᠠᠷ ᠵᠠᠮ ︵ᠱᠦᠢ ᠵᠢᠩ ᠵᠠᠮ ᠠᠴᠠ ᠵᠤᠤ ᠵᠢᠶᠦ᠋ᠨ ᠭᠦᠭᠦᠷᠭᠡ︶ ᠤᠨ ᠬᠠᠭᠠᠰ ᠢ ᠪᠢᠳᠡᠭᠦᠮᠵᠢᠯᠠᠵᠤ ︵ᠬᠤᠶᠢᠳᠤ ᠲᠠᠯ᠎ᠠ ᠶᠢᠨ ᠨᠢᠭᠡ ᠲᠡᠷᠭᠡᠨ ᠵᠠᠮ ᠤᠨ ᠭᠦᠷᠢᠶ᠎ᠠ ᠭᠡᠪᠴᠢᠶ᠎ᠠ︶᠂ ᠲᠤᠰ ᠵᠠᠮ ᠢ ᠭᠡᠪ ᠤᠨ ᠪᠠᠶᠢᠳᠠᠯ ᠢᠶᠠᠷ ᠨᠡᠪᠳᠡᠷᠡᠭᠦᠯᠦᠨ᠎ᠠ᠂ ᠵᠠᠮ ᠢᠪᠴᠤᠤ ᠪᠤᠯᠬᠤᠷ ᠬᠤᠷᠳᠤᠴᠠ ᠪᠠᠨ ᠬᠠᠰᠤᠵᠤ ᠤᠳᠠᠭᠠᠨ ᠠᠶᠠᠯᠠᠭᠠᠷᠠᠢ᠃     ᠬᠤᠶᠠᠷ ᠂ ᠱᠦᠢ ᠵᠢᠩ ᠵᠠᠮ ︵ ᠶᠢᠨ ᠴᠤᠸᠠᠨ ᠵᠠᠮ ᠠᠴᠠ ᠵᠡᠭᠦᠨᠭᠠᠷ ᠵᠠᠮ︶ ᠤᠨ ᠬᠠᠭᠠᠰ ᠢ ᠪᠢᠳᠡᠭᠦᠮᠵᠢᠯᠠᠵᠤ ︵ᠵᠡᠭᠦᠨ ᠲᠠᠯ᠎ᠠ ᠶᠢᠨ ᠨᠢᠭᠡ ᠲᠡᠷᠭᠡᠨ ᠵᠠᠮ ᠤᠨ ᠭᠦᠷᠢᠶ᠎ᠠ ᠭᠡᠪᠴᠢᠶ᠎ᠠ︶᠂ ᠲᠤᠰ ᠵᠠᠮ ᠢ ᠭᠡᠪ ᠤᠨ ᠪᠠᠶᠢᠳᠠᠯ ᠢᠶᠠᠷ ᠨᠡᠪᠳᠡᠷᠡᠭᠦᠯᠦᠨ᠎ᠠ᠂ ᠵᠠᠮ ᠢᠪᠴᠤᠤ ᠪᠤᠯᠬᠤᠷ ᠬᠤᠷᠳᠤᠴᠠ ᠪᠠᠨ ᠬᠠᠰᠤᠵᠤ ᠤᠳᠠᠭᠠᠨ ᠠᠶᠠᠯᠠᠭᠠᠷᠠᠢ᠃     ᠭᠤᠷᠪᠠ᠂ ᠾᠧ ᠪᠢᠨ ᠵᠠᠮ ᠤᠨ ᠵᠡᠭᠦᠨ ᠲᠠᠯ᠎ᠠ ᠶᠢᠨ ᠶᠠᠪᠠᠭᠠᠨ ᠠᠯᠬᠤᠬᠤ ᠵᠠᠮ ︵ᠲᠸᠡᠭ ᠹᠸᠢ ᠵᠠᠮ ᠠᠴᠠ ᠵᠤᠤ ᠵᠢᠶᠦ᠋ᠨ ᠵᠠᠮ︶ ᠢ ᠪᠦᠭᠦᠨ ᠢ ᠪᠢᠳᠡᠭᠦᠮᠵᠢᠯᠠᠨ᠎ᠠ᠂ ᠲᠤᠰ ᠶᠠᠪᠠᠭᠠᠨ ᠠᠯᠬᠤᠬᠤ ᠵᠠᠮ ᠢᠶᠠᠷ ᠦᠡᠭᠭᠡᠷᠡᠭᠦ ᠭᠦᠮᠦᠰ ᠲᠸᠡᠭ ᠹᠸᠢ ᠵᠠᠮ ᠪᠠ ᠵᠤᠤ ᠵᠢᠶᠦ᠋ᠨ ᠵᠠᠮ ᠤᠨ ᠬᠤᠶᠠᠷ ᠬᠠᠵᠠᠭᠤ ᠪᠠᠷ ᠲᠤᠭᠤᠷᠢᠵᠤ ᠶᠠᠪᠤᠵᠤ ᠪᠤᠯᠤᠨ᠎ᠠ᠂ ᠮᠠᠰᠢᠨ ᠲᠡᠷᠭᠡ ᠭᠡᠪ ᠤᠨ ᠪᠠᠶᠢᠳᠠᠯ ᠢᠶᠠᠷ ᠠᠶᠠᠯᠠᠵᠤ᠂ ᠵᠠᠮ ᠢᠪᠴᠤᠤ  ᠪᠤᠯᠬᠤᠷ ᠬᠤᠷᠳᠤᠴᠠ ᠪᠠᠨ ᠬᠠᠰᠤᠵᠤ ᠤᠳᠠᠭᠠᠨ ᠠᠶᠠᠯᠠᠭᠠᠷᠠᠢ᠃     ᠵᠠᠮᠴᠢ ᠵᠢᠷᠤᠭ᠄     ᠶᠢᠨ ᠴᠤᠸᠠᠨ ᠵᠠᠮ ᠠᠴᠠ ᠵᠡᠭᠦᠨᠭᠠᠷ ᠵᠠᠮ ᠭᠦᠷᠭᠦ ᠭᠦᠷᠢᠶ᠎ᠠ ᠭᠡᠪᠴᠢᠶ᠎ᠠ ᠳᠠᠬᠢ ᠱᠦᠢ ᠵᠢᠩ ᠵᠠᠮ ᠤᠨ ᠵᠡᠭᠦᠨ ᠲᠠᠯ᠎ᠠ ᠶᠢᠨ ᠨᠢᠭᠡ ᠲᠡᠷᠭᠡᠨ ᠵᠠᠮ ᠤᠨ ᠭᠦᠷᠢᠶ᠎ᠠ ᠭᠡᠪᠴᠢᠶ᠎ᠠ ᠶᠢ ᠪᠢᠳᠡᠭᠦᠮᠵᠢᠯᠡᠭᠦ ᠵᠢᠭᠠᠯᠳᠠ ᠵᠢᠷᠤᠭ
    ᠱᠦᠢ ᠵᠢᠩ ᠵᠠᠮ ᠠᠴᠠ ᠵᠤᠤ ᠵᠢᠶᠦ᠋ᠨ ᠭᠦᠭᠦᠷᠭᠡ ᠭᠦᠷᠭᠦ  ᠭᠦᠷᠢᠶ᠎ᠠ ᠭᠡᠪᠴᠢᠶ᠎ᠠ ᠳᠠᠬᠢ ᠵᠡᠭᠦᠨᠭᠠᠷ ᠵᠠᠮ ᠤᠨ ᠬᠤᠶᠢᠳᠤ ᠲᠠᠯ᠎ᠠ ᠶᠢᠨ ᠨᠢᠭᠡ ᠲᠡᠷᠭᠡᠨ ᠵᠠᠮ ᠢ ᠪᠢᠳᠡᠭᠦᠮᠵᠢᠯᠡᠭᠦ ᠵᠢᠭᠠᠯᠳᠠ ᠵᠢᠷᠤᠭ
    ᠲᠸᠡᠭ ᠹᠸᠢ ᠵᠠᠮ ᠠᠴᠠ ᠵᠤᠤ ᠵᠢᠶᠦ᠋ᠨ ᠵᠠᠮ ᠭᠦᠷᠭᠦ ᠭᠦᠷᠢᠶ᠎ᠠ ᠭᠡᠪᠴᠢᠶ᠎ᠠ ᠪᠠ ᠾᠧ ᠪᠢᠨ ᠵᠠᠮ ᠤᠨ ᠵᠡᠭᠦᠨ ᠲᠠᠯ᠎ᠠ ᠶᠢᠨ ᠶᠠᠪᠠᠭᠠᠨ ᠠᠯᠬᠤᠬᠤ ᠵᠠᠮ ᠢ ᠪᠢᠳᠡᠭᠦᠮᠵᠢᠯᠡᠭᠦ ᠵᠢᠭᠠᠯᠳᠠ ᠵᠢᠷᠤᠭ
   ᠪᠢᠳᠡᠭᠦᠮᠵᠢᠯᠡᠭᠦ ᠴᠠᠭ᠄     ᠶᠢᠨ ᠴᠤᠸᠠᠨ ᠵᠠᠮ ᠠᠴᠠ ᠵᠡᠭᠦᠨᠭᠠᠷ ᠵᠠᠮ ᠭᠦᠷᠭᠦ ᠭᠦᠷᠢᠶ᠎ᠠ ᠭᠡᠪᠴᠢᠶ᠎ᠠ ᠳᠠᠬᠢ ᠱᠦᠢ ᠵᠢᠩ ᠵᠠᠮ ᠤᠨ ᠵᠡᠭᠦᠨ ᠲᠠᠯ᠎ᠠ ᠶᠢᠨ ᠨᠢᠭᠡ ᠲᠡᠷᠭᠡᠨ ᠵᠠᠮ ᠢ 2020 ᠤᠨ ᠤ 11 ᠰᠠᠷ᠎ᠠ ᠶᠢᠨ 27 ᠤ ᠡᠳᠦᠷ ︱ 2020 ᠤᠨ ᠤ 12 ᠰᠠᠷ᠎ᠠ ᠶᠢᠨ 10 ᠤ ᠡᠳᠦᠷ ᠪᠤᠯᠳᠠᠯ᠎ᠠ ᠪᠢᠳᠡᠭᠦᠮᠵᠢᠯᠠᠨ᠎ᠠ᠃     ᠱᠦᠢ ᠵᠢᠩ ᠵᠠᠮ ᠠᠴᠠ ᠵᠤᠤ ᠵᠢᠶᠦ᠋ᠨ ᠭᠦᠭᠦᠷᠭᠡ ᠭᠦᠷᠭᠦ ᠭᠦᠷᠢᠶ᠎ᠠ ᠭᠡᠪᠴᠢᠶ᠎ᠠ ᠳᠠᠬᠢ ᠵᠡᠭᠦᠨᠭᠠᠷ ᠵᠠᠮ ᠤᠨ ᠬᠤᠶᠢᠳᠤ ᠲᠠᠯ᠎ᠠ ᠶᠢᠨ ᠨᠢᠭᠡ ᠲᠡᠷᠭᠡᠨ ᠵᠠᠮ ᠢ 2020 ᠤᠨ ᠤ 12 ᠰᠠᠷ᠎ᠠ ᠶᠢᠨ 11 ᠤ ᠡᠳᠦᠷ ︱ 2020 ᠤᠨ ᠤ 12 ᠰᠠᠷ᠎ᠠ ᠶᠢᠨ 24 ᠤ ᠡᠳᠦᠷ ᠪᠤᠯᠳᠠᠯ᠎ᠠ ᠪᠢᠳᠡᠭᠦᠮᠵᠢᠯᠠᠨ᠎ᠠ᠃     ᠲᠸᠡᠭ ᠹᠸᠢ ᠵᠠᠮ ᠠᠴᠠ ᠵᠤᠤ ᠵᠢᠶᠦ᠋ᠨ ᠵᠠᠮ ᠭᠦᠷᠭᠦ ᠭᠦᠷᠢᠶ᠎ᠠ ᠭᠡᠪᠴᠢᠶ᠎ᠠ ᠪᠠ ᠾᠧ ᠪᠢᠨ ᠵᠠᠮ ᠤᠨ ᠵᠡᠭᠦᠨ ᠲᠠᠯ᠎ᠠ ᠶᠢᠨ ᠶᠠᠪᠠᠭᠠᠨ ᠠᠯᠬᠤᠬᠤ ᠵᠠᠮ ᠢ 2020 ᠤᠨ ᠤ 12 ᠰᠠᠷ᠎ᠠ ᠶᠢᠨ 25 ᠤ ᠡᠳᠦᠷ ︱ 2021 ᠤᠨ ᠤ 1 ᠰᠠᠷ᠎ᠠ ᠶᠢᠨ 30 ᠤ ᠡᠳᠦᠷ ᠪᠤᠯᠳᠠᠯ᠎ᠠ ᠪᠢᠳᠡᠭᠦᠮᠵᠢᠯᠠᠨ᠎ᠠ᠃     ᠲᠡᠭᠡᠷᠡᠭᠢ ᠠᠭᠤᠯᠭ᠎ᠠ ᠶᠢ ᠦᠷᠭᠡᠨ ᠤᠯᠠᠨ ᠬᠤᠳᠠ ᠶᠢᠨ ᠠᠷᠠᠳ ᠬᠠᠷᠢᠯᠴᠠᠨ ᠮᠡᠳᠡᠭᠳᠡᠭᠡᠷᠠᠢ᠃     ᠤᠷᠳᠤᠰ ᠬᠤᠳᠠ ᠶᠢᠨ ᠲᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠰᠡᠯᠪᠤᠷᠢ ᠠᠩᠭᠢ ᠶᠢᠨ ᠵᠡᠭᠦᠨᠭᠠᠷ ᠬᠤᠰᠢᠭᠤᠨ  ᠳᠠᠬᠢ ᠶᠡᠭᠡ ᠠᠩᠭᠢ  ᠵᠡᠭᠦᠨᠭᠠᠷ ᠬᠤᠰᠢᠭᠤᠨ ᠤ ᠤᠷᠤᠨ ᠰᠠᠭᠤᠴᠠ ᠪᠠ ᠬᠤᠳᠠ ᠭᠦᠳᠡᠭᠡ ᠶᠢᠨ ᠪᠦᠳᠦᠭᠡᠨ ᠪᠠᠶᠢᠭᠤᠯᠤᠯᠳᠠ ᠶᠢᠨ ᠲᠤᠪᠴᠢᠶ᠎ᠠ                                              2020 ᠤᠨ ᠤ 11 ᠰᠠᠷ᠎ᠠ ᠶᠢᠨ 24 ᠤ ᠡᠳᠦᠷ
ᠢᠷᠡᠯᠲᠡ᠄ ᠲᠤᠰ ᠰᠦᠯᠵᠢᠶ᠎ᠡ