2020 ᠣᠨ ᠤ ᠵᠡᠭᠦᠨᠭᠠᠷ ᠬᠤᠰᠢᠭᠤᠨ ᠤ ᠠᠵᠢᠯᠲᠠᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ  ᠳᠦᠷᠦ ᠶᠢᠨ ᠪᠣᠳᠣᠯᠭ᠎ᠠ᠂  ᠬᠦᠩᠭᠡᠵᠢᠯ ᠤᠨ ᠳᠠᠭᠠᠳᠬᠠᠯ ᠤᠨ ᠲᠥᠷᠥ ᠶᠢᠨ ᠪᠣᠳᠣᠯᠭ᠎ᠠ ᠨᠡᠶᠢᠲᠡᠯᠡᠭᠳᠡᠪᠡ
ᠨᠡᠶᠢᠲᠡᠯᠡᠭᠰᠡᠨ ᠴᠠᠭ᠄
2020/11/20
    2020 ᠣᠨ ᠤ ᠵᠡᠭᠦᠨᠭᠠᠷ ᠬᠤᠰᠢᠭᠤᠨ ᠤ ᠠᠵᠢᠯᠲᠠᠨ ᠤ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ  ᠳᠦᠷᠦ ᠶᠢᠨ ᠪᠣᠳᠣᠯᠭ᠎ᠠ ᠶᠢᠨ ᠲᠣᠪᠴᠢᠯᠠᠯ     ᠨᠢᠭᠡ᠂ ᠡᠮᠨᠡᠯᠭᠡ ᠳᠤ ᠰᠠᠭᠤᠬᠰᠠᠨ ᠲᠠᠩᠰᠠ ᠲᠠᠶᠢᠯᠬᠤ    ︵ᠨᠢᠭᠡ︶ ᠡᠮᠨᠡᠯᠭᠡ ᠳᠤ ᠰᠠᠭᠤᠭᠰᠠᠨ ᠲᠠᠩᠰᠠ ᠲᠠᠶᠢᠯᠬᠤ ᠳᠤᠤᠷ᠎ᠠ ᠬᠢᠵᠠᠭᠠᠷ ᠤᠨ ᠪᠠᠷᠢᠮᠵᠢᠶ᠎ᠠ᠄ ᠳᠠᠭᠠᠳᠬᠠᠯ ᠳᠤ ᠤᠷᠤᠯᠴᠠᠬᠰᠠᠳ ᠨᠢᠭᠡ ᠵᠢᠯ ᠤᠨ ᠳᠣᠲᠣᠷ᠎ᠠ ᠠᠩᠬ᠎ᠠ ᠤᠳᠠᠭ᠎ᠠ ᠡᠮᠨᠡᠯᠭᠡ ᠳᠤ ᠰᠠᠭᠤᠭᠰᠠᠨ ᠪᠣᠯ ᠵᠢᠷᠭᠤᠭᠠᠨ ᠵᠠᠭᠤᠨ ᠲᠥᠭᠦᠷᠢᠭ ᠪᠣᠯᠤᠨ᠎ᠠ︔ ᠨᠢᠭᠡ ᠵᠢᠯ ᠤᠨ ᠳᠣᠲᠣᠷ᠎ᠠ ᠣᠯᠠᠨ ᠤᠳᠠᠭ᠎ᠠ ᠡᠮᠨᠡᠯᠭᠡ ᠳᠤ ᠰᠠᠭᠤᠭᠰᠠᠨ ᠪᠠᠶᠢᠪᠠᠯ᠂ ᠳᠤᠤᠷ᠎ᠠ ᠬᠢᠵᠠᠭᠠᠷ ᠤᠨ ᠪᠠᠷᠢᠮᠵᠢᠶ᠎ᠠ ᠶᠢ ᠳᠡᠰ ᠳᠠᠷᠠᠭᠠᠯᠠᠨ 200 ᠲᠥᠭᠦᠷᠢᠭ ᠪᠠᠭᠤᠷᠠᠭᠤᠯᠤᠨ᠎ᠠ᠂ ᠭᠡᠪᠡᠴᠦ ᠬᠠᠮᠤᠭ ᠪᠠᠭ᠎ᠠ  ᠳᠠᠭᠠᠨ 200 ᠲᠥᠭᠦᠷᠢᠭ ᠠᠴᠠ ᠳᠤᠤᠷ᠎ᠠ ᠪᠠᠶᠢᠯᠭᠠᠵᠤ ᠪᠣᠯᠬᠤ ᠥᠬᠡᠶ᠃ ᠵᠢᠯ ᠤᠨ ᠳᠣᠲᠣᠷ᠎ᠠ ᠬᠠᠮᠤᠭ ᠥᠨᠳᠥᠷ ᠲᠡᠭᠡᠨ 23 ᠲᠦᠮᠡᠨ ᠲᠥᠭᠦᠷᠢᠭ  ᠤᠯᠭᠤᠨ᠎ᠠ᠃     ︵ᠬᠤᠶᠠᠷ︶ ᠡᠮᠨᠡᠯᠭᠡ ᠳᠤ ᠰᠠᠭᠤᠬᠰᠠᠨ ᠲᠠᠩᠰᠠ ᠲᠠᠶᠢᠯᠬᠤ ᠨᠢᠭᠡᠳᠦᠯᠲᠡᠶ ᠲᠥᠯᠥᠪᠯᠡᠨ ᠤᠯᠭᠤᠬᠤ ᠪᠠᠷᠢᠮᠵᠢᠶ᠎ᠠ︔  ᠳᠠᠭᠠᠳᠬᠠᠯ ᠳᠤ ᠤᠷᠤᠯᠴᠠᠬᠰᠠᠨ ᠠᠵᠢᠯᠲᠠᠨ ᠲᠣᠭᠲᠠᠭᠰᠠᠨ ᠡᠮ ᠡᠮᠨᠡᠯᠭᠡ ᠶᠢᠨ ᠪᠠᠶᠢᠭᠤᠯᠤᠮᠵᠢ ᠳᠤ ᠡᠮᠨᠡᠯᠭᠡ ᠳᠤ ᠰᠠᠭᠤᠵᠤ ᠡᠮᠨᠡᠭᠦᠯᠦᠭᠡᠳ ᠪᠤᠢ ᠪᠤᠯᠤᠬᠰᠠᠨ ᠠᠵᠢᠯᠲᠠᠨ ᠤ ᠦᠨᠳᠦᠰᠦᠨ ᠡᠮ ᠡᠮᠨᠡᠯᠭᠡ  ᠶᠢᠨ ᠳᠠᠭᠠᠳᠬᠠᠯ  ᠳᠤ ᠳᠤᠬᠢᠷᠠᠬᠤ ᠡᠮ ᠤᠨ ᠵᠦᠢᠯ ᠤᠨ ᠭᠠᠷᠴᠠᠭ᠂ ᠤᠨᠤᠰᠢᠯᠠᠨ ᠡᠮᠨᠡᠬᠦ ᠭᠠᠷᠴᠠᠭ ᠵᠢᠴᠢ ᠡᠮ ᠡᠮᠨᠡᠯᠭᠡ ᠶᠢᠨ ᠦᠢᠯᠡᠴᠢᠯᠡᠭᠡᠨ ᠤ ᠲᠥᠬᠦᠭᠡᠷᠦᠮᠵᠢ  ᠶᠢ ᠤᠯᠭᠤᠬᠤ ᠬᠡᠪᠴᠢᠶ᠎ᠡ ᠪᠠ ᠪᠠᠷᠢᠮᠵᠢᠶ᠎ᠠ ᠰᠤᠶᠢᠳᠭᠡᠯ ᠢ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ ᠠᠴᠠ  ᠳᠤᠤᠷᠠᠬᠢ ᠪᠠᠷᠢᠮᠵᠢᠶ᠎ᠠ ᠶᠣᠰᠣᠭᠠᠷ ᠤᠯᠭᠤᠨ᠎ᠠ᠄   ︵ᠭᠤᠷᠪᠠ︶ ᠡᠮᠨᠡᠯᠭᠡ ᠳᠤ ᠰᠠᠭᠤᠬᠰᠠᠨ ᠲᠠᠩᠰᠠ ᠲᠠᠶᠢᠯᠬᠤ ᠳᠤ ᠬᠡᠷᠡᠭᠰᠡᠬᠦ ᠮᠠᠲ᠋ᠧᠷᠢᠶᠠᠯ᠄ ᠪᠡᠯᠡᠨ ᠵᠣᠭᠤᠰ ᠤᠨ ᠳ᠋ᠦᠩᠨᠡᠨ ᠪᠤᠳᠤᠭᠰᠠᠨ ᠪᠠᠷᠢᠮᠲᠠ᠂ ᠵᠠᠷᠤᠳᠠᠯ ᠤᠨ ᠨᠠᠷᠢᠨ ᠳᠠᠩᠰᠠ ︵ᠳᠤᠳᠤᠷᠬᠠᠢ ᠬᠦᠰᠦᠨᠦᠭᠳᠤ︶᠂ ᠲᠣᠰ ᠤᠳᠠᠭᠠᠨ ᠤ ᠡᠮᠨᠡᠯᠭᠡ ᠳᠤ ᠰᠠᠭᠤᠬᠰᠠᠨ ᠣᠨᠣᠰᠢᠯᠠᠯᠳᠠ ᠶᠢᠨ ᠪᠢᠴᠢᠭ ᠤᠨ ᠣᠭ ᠮᠠᠲ᠋ᠧᠷᠢᠶᠠᠯ᠃ ᠬᠤᠪᠢ ᠬᠥᠮᠦᠨ ᠤ ᠪᠡᠶ᠎ᠡ ᠶᠢᠨ ᠦᠨᠡᠮᠯᠡᠯ ︵ᠪᠤᠶᠤ ᠬᠤᠶᠠᠳᠤᠭᠠᠷ ᠦᠶ᠎ᠡ ᠶᠢᠨ ᠨᠡᠶᠢᠭᠡᠮ ᠤᠨ ᠳᠠᠭᠠᠳᠬᠠᠯ ᠤᠨ ᠺᠠᠷᠲ︶ ᠪᠠ ᠪᠠᠩᠬᠢ ᠶᠢᠨ ᠺᠠᠷᠲ ᠤᠨ  ᠬᠠᠭᠤᠯᠪᠤᠷᠢ᠃    ᠬᠤᠶᠠᠷ᠂ ᠡᠭᠦᠳᠡᠨ ᠡᠮᠨᠡᠯᠭᠡ ᠶᠢᠨ  ᠤᠳᠠᠭᠠᠨ ᠴᠢᠨᠠᠷᠳᠠᠢ ᠡᠪᠡᠳᠴᠢᠳᠡᠨ ᠤ ᠲᠠᠩᠰᠠ ᠲᠠᠶᠢᠯᠬᠤ    ᠳᠠᠭᠠᠳᠬᠠᠯ ᠳᠤ ᠣᠷᠣᠯᠴᠠᠭᠰᠠᠳ ᠡᠪᠡᠳᠴᠢᠨ ᠤ ᠬᠤᠭᠤᠴᠠᠭ᠎ᠠ ᠨᠢ ᠤᠷᠲᠤ᠂ ᠲᠦᠢᠯᠪᠤᠷᠢᠲᠠᠶ ᠡᠳᠡᠭᠡᠷᠡᠬᠦ ᠳᠤ ᠬᠦᠴᠢᠷ ᠠᠴᠠ ᠪᠣᠯᠵᠤ᠂ ᠤᠷᠲᠤ ᠬᠤᠭᠤᠴᠠᠭ᠎ᠠ ᠪᠠᠷ ᠲᠠᠰᠤᠯᠳᠠᠯ ᠦᠭᠡᠢ ᠡᠭᠦᠳᠡᠨ ᠡᠮᠨᠡᠯᠭᠡ ᠳᠤ ᠡᠮᠴᠢᠯᠡᠭᠡ ᠬᠢᠬᠦ ᠴᠢᠬᠤᠯᠠᠲᠠᠢ ᠮᠥᠷᠲᠡᠭᠡᠨ ᠵᠠᠷᠤᠳᠠᠯ ᠢᠶᠠᠷ ᠨᠡᠯᠢᠶᠡᠳ ᠶᠡᠭᠡ ᠡᠪᠡᠳᠴᠢᠳᠡᠨ ᠢ ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠢ ᠡᠪᠡᠳᠴᠢᠳᠡᠨ ᠭᠡᠳᠡᠭ᠃ ᠨᠢᠭᠡ  ᠵᠢᠯ ᠤᠨ ᠳᠣᠲᠣᠷ᠎ᠠ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠲᠣᠭᠲᠠᠭᠠᠯ ᠳᠤ ᠨᠡᠶᠢᠴᠡᠭᠰᠡᠨ ᠡᠭᠦᠳᠡᠨ ᠡᠮᠨᠡᠯᠭᠡ ᠶᠢᠨ ᠵᠠᠷᠤᠳᠠᠯ ᠨᠢ ᠨᠡᠶᠢᠯᠡᠭᠡᠳ ᠵᠣᠬᠢᠬᠤ ᠲᠤᠭ᠎ᠠ ᠠᠴᠠ ᠬᠡᠲᠦᠷᠡᠭᠰᠡᠨ  ᠪᠠᠶᠢᠪᠠᠯ᠂ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ   ᠠᠴᠠ ᠳᠤᠤᠷᠠᠬᠢ ᠲᠣᠭᠲᠠᠭᠠᠯ ᠶᠣᠰᠣᠭᠠᠷ  ᠣᠯᠭᠤᠨ᠎ᠠ᠃   ︵ᠨᠢᠭᠡ︶  ᠠᠵᠢᠯᠯᠠᠵᠤ  ᠪᠠᠶᠢᠭ᠎ᠠ ᠠᠵᠢᠯᠲᠠᠨ ᠤ ᠨᠢᠭᠡ  ᠵᠢᠯ  ᠤᠨ ᠡᠭᠦᠳᠡᠨ ᠡᠮᠨᠡᠯᠭᠡ ᠶᠢᠨ ᠡᠮ ᠡᠮᠨᠡᠯᠭᠡ ᠶᠢᠨ ᠵᠠᠷᠤᠳᠠᠯ ᠨᠢ ᠨᠡᠶᠢᠲᠡ 2000 ᠲᠥᠭᠦᠷᠢᠭ ᠠᠴᠠ ᠳᠠᠪᠠᠭᠰᠠᠨ ᠪᠠᠶᠢᠪᠠᠯ ᠬᠡᠲᠦᠷᠡᠭᠰᠡᠨ ᠬᠡᠰᠡᠭ ᠢ ᠨᠢ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ ᠶᠢᠨ 50% ᠶᠢ  ᠤᠯᠭᠤᠵᠤ᠂ ᠬᠤᠪᠢ ᠬᠥᠮᠦᠨ 50% ᠶᠢ ᠡᠭᠦᠷᠭᠡᠯᠡᠨ᠎ᠡ᠃   ︵ᠬᠤᠶᠠᠷ︶ ᠠᠵᠢᠯ ᠠᠴᠠ ᠪᠠᠨ ᠠᠮᠠᠷᠠᠭᠰᠠᠳ ᠤᠨ ᠨᠢᠭᠡ  ᠵᠢᠯ ᠤᠨ ᠡᠭᠦᠳᠡᠨ ᠡᠮᠨᠡᠯᠭᠡ ᠶᠢᠨ ᠡᠮ ᠡᠮᠨᠡᠯᠭᠡ ᠶᠢᠨ ᠵᠠᠷᠤᠳᠠᠯ ᠨᠡᠶᠢᠲᠡ 1500 ᠲᠥᠭᠦᠷᠢᠭ ᠠᠴᠠ ᠳᠠᠪᠠᠭᠰᠠᠨ ᠪᠠᠶᠢᠪᠠᠯ ᠬᠡᠲᠦᠷᠡᠭᠰᠡᠨ ᠬᠡᠰᠡᠭ ᠢ ᠨᠢ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ  ᠠᠴᠠ 70% ᠶᠢ ᠤᠯᠭᠤᠵᠤ᠂ ᠬᠤᠪᠢ ᠬᠥᠮᠦᠨ 30% ᠶᠢ ᠡᠭᠦᠷᠭᠡᠯᠡᠨ᠎ᠡ᠃   ︵ᠭᠤᠷᠪᠠ︶ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ  ᠨᠢ ᠨᠢᠭᠡ  ᠵᠢᠯ ᠤᠨ ᠳᠣᠲᠣᠷ᠎ᠠ ᠳᠠᠭᠠᠳᠬᠠᠯ ᠳᠤ ᠣᠷᠣᠯᠴᠠᠭᠰᠠᠳ ᠤᠨ ᠡᠭᠦᠳᠡᠨ ᠡᠮᠨᠡᠯᠭᠡ ᠶᠢᠨ ᠵᠠᠷᠤᠳᠠᠯ ᠢ ᠬᠠᠮᠤᠭ ᠦᠨᠳᠤᠷ ᠲᠡᠭᠡᠨ 10000 ᠲᠥᠭᠦᠷᠢᠭ  ᠭᠠᠷᠭᠠᠨ᠎ᠠ᠃ ᠨᠢᠭᠡ ᠵᠢᠯ ᠤᠨ ᠳᠣᠲᠣᠷ᠎ᠠ ᠵᠥᠪᠬᠡᠨ ᠨᠢᠭᠡ ᠯᠡ ᠤᠳᠠᠭ᠎ᠠ  ᠳᠠᠩᠰᠠ ᠳᠠᠶᠢᠯᠤᠨ᠎ᠠ᠃   ︵ᠳᠥᠷᠪᠡ︶ ᠳᠤᠤᠷᠠᠬᠢ ᠤᠨᠴᠠᠭᠠᠢ ᠡᠪᠡᠳᠴᠢᠳᠡᠨ ᠤ ᠡᠭᠦᠳᠡᠨ ᠡᠮᠨᠡᠯᠭᠡ ᠶᠢᠨ  ᠡᠮ ᠡᠮᠨᠡᠯᠭᠡ ᠶᠢᠨ ᠵᠠᠷᠤᠳᠠᠯ ᠢ ᠨᠢᠭᠡᠳᠦᠯᠲᠡᠶ ᠲᠥᠯᠥᠪᠯᠡᠭᠰᠡᠨ ᠰᠠᠭᠤᠷᠢ ᠮᠥᠩᠭᠦ ᠠᠴᠠ ᠡᠮᠨᠡᠯᠭᠡ ᠳᠤ ᠰᠠᠭᠤᠬᠰᠠᠨ ᠪᠠᠷᠢᠮᠵᠢᠶ᠎ᠠ ᠶᠣᠰᠣᠭᠠᠷ  ᠤᠯᠭᠤᠨ᠎ᠠ᠃   ᠬᠤᠣᠷᠲᠤ ᠬᠠᠪᠤᠳᠠᠷ᠂ ᠡᠷᠬᠡᠲᠡᠨ ᠰᠢᠯᠵᠢᠭᠦᠯᠬᠦ ᠮᠡᠰᠡ ᠵᠠᠰᠠᠯ ᠤᠨ  ᠳᠠᠷᠠᠭᠠᠬᠢ ᠡᠮᠴᠢᠯᠡᠭᠡ᠂ ᠤᠯᠠᠭᠠᠨ ᠲᠣᠯᠪᠣᠲᠤ ᠴᠢᠨ᠋ᠸ᠎ᠠ ᠶᠢᠨ ᠶᠠᠷ᠎ᠠ ᠭᠡᠮ᠂ ᠰᠢᠭᠡᠰᠦᠨ ᠤ ᠬᠤᠣᠷᠳᠠᠯᠭ᠎ᠠ ᠶᠢᠨ ᠭᠡᠮ᠂ ᠴᠢᠰᠤ  ᠨᠡᠪᠴᠢᠬᠦᠯᠤᠨ ᠢᠯᠭᠠᠷᠠᠭᠤᠯᠬᠤ᠂ ᠴᠢᠰᠤ ᠴᠠᠶᠢᠬᠤ ᠡᠪᠡᠳᠴᠢᠨ᠂ ᠳᠠᠷᠢᠬᠢᠨ ᠰᠤᠳᠠᠯ ᠠᠴᠠ ᠴᠢᠰᠤ ᠭᠠᠷᠤᠬᠰᠠᠨ ᠪᠠ ᠲᠠᠷᠢᠬᠢᠨ ᠰᠤᠳᠠᠯ ᠤᠨ ᠲᠦᠭᠵᠢᠷᠡᠯ ᠳᠠᠪᠬᠤᠴᠠᠭᠰᠠᠨ ᠠᠷᠬᠠᠭ ᠭᠡᠮ᠂ ᠰᠢᠬᠢᠷ ᠰᠢᠵᠢᠩ ᠡᠪᠡᠳᠴᠢᠨ ᠳᠠᠪᠬᠤᠴᠠᠭᠰᠠᠨ ᠭᠡᠮ᠂ ᠳᠤᠮᠳᠠ ᠴᠢᠮᠥᠭᠡᠨ ᠶᠠᠰᠤ ᠦᠬᠦᠵᠢᠬᠦ ᠭᠡᠮ᠂ ᠬᠠᠯᠳᠠᠪᠤᠷᠢᠲᠤ ᠴᠢᠨᠠᠷᠲᠠᠶ ᠡᠯᠢᠭᠡᠨ ᠡᠪᠡᠳᠴᠢᠨ᠂ ᠡᠯᠢᠭᠡᠨ ᠬᠠᠲᠠᠭᠤᠷᠠᠯ᠂ ᠣᠶᠤᠨ ᠮᠡᠳᠡᠷᠡᠯ ᠤᠨ ᠲᠥᠷᠥᠯ ᠤᠨ ᠡᠪᠡᠳᠴᠢᠨ᠂  ᠴᠢᠰᠤ ᠭᠤᠭᠤᠵᠢᠮᠠᠳᠠᠭᠠᠢ ᠡᠪᠡᠳᠴᠢᠨ᠂  ᠳᠦᠯᠦᠵᠢᠯ ᠮᠠᠭᠤᠳᠠᠢ ᠴᠢᠰᠤ ᠳᠤᠳᠠᠬᠤ ᠡᠪᠡᠳᠴᠢᠨ ᠪᠠ ᠣᠷᠳᠣᠰ ᠬᠤᠲᠠ ᠶᠢᠨ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠲᠤᠰᠬᠠᠶ ᠮᠡᠷᠭᠡᠵᠢᠯᠲᠡᠨ ᠤ ᠺᠣᠮᠢᠰ   ᠠᠴᠠ ᠮᠠᠭᠠᠳᠯᠠᠨ ᠲᠣᠭᠲᠠᠭᠠᠭᠰᠠᠨ ᠬᠤᠪᠣᠷ ᠲᠣᠬᠢᠶᠠᠯᠳᠤᠬᠤ ᠡᠪᠡᠳᠴᠢᠨ ᠡᠮᠭᠡᠭ᠃    ︵ᠲᠠᠪᠤ︶ ᠪᠤᠰᠤᠳ  ᠵᠤᠶᠢᠯ   ᠡᠭᠦᠳᠡᠨ ᠡᠮᠨᠡᠯᠭᠡ ᠶᠢᠨ ᠤᠳᠠᠭᠠᠨ ᠴᠢᠨᠠᠷᠲᠠᠶ ᠡᠪᠡᠳᠴᠢᠳᠡᠨ ᠪᠣᠯᠤᠨ ᠣᠨᠴᠠᠭᠠᠶ ᠡᠪᠡᠳᠴᠢᠳᠡᠨ ᠤ ᠳᠠᠩᠰᠠ ᠲᠠᠶᠢᠯᠬᠤ ᠳᠤ ᠨᠡᠶᠢᠴᠡᠭᠰᠡᠨ ᠲᠣᠭᠲᠠᠭᠰᠠᠨ ᠪᠠᠶᠢᠭᠤᠯᠤᠮᠵᠢ ᠪᠣᠯ ᠦᠨᠳᠦᠰᠦᠨ ᠡᠮ ᠡᠮᠨᠡᠯᠭᠡ ᠶᠢᠨ ᠳᠠᠭᠠᠳᠬᠠᠯ ᠤᠨ ᠲᠣᠭᠲᠠᠭᠰᠠᠨ ᠡᠮ ᠡᠮᠨᠡᠯᠭᠡ ᠶᠢᠨ ᠪᠠᠶᠢᠭᠤᠯᠤᠮᠵᠢ  ᠪᠠᠶᠢᠵᠤ᠂ ᠬᠠᠮᠤᠭ ᠥᠨᠳᠥᠷ ᠤᠯᠭᠤᠬᠤ ᠬᠢᠵᠠᠭᠠᠷ ᠲᠤᠭ᠎ᠠ ᠪᠣᠯᠤᠨ ᠡᠮᠨᠡᠯᠭᠡ ᠳᠤ ᠰᠠᠭᠤᠬᠰᠠᠨ ᠤᠯᠭᠤᠬᠤ ᠬᠠᠮᠤᠭ ᠥᠨᠳᠥᠷ ᠬᠢᠵᠠᠭᠠᠷ ᠲᠤᠭ᠎ᠠ ᠶᠢ ᠨᠡᠶᠢᠲᠡ 23 ᠲᠦᠮᠡᠨ ᠲᠥᠭᠦᠷᠢᠭ ᠠᠴᠠ ᠬᠡᠲᠦᠷᠡᠬᠦᠯᠵᠤ ᠪᠣᠯᠬᠤ ᠦᠭᠡᠢ᠃   ︵ᠵᠢᠷᠭᠤᠭ᠎ᠠ︶ ᠤᠳᠠᠭᠠᠨ ᠴᠢᠨᠠᠷᠲᠠᠶ ᠡᠪᠡᠳᠴᠢᠳᠡᠨ ᠤ ᠡᠭᠦᠳᠡᠨ ᠡᠮᠨᠡᠯᠭᠡ ᠶᠢᠨ ᠳᠠᠩᠰᠠ ᠲᠠᠶᠢᠯᠬᠤ ᠳᠤ  ᠬᠡᠷᠡᠭᠰᠡᠬᠦ ᠮᠠᠲ᠋ᠧᠷᠢᠶᠠᠯ   ᠪᠡᠯᠡᠨ ᠵᠣᠭᠤᠰ ᠤᠨ ᠳ᠋ᠦᠩᠨᠡᠨ ᠪᠣᠳᠣᠭᠰᠠᠨ ᠪᠠᠷᠢᠮᠲᠠ᠂ ᠡᠮ ᠤᠨ ᠵᠣᠷ ︵ᠪᠤᠶᠤ  ᠳᠤᠳᠤᠷᠬᠠᠢ ᠬᠦᠰᠦᠨᠦᠭᠳᠤ︶᠂ ᠬᠤᠪᠢ ᠬᠥᠮᠦᠨ ᠤ ᠪᠡᠶ᠎ᠡ ᠶᠢᠨ ᠦᠨᠡᠮᠯᠡᠯ ︵ᠪᠤᠶᠤ ᠬᠤᠶᠠᠳᠤᠭᠠᠷ ᠦᠶ᠎ᠡ ᠶᠢᠨ ᠨᠡᠶᠢᠭᠡᠮ ᠤᠨ ᠳᠠᠭᠠᠳᠬᠠᠯ ᠤᠨ ᠺᠠᠷᠲ︶ ᠪᠣᠯᠤᠨ ᠪᠠᠩᠬᠢ ᠶᠢᠨ ᠺᠠᠷᠲ ᠤᠨ  ᠬᠠᠭᠤᠯᠪᠤᠷᠢ᠃  ᠭᠤᠷᠪᠠ᠂ ᠳᠠᠭᠠᠳᠬᠠᠯ ᠳᠤ ᠣᠷᠣᠯᠴᠠᠭᠰᠠᠳ ᠤᠨ ᠵᠠᠷᠤᠬᠰᠠᠨ ᠳᠤᠤᠷ᠎ᠠ ᠵᠢᠭᠰᠠᠭᠠᠭᠰᠠᠨ ᠵᠠᠷᠤᠳᠠᠯ ᠤᠳ ᠢ ᠠᠵᠢᠯᠲᠠᠨ ᠤ ᠦᠨᠳᠦᠰᠦᠨ ᠡᠮᠴᠢᠯᠡᠭᠡᠨ ᠤ ᠳᠠᠭᠠᠳᠬᠠᠯ ᠤᠨ ᠰᠠᠭᠤᠷᠢ ᠮᠥᠩᠭᠦ ᠠᠴᠠ ᠤᠯᠭᠤᠬᠤ ᠥᠬᠡᠶ᠄   ᠡᠮ ᠡᠮᠨᠡᠯᠭᠡ ᠶᠢᠨ ᠦᠨᠳᠦᠰᠦᠨ ᠳᠠᠭᠠᠳᠬᠠᠯ ᠤᠨ ︽ᠡᠮ ᠤᠨ ᠵᠤᠶᠢᠯ ᠤᠨ ᠭᠠᠷᠴᠠᠭ︾᠂ ︽ᠣᠨᠣᠰᠢᠯᠠᠨ ᠡᠮᠨᠡᠬᠦ ᠲᠥᠷᠥᠯ ᠵᠤᠶᠢᠯ ᠤᠨ ᠬᠦᠷᠢᠶ᠎ᠡ ᠬᠡᠪᠴᠢᠶ᠎ᠡ︾ ᠪᠠ ︽ᠡᠮ ᠡᠮᠨᠡᠯᠭᠡ ᠶᠢᠨ ᠤᠶᠢᠯᠡᠴᠢᠯᠡᠭᠡᠨ ᠤ  ᠳᠦᠬᠦᠭᠡᠷᠤᠮᠵᠢ ᠶᠢᠨ ᠪᠠᠷᠢᠮᠵᠢᠶ᠎ᠠ︾ ᠠᠴᠠ ᠭᠠᠳᠠᠨᠠᠬᠢ ᠡᠮ ᠡᠮᠨᠡᠯᠭᠡ ᠶᠢᠨ ᠵᠠᠷᠤᠳᠠᠯ︔ ᠠᠵᠢᠯ ᠠᠴᠠ ᠪᠣᠯᠤᠭᠰᠠᠨ ᠭᠡᠮᠲᠦᠯ ᠤᠨ ᠳᠠᠭᠠᠳᠬᠠᠯ ᠤᠨ ᠰᠠᠭᠤᠷᠢ ᠮᠥᠩᠭᠦ ᠠᠴᠠ ᠤᠯᠭᠤᠬᠤ ᠶᠣᠰᠣᠲᠠᠶ ᠵᠠᠷᠤᠳᠠᠯ︔ ᠭᠤᠷᠪᠠᠳᠠᠬᠢ ᠬᠥᠮᠦᠨ ᠡᠭᠦᠷᠭᠡᠯᠡᠪᠡᠯ ᠵᠣᠬᠢᠬᠤ ᠵᠠᠷᠤᠳᠠᠯ︔ ᠤᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠡᠭᠦᠷᠭᠡᠯᠡᠬᠦ ᠶᠣᠰᠣᠲᠠᠶ ᠵᠠᠷᠤᠳᠠᠯ︔ ᠬᠢᠯᠢ ᠶᠢᠨ ᠭᠠᠳᠠᠨ᠎ᠠ ᠡᠮᠨᠡᠭᠦᠯᠦᠭᠰᠡᠨ ᠵᠠᠷᠤᠳᠠᠯ︔ ᠤᠯᠤᠰ ᠪᠣᠯᠤᠨ ᠥᠪᠡᠷᠲᠡᠭᠡᠨ ᠵᠠᠰᠠᠬᠤ ᠣᠷᠣᠨ ᠠᠴᠠ  ᠤᠯᠭᠤᠬᠤ ᠦᠭᠡᠢ ᠭᠡᠵᠦ ᠲᠣᠭᠲᠠᠭᠠᠭᠰᠠᠨ ᠪᠤᠰᠤᠳ ᠵᠠᠷᠤᠳᠠᠯ᠃        2020 ᠣᠨ ᠤ ᠵᠡᠭᠦᠨᠭᠠᠷ ᠬᠤᠰᠢᠭᠤᠨ ᠤ ᠠᠵᠢᠯᠲᠠᠨ  ᠤ  ᠬᠦᠩᠭᠡᠵᠢᠯ ᠤᠨ ᠳᠠᠭᠠᠳᠬᠠᠯ ᠤᠨ ᠲᠥᠷᠥ ᠶᠢᠨ ᠪᠣᠳᠣᠯᠭ᠎ᠠ ᠶᠢᠨ ᠲᠣᠪᠴᠢᠯᠠᠯ   ᠨᠢᠭᠡ᠂ ᠠᠵᠤ ᠠᠬᠤᠶᠢᠯᠠᠯ ᠤᠨ ᠠᠵᠢᠯᠲᠠᠨ  ᠤ  ᠬᠦᠩᠭᠡᠵᠢᠯ ᠤᠨ ᠲᠠᠩᠰᠠ ᠲᠠᠶᠢᠯᠬᠤ   ︵ᠨᠢᠭᠡ︶ ᠭᠤᠶᠤᠴᠢᠯᠠᠬᠤ ᠨᠥᠬᠦᠴᠡᠯ ᠪᠠ ᠡᠲᠡᠭᠡᠳ  1. ᠡᠮᠡᠭᠲᠡᠶ ᠠᠵᠢᠯᠲᠠᠨ᠄ ᠲᠥᠯᠥᠪᠯᠡᠭᠡ ᠲᠠᠢ ᠪᠠᠷ ᠬᠡᠤᠬᠡᠳ ᠠᠪᠬᠤ ᠲᠥᠷᠥ ᠶᠢᠨ ᠪᠣᠳᠣᠯᠭ᠎ᠠ ᠳᠤ ᠨᠡᠶᠢᠴᠡᠭᠰᠡᠨ᠂ ᠬᠦᠩᠭᠡᠵᠢᠯ ᠤᠨ ᠬᠦᠢᠴᠡᠳᠭᠡᠯ ᠲᠤᠭ᠎ᠠ ᠲᠠᠢ ᠬᠥᠩᠭᠡᠵᠢᠬᠦ ᠨᠠᠰᠤᠨ ᠤ ᠬᠥᠩᠭᠡᠵᠢᠭᠰᠡᠨ  ᠡᠮᠡᠭᠳᠡᠶᠢᠴᠤᠳ᠂ ᠬᠥᠩᠭᠡᠵᠢᠬᠦ ᠬᠤᠭᠤᠴᠠᠭᠠᠨ ᠳᠠᠭᠠᠨ ᠬᠦᠩᠭᠡᠵᠢᠯ ᠤᠨ ᠨᠥᠬᠦᠪᠥᠷᠢ ᠮᠥᠩᠭᠦ᠂ ᠬᠦᠩᠭᠡᠵᠢᠯ ᠤᠨ  ᠡᠮ ᠡᠮᠨᠡᠯᠭᠡ ᠶᠢᠨ ᠵᠠᠷᠤᠳᠠᠯ ᠪᠠ  ᠬᠦᠩᠭᠡᠵᠢᠯ ᠤᠨ ᠨᠢᠭᠡ ᠯᠡ ᠤᠳᠠᠭ᠎ᠠ ᠶᠢᠨ ᠴᠢᠨᠠᠷᠲᠠᠶ ᠰᠢᠮ᠎ᠡ ᠲᠡᠵᠢᠭᠡᠯ ᠤᠨ ᠨᠥᠬᠦᠪᠥᠷᠢ ᠵᠠᠷᠤᠳᠠᠯ ᠵᠡᠷᠭᠡ ᠭᠤᠷᠪᠠᠨ  ᠵᠤᠶᠢᠯ ᠤᠨ ᠨᠡᠶᠢᠯᠡᠪᠦᠷᠢ ᠶᠢ ᠭᠥᠷᠳᠡᠵᠦ ᠪᠣᠯᠤᠨ᠎ᠠ᠃   2. ᠡᠷᠡᠭᠲᠡᠶ ᠠᠵᠢᠯᠲᠠᠨ᠄ ᠬᠦᠩᠭᠡᠵᠢᠯ ᠤᠨ ᠳᠠᠭᠠᠳᠬᠠᠯ ᠳᠤ ᠣᠷᠣᠯᠴᠠᠭᠰᠠᠨ ᠡᠷᠡᠭᠲᠡᠶ ᠠᠵᠢᠯᠲᠠᠨ᠂ ᠲᠡᠭᠦᠨ ᠤ  ᠪᠦᠰᠡᠬᠦᠢ ᠨᠢ ᠬᠥᠩᠭᠡᠵᠢᠯ ᠤᠨ ᠳᠠᠭᠠᠳᠬᠠᠯ ᠳᠤ ᠣᠷᠣᠯᠴᠠᠭᠰᠠᠨ ᠦᠭᠡᠢ ᠪᠠᠶᠢᠪᠠᠯ᠂ ᠪᠦᠰᠡᠬᠦᠢ ᠨᠢ ᠬᠥᠩᠭᠡᠵᠢᠬᠦ ᠦᠶ᠎ᠡ ᠳᠤ ᠡᠭᠦᠰᠦᠭᠰᠡᠨ ᠡᠮ ᠡᠮᠨᠡᠯᠭᠡ ᠶᠢᠨ ᠵᠠᠷᠤᠳᠠᠯ ᠢ ᠳᠠᠭᠠᠳᠬᠠᠯ ᠳᠤ ᠣᠷᠣᠯᠴᠠᠭᠰᠠᠨ ᠡᠮᠡᠭᠲᠡᠶ ᠠᠵᠢᠯᠳᠠᠨ ᠤ ᠪᠠᠷᠢᠮᠵᠢᠶ᠎ᠠ ᠶᠣᠰᠣᠭᠠᠷ ᠳᠠᠩᠰᠠᠨ ᠠᠴᠠ ᠲᠠᠶᠢᠯᠤᠨ᠎ᠠ᠄ ᠬᠡᠷᠪᠡ ᠲᠡᠭᠦᠨ ᠤ  ᠪᠦᠰᠡᠬᠦᠢ ᠨᠢ ᠪᠠᠰᠠ ᠬᠥᠩᠭᠡᠵᠢᠯ ᠤᠨ ᠳᠠᠭᠠᠳᠬᠠᠯ ᠳᠤ ᠣᠷᠣᠯᠴᠠᠬᠰᠠᠨ ᠪᠠᠶᠢᠪᠠᠯ ᠬᠠᠷᠢᠨ ᠡᠷᠡᠭᠲᠡᠶ ᠠᠵᠢᠯᠲᠠᠨ ᠳᠤ ᠳᠠᠩᠰᠠ ᠳᠠᠶᠢᠯᠬᠤ  ᠡᠮ ᠡᠮᠨᠡᠯᠭᠡ ᠶᠢᠨ ᠵᠠᠷᠤᠳᠠᠯ ᠢ ᠤᠯᠭᠤᠬᠤ ᠦᠭᠡᠶ᠂ ᠵᠦᠪᠭᠡᠨ ᠰᠤᠪᠢᠯᠠᠯᠲᠠ ᠶᠢᠨ ᠨᠥᠬᠦᠪᠥᠷᠢ ᠶᠢ ᠨᠢ ᠳᠠᠩᠰᠠᠨ ᠠᠴᠠ  ᠳᠠᠶᠢᠯᠤᠨ᠎ᠠ᠃ 3. ᠡᠮᠡᠭᠲᠡᠶ ᠠᠵᠢᠯᠲᠠᠨ ᠬᠡᠷᠪᠡ ᠰᠠᠨᠠᠭᠠᠨ‌ᠡᠴᠡ ᠭᠠᠳᠠᠭᠤᠷ ᠣᠷᠤᠭ ᠤᠨᠠᠭᠠᠭᠰᠠᠨ ᠪᠣᠯ ᠬᠥᠩᠭᠡᠵᠢᠯ ᠤᠨ ᠳᠠᠭᠠᠳᠬᠠᠯ ᠳᠤ ᠣᠷᠣᠯᠴᠠᠭᠰᠠᠨ ᠠᠵᠢᠯᠲᠠᠨ ᠪᠠᠰᠠ ᠲᠥᠯᠥᠪᠯᠡᠭᠡᠲᠦ ᠬᠦᠩᠭᠡᠵᠢᠯ ᠤᠨ ᠮᠡᠰᠡ  ᠵᠠᠰᠠᠯ ᠤᠨ ᠵᠠᠷᠤᠳᠠᠯ   ᠢ ᠬᠢᠵᠠᠭᠠᠷᠯᠠᠭᠰᠠᠨ ᠲᠤᠭ᠎ᠠ ᠪᠠᠷ ᠳᠠᠩᠰᠠᠨ ᠠᠴᠠ ᠲᠠᠶᠢᠯᠵᠤ ᠪᠣᠯᠤᠨ᠎ᠠ᠂ ᠬᠥᠩᠭᠡᠵᠢᠯ ᠤᠨ ᠨᠥᠬᠦᠪᠤᠷᠢ ᠮᠥᠩᠭᠦ᠂ ᠡᠮ ᠡᠮᠨᠡᠯᠭᠡ ᠶᠢᠨ ᠵᠠᠷᠤᠳᠠᠯ ᠪᠣᠯᠤᠨ ᠬᠥᠩᠭᠡᠵᠢᠯᠲᠡ ᠶᠢᠨ ᠨᠢᠭᠡ ᠯᠡ ᠤᠳᠠᠭ᠎ᠠ ᠶᠢᠨ ᠴᠢᠨᠠᠷᠲᠠᠶ ᠰᠢᠮ᠎ᠡ  ᠳᠡᠵᠢᠭᠡᠯ ᠤᠨ ᠨᠥᠬᠦᠪᠥᠷᠢ ᠵᠠᠷᠤᠳᠠᠯ ᠢ ᠬᠦᠷᠲᠡᠬᠦ ᠦᠭᠡᠢ᠃   ︵ᠬᠤᠶᠠᠷ︶ ᠣᠯᠭᠤᠬᠤ ᠲᠥᠷᠥᠯ ᠵᠤᠶᠢᠯ ᠵᠢᠴᠢ ᠪᠠᠷᠢᠮᠵᠢᠶ᠎ᠠ 1. ᠡᠮᠡᠭᠲᠡᠶ ᠠᠵᠢᠯᠲᠠᠨ᠄ ᠬᠥᠮᠦᠨ ᠬᠡᠷᠡᠭᠯᠡᠬᠦ ᠨᠢᠭᠡᠴᠢ ᠶᠢᠨ ᠳᠡᠭᠡᠷ᠎ᠠ ᠵᠢᠯ ᠤᠨ ᠠᠵᠢᠯᠲᠠᠨ ᠤ ᠰᠠᠷ᠎ᠠ ᠳᠤᠮᠳᠠᠴᠢ ᠶᠢᠨ ᠰᠤᠶᠢᠳᠭᠡᠯ ᠳᠤᠰᠢᠶᠠᠬᠰᠠᠨ ᠴᠠᠯᠢᠩ᠃ ᠪᠠᠷᠢᠮᠵᠢᠶ᠎ᠠ ᠨᠢ᠄ ᠬᠡᠪ ᠤᠨ ᠬᠥᠩᠭᠡᠵᠢᠯᠲᠡ ᠶᠢᠨ ᠴᠢᠯᠥᠭᠡ 98 ᠡᠳᠦᠷ︔ ᠪᠡᠷᠬᠡ ᠬᠥᠩᠭᠡᠵᠢᠯᠲᠡ ᠶᠢᠨ ᠴᠢᠯᠦᠭᠡ 113 ᠡᠳᠦᠷ︔ ᠣᠯᠠᠨ ᠬᠡᠦᠬᠡᠳ ᠳᠦᠷᠦᠭᠰᠡᠨ ᠴᠢᠯᠦᠭᠡ 15 ᠡᠳᠦᠷ ᠨᠡᠮᠡᠨ᠎ᠡ  ︔ ᠬᠡᠪᠡᠯᠢ ᠬᠠᠭᠠᠯᠵᠤ ᠬᠥᠩᠭᠡᠵᠢᠭᠰᠡᠨ ᠴᠢᠯᠦᠭᠡ 113 ᠡᠳᠦᠷ︔ 4 ᠰᠠᠷ᠎ᠠ ᠦᠩᠭᠡᠷᠡᠭᠡᠳ ᠤᠷᠤᠭ ᠤᠨᠠᠭᠠᠬᠰᠠᠨ ᠪᠤᠯ 42ᠡᠳᠦᠷ  ᠤᠨ ᠲᠠᠩᠰᠠ ᠲᠠᠶᠢᠯᠤᠨ᠎ᠠ︔ 4 ᠰᠠᠷ᠎ᠠ ᠪᠣᠯᠤᠭᠠᠳᠤᠢ ᠪᠠᠷ ᠤᠷᠤᠭ ᠤᠨᠠᠭᠠᠬᠰᠠᠨ ᠪᠤᠯ 15 ᠡᠳᠦᠷ ᠤᠨ ᠳᠠᠩᠰᠠ ᠲᠠᠶᠢᠯᠤᠨ᠎ᠠ︔ 7 ᠰᠠᠷ᠎ᠠ  ᠦᠩᠭᠡᠷᠡᠭᠡᠳ ᠣᠷᠤᠭ ᠤᠨᠠᠭᠠᠭᠰᠠᠨ  ᠪᠤᠯ ᠬᠡᠪ ᠤᠨ ᠬᠥᠩᠭᠡᠵᠢᠯᠳᠡ ᠪᠠᠷ ᠲᠠᠩᠰᠠ  ᠳᠠᠶᠢᠯᠤᠨ᠎ᠠ᠃ 2. ᠡᠷᠡᠭᠲᠡᠶ ᠠᠵᠢᠯᠲᠠᠨ᠄ ᠳᠡᠭᠡᠷ᠎ᠠ ᠵᠢᠯ ᠤᠨ ᠳᠤᠰ ᠬᠦᠮᠤᠨ ᠤ ᠬᠥᠩᠭᠡᠵᠢᠬᠦ ᠠᠴᠠ ᠡᠮᠦᠨᠡᠬᠢ 12 ᠰᠠᠷ᠎ᠠ ᠶᠢᠨ  ᠰᠤᠶᠢᠳᠭᠡᠯ ᠳᠤᠰᠢᠶᠠᠬᠰᠠᠨ ᠳᠤᠮᠳᠠᠴᠢ ᠴᠠᠯᠢᠩ᠃ ᠪᠠᠷᠢᠮᠵᠢᠶ᠎ᠠ ᠨᠢ᠄  ᠪᠦᠰᠡᠬᠦᠢ ᠨᠢ ᠬᠥᠩᠭᠡᠵᠢᠬᠦ ᠠᠴᠠ ᠡᠮᠤᠨᠡᠬᠢ 12 ᠰᠠᠷ᠎ᠠ ᠶᠢᠨ ᠳᠤᠰ ᠬᠥᠮᠦᠨ ᠤ ᠰᠠᠷ᠎ᠠ ᠳᠤᠮᠳᠠᠴᠢ ᠶᠢᠨ  ᠰᠤᠶᠢᠳᠭᠡᠯ ᠳᠤᠰᠢᠶᠠᠬᠰᠠᠨ ᠴᠠᠯᠢᠩ ᠢᠶᠠᠷ ᠰᠠᠭᠤᠷᠢ ᠲᠤᠭ᠎ᠠ ᠪᠤᠯᠭᠠᠵᠤ᠂ ᠪᠡᠷᠭᠡ ᠬᠦᠩᠭᠡᠵᠢᠭᠰᠡᠨ᠂ ᠬᠡᠪᠡᠯᠢ ᠬᠠᠭᠠᠯᠵᠤ ᠬᠥᠩᠭᠡᠵᠢᠭᠰᠡᠨ᠂ ᠣᠯᠠᠨ ᠬᠡᠦᠬᠡᠳ ᠲᠥᠷᠥᠭᠰᠡᠨ ᠪᠤᠯ᠂ 10 ᠡᠳᠦᠷ ᠤᠨ ᠰᠤᠪᠢᠯᠠᠯᠲᠠ ᠶᠢᠨ ᠨᠥᠬᠦᠪᠥᠷᠢ ᠮᠥᠩᠭᠦ ᠬᠦᠷᠲᠡᠭᠡᠵᠦ᠂ ᠬᠡᠪ ᠤᠨ ᠬᠥᠩᠭᠡᠵᠢᠭᠰᠡᠨ ᠪᠠᠶᠢᠪᠠᠯ 10 ᠡᠳᠤᠷ  ᠤᠨ ᠰᠤᠪᠢᠯᠠᠯᠲᠠ ᠶᠢᠨ ᠨᠥᠬᠦᠪᠥᠷᠢ ᠮᠥᠩᠭᠦ ᠬᠦᠷᠲᠡᠭᠡᠨ᠎ᠡ᠃ ᠤᠷᠤᠭ ᠤᠨᠠᠭᠠᠭᠰᠠᠨ ᠪᠠᠶᠢᠪᠠᠯ ᠰᠤᠪᠢᠯᠠᠯᠲᠠ ᠶᠢᠨ ᠨᠥᠬᠦᠪᠥᠷᠢ ᠮᠥᠩᠭᠦ ᠬᠦᠷᠳᠡᠬᠦ ᠦᠭᠡᠢ᠃   3 .  ᠬᠦᠩᠭᠡᠵᠢᠯ ᠤᠨ ᠡᠮ ᠡᠮᠨᠡᠯᠭᠡ ᠶᠢᠨ ᠵᠠᠷᠤᠳᠠᠯ ᠤᠨ ᠪᠠᠷᠢᠮᠵᠢᠶ᠎ᠠ ᠨᠢ ︵ᠬᠢᠵᠠᠭᠠᠷ ᠲᠤᠭ᠎ᠠ ᠪᠠᠷ ᠥᠭᠭᠦᠨ᠎ᠡ︶᠄ ᠬᠡᠪᠡᠯᠢ ᠬᠠᠭᠠᠯᠵᠤ ᠬᠥᠩᠭᠡᠵᠢᠭᠰᠡᠨ ᠪᠤᠯ 3500 ᠲᠥᠭᠦᠷᠢᠭ︔ ᠪᠡᠷᠬᠡ ᠬᠥᠩᠭᠡᠵᠢᠯᠲᠡ ᠪᠤᠶᠤ ᠣᠯᠠᠨ ᠬᠡᠦᠬᠡᠳ  ᠳᠦᠷᠦᠭᠰᠡᠨ ᠪᠤᠯ 2800 ᠲᠥᠭᠦᠷᠢᠭ︔ ᠬᠡᠪ ᠤᠨ ᠬᠥᠩᠭᠡᠵᠢᠯᠲᠡ ᠪᠤᠯ 2000 ᠲᠥᠭᠦᠷᠢᠭ︔ 4 ᠰᠠᠷ᠎ᠠ ᠦᠩᠭᠡᠷᠡᠭᠡᠳ ᠣᠷᠤᠭ ᠤᠨᠠᠭᠠᠭᠰᠠᠨ  ᠪᠤᠯ  1500 ᠲᠥᠭᠦᠷᠢᠭ︔ 4 ᠰᠠᠷ᠎ᠠ ᠠᠴᠠ ᠳᠡᠭᠡᠭᠰᠢ ᠬᠦᠷᠦᠭᠰᠡᠨ ᠦᠭᠡᠢ ᠪᠠᠷ ᠤᠷᠤᠭ ᠤᠨᠠᠭᠠᠭᠰᠠᠨ ᠪᠣᠯ 1500 ᠲᠥᠭᠦᠷᠢᠭ︔ ᠳᠥᠷᠪᠡᠨ ᠰᠠᠷ᠎ᠠ ᠪᠣᠯᠤᠯ ᠦᠭᠡᠢ ᠪᠠᠷ ᠣᠷᠤᠭ ᠤᠨᠠᠭᠠᠬᠰᠠᠨ ᠪᠤᠯ 900 ᠲᠥᠭᠦᠷᠢᠭ᠃  4. ᠨᠢᠭᠡ ᠤᠳᠠᠭ᠎ᠠ ᠶᠢᠨ ᠴᠢᠨᠠᠷᠲᠠᠶ ᠬᠥᠩᠭᠡᠵᠢᠯᠲᠡ ᠶᠢᠨ ᠰᠢᠮ᠎ᠡ ᠲᠡᠵᠢᠭᠡᠯ ᠤᠨ ᠨᠥᠬᠦᠪᠥᠷᠢ᠄ ᠪᠡᠷᠬᠡ ᠬᠥᠩᠭᠡᠵᠢᠭᠰᠡᠨ ᠪᠠ ᠬᠡᠪᠡᠯᠢ ᠬᠠᠭᠠᠯᠵᠤ ᠬᠥᠩᠭᠡᠵᠢᠭᠰᠡᠨ ᠪᠤᠶᠤ ᠣᠯᠠᠨ ᠬᠡᠤᠬᠡᠳ ᠳᠦᠷᠦᠭᠰᠡᠨ  ᠪᠣᠯ 1300 ᠲᠥᠭᠦᠷᠢᠭ︔ ᠬᠡᠪ ᠤᠨ ᠬᠥᠩᠭᠡᠵᠢᠯᠲᠡ ᠪᠤᠯ᠂ 700 ᠲᠥᠭᠦᠷᠢᠭ︔ ᠣᠷᠤᠭ ᠤᠨᠠᠭᠠᠭᠰᠠᠨ ᠪᠤᠯ᠂ 400 ᠲᠥᠭᠦᠷᠢᠭ᠃  5. ᠲᠥᠯᠥᠪᠯᠡᠭᠡ ᠲᠠᠢ ᠪᠠᠷ ᠬᠡᠦᠬᠡᠳ ᠠᠪᠬᠤ ᠮᠡᠰᠡ ᠵᠠᠰᠠᠯ ᠤᠨ ᠵᠠᠷᠤᠳᠠᠯ ᠤᠨ ᠪᠠᠷᠢᠮᠵᠢᠶ᠎ᠠ ᠨᠢ ︵ᠬᠢᠵᠠᠭᠠᠷ ᠲᠤᠭ᠎ᠠ ᠪᠠᠷ ᠤᠯᠭᠤᠨ᠎ᠠ︶᠄ ᠬᠡᠦᠬᠡᠨ ᠬᠡᠪᠲᠡᠰᠢ ᠶᠢᠨ ᠳᠣᠲᠣᠷᠠᠬᠢ ᠵᠢᠷᠮᠤᠰᠤᠯᠡᠬᠦ ᠶᠢ ᠬᠤᠷᠢᠭᠯᠠᠬᠤ ᠪᠠᠭᠠᠵᠢ ᠳᠠᠯᠪᠢᠬᠤ ︵ᠭᠠᠷᠭᠠᠨ ᠠᠪᠬᠤ︶ ᠮᠡᠰᠡ ᠵᠠᠰᠠᠯ ᠤᠨ ᠵᠠᠷᠤᠳᠠᠯ  110 ᠲᠥᠭᠦᠷᠢᠭ︔ ᠣᠷᠤᠭ ᠤᠨᠠᠭᠠᠬᠤ ᠮᠡᠰᠡ ᠵᠠᠰᠠᠯ ᠤᠨ ᠵᠠᠷᠤᠳᠠᠯ 400 ᠲᠥᠭᠦᠷᠢᠭ︔ ᠥᠳᠥᠭᠡᠨ ᠬᠥᠩᠭᠡᠵᠢᠭᠦᠯᠬᠦ ᠮᠡᠰᠡ ᠵᠠᠰᠠᠯ ᠤᠨ ᠵᠠᠷᠤᠳᠠᠯ 1700 ᠲᠥᠭᠦᠷᠢᠭ︔  ᠵᠢᠷᠮᠤᠰᠤᠯᠡᠬᠦ ᠶᠢ ᠵᠣᠭᠰᠣᠭᠠᠬᠤ ᠮᠡᠰᠡ ᠵᠠᠰᠠᠯ ᠤᠨ ᠵᠠᠷᠤᠳᠠᠯ 1100 ᠲᠥᠭᠦᠷᠢᠭ︔ ᠳᠠᠬᠢᠨ  ᠵᠢᠷᠮᠤᠰᠤᠯᠡᠬᠦᠯᠬᠦ  ᠮᠡᠰᠡ ᠵᠠᠰᠠᠯ ᠤᠨ ᠵᠠᠷᠤᠳᠠᠯ 3250 ᠳᠦᠬᠦᠷᠢᠭ︔ ᠲᠥᠯᠥᠪᠯᠡᠭᠡ ᠲᠠᠢ ᠪᠠᠷ ᠬᠡᠤᠬᠡᠳ ᠠᠪᠬᠤ ᠮᠡᠰᠡ ᠵᠠᠰᠠᠯ ᠤᠨ ᠵᠠᠷᠤᠳᠠᠯ ᠢ ᠬᠢᠵᠠᠭᠠᠷᠯᠠᠭᠰᠠᠨ ᠲᠣᠭᠠᠨ ᠤ ᠳᠣᠲᠣᠷ᠎ᠠ  ᠪᠠᠶᠢᠪᠠᠯ ᠪᠣᠳᠠᠲᠠᠶ ᠵᠠᠷᠤᠳᠠᠯ ᠤᠨ ᠶᠣᠰᠣᠭᠠᠷ ᠤᠯᠭᠤᠵᠤ᠂ ᠬᠢᠵᠠᠭᠠᠷᠯᠠᠭᠰᠠᠨ ᠲᠤᠭ᠎ᠠ ᠠᠴᠠ ᠬᠡᠲᠦᠷᠡᠭᠰᠡᠨ ᠪᠠᠶᠢᠪᠠᠯ ᠬᠢᠵᠠᠭᠠᠷᠯᠠᠭᠰᠠᠨ ᠲᠣᠭᠠᠨ ᠤ ᠪᠠᠷᠢᠮᠵᠢᠶ᠎ᠠ ᠪᠠᠷ  ᠤᠯᠭᠤᠨ᠎ᠠ᠃   ᠬᠤᠶᠠᠷ᠂ ᠵᠠᠰᠠᠭ  ᠵᠠᠬᠢᠷᠭ᠎ᠠ ᠠᠵᠢᠯ  ᠤᠶᠢᠯᠡᠰ ᠤᠨ  ᠨᠢᠭᠡᠴᠢ ᠶᠢᠨ ᠠᠯᠪᠠᠲᠠᠨ ᠤ  ᠬᠦᠩᠭᠡᠵᠢᠯ ᠤᠨ ᠲᠠᠩᠰᠠ ᠲᠠᠶᠢᠯᠬᠤ   ᠠᠯᠪᠠᠲᠠᠨ ᠤ ᠡᠮ ᠡᠮᠨᠡᠯᠭᠡ ᠶᠢᠨ ᠲᠤᠰᠠᠯᠠᠮᠵᠢ ᠶᠢᠨ ᠡᠲᠡᠭᠡᠳ ᠤᠨ  ᠬᠡᠤᠬᠡᠳ ᠠᠪᠬᠤ ︵ ᠬᠡᠤᠬᠡᠳ ᠠᠪᠬᠤ ᠪᠠ ᠤᠷᠤᠭ ᠤᠨᠠᠭᠠᠬᠤ ᠪᠠᠭᠲᠠᠨ᠎ᠠ︶ ᠠᠴᠠ ᠪᠣᠯᠵᠤ ᠬᠦᠷᠲᠡᠬᠦ ᠲᠤᠰᠠᠯᠠᠮᠵᠢ ᠳᠤ ᠲᠤᠰ ᠬᠤᠭᠤᠴᠠᠭᠠᠨ ᠳᠤ ᠡᠭᠦᠰᠦᠭᠰᠡᠨ ᠡᠮᠨᠡᠯᠭᠡ ᠳᠤ ᠰᠠᠭᠤᠭᠰᠠᠨ ᠡᠮᠨᠡᠯᠭᠡ ᠶᠢᠨ ᠵᠠᠷᠤᠳᠠᠯ ︵ᠳᠠᠩᠰᠠ ᠲᠠᠶᠢᠯᠬᠤ ᠬᠠᠷᠢᠴᠠᠯ ᠨᠢ 100%︶ ᠤᠨ ᠨᠢᠭᠡ ᠯᠡ ᠤᠳᠠᠭᠠᠨ ᠤ ᠴᠢᠨᠠᠷᠲᠠᠶ ᠬᠥᠩᠭᠡᠵᠢᠯᠲᠡ ᠶᠢᠨ ᠰᠢᠮ᠎ᠡ ᠲᠡᠵᠢᠭᠡᠯ ᠤᠨ ᠲᠤᠰᠠᠯᠠᠮᠵᠢ ᠶᠢ ᠪᠠᠭᠲᠠᠭᠠᠨ᠎ᠠ᠃ ᠡᠭᠦᠨ ᠳᠤ ᠨᠢᠭᠡ ᠤᠳᠠᠭ᠎ᠠ ᠶᠢᠨ ᠴᠢᠨᠠᠷᠲᠠᠶ ᠬᠥᠩᠭᠡᠵᠢᠯᠲᠡ ᠶᠢᠨ ᠰᠢᠮ᠎ᠡ ᠲᠡᠵᠢᠭᠡᠯ ᠤᠨ ᠲᠤᠰᠠᠯᠠᠮᠵᠢ ᠶᠢᠨ ᠰᠤᠶᠢᠳᠭᠡᠯ ᠣᠯᠭᠤᠬᠤ ᠳᠤ 400 ᠲᠥᠭᠦᠷᠢᠭ᠂ ᠰᠢᠭᠤᠳ ᠬᠥᠩᠭᠡᠵᠢᠭᠰᠡᠨ ᠳᠤ 700 ᠲᠥᠭᠦᠷᠢᠭ᠂ ᠰᠠᠪᠠ ᠬᠠᠭᠠᠯᠤᠭᠰᠠᠨ ᠬᠦᠩᠭᠡᠵᠢᠯ᠂ ᠪᠡᠷᠬᠡ ᠬᠥᠩᠭᠡᠵᠢᠯᠲᠡ᠂ ᠣᠯᠠᠨ  ᠬᠡᠤᠬᠡᠳ ᠳᠦᠷᠦᠭᠰᠡᠨ ᠳᠤ 1300 ᠲᠥᠭᠦᠷᠢᠭ ᠤᠨ ᠪᠠᠷᠢᠮᠵᠢᠶ᠎ᠠ ᠪᠠᠷ ᠬᠡᠷᠡᠭᠵᠢᠭᠦᠯᠦᠨ᠎ᠡ᠃ ᠬᠦᠩᠭᠡᠵᠢᠯ ᠤᠨ ᠨᠦᠬᠦᠪᠤᠷᠢ᠂ ᠡᠷᠡᠭᠲᠡᠶ ᠠᠵᠢᠯᠲᠠᠨ  ᠤ ᠠᠮᠠᠷᠠᠯᠲᠠ ᠶᠢᠨ ᠬᠤᠭᠤᠴᠠᠭᠠᠨ ᠤ  ᠨᠦᠬᠦᠪᠤᠷᠢ ᠬᠦᠷᠳᠡᠬᠦ ᠥᠬᠡᠶ᠃                                               ᠵᠡᠭᠦᠨᠭᠠᠷ ᠬᠤᠰᠢᠭᠤᠨ ᠤ ᠡᠮ ᠡᠮᠨᠡᠯᠭᠡ ᠶᠢᠨ ᠳᠠᠭᠠᠳᠬᠠᠯ ᠤᠨ ᠤᠶᠢᠯᠡᠴᠢᠯᠡᠭᠡᠨ ᠤ ᠲᠥᠪ                                       2020 ᠣᠨ ᠤ 11 ᠰᠠᠷ᠎ᠠ ᠶᠢᠨ 16 ᠤ ᠡᠳᠦᠷ 
ᠢᠷᠡᠯᠲᠡ᠄ ᠵᠡᠬᠦᠠᠭᠠᠷ ᠬᠤᠰᠢᠭᠤᠨ ᠤ ᠡᠮ ᠡᠮᠨᠡᠯᠭᠡ ᠶᠢᠨ ᠳᠠᠭᠠᠳᠬᠠᠯ ᠤᠨ ᠤᠶᠢᠯᠡᠴᠢᠯᠡᠭᠡᠨ ᠤ ᠳᠦᠪ